ᠮᠤᠩᠭᠤᠯ ᠦᠨᠳᠦᠰᠦᠳᠡᠨ ᠤ ᠠᠮᠢᠳᠤᠷᠠᠯ ᠤᠨ ᠠᠯᠢᠪᠠ ᠵᠠᠩ ᠲᠠᠳᠬᠠᠯ ᠦᠨᠳᠦᠰᠦᠨ ᠳᠡᠭᠡᠨ ᠠᠳᠠᠯᠢᠪᠳᠤᠷ | ᠪᠠᠶᠢᠳᠠᠭ ᠪᠤᠯᠪᠠᠴᠤ ᠡᠯ᠎ᠡ ᠠᠶᠢᠮᠠᠭ ᠤᠭᠰᠠᠭ᠎ᠠ᠂ ᠭᠠᠵᠠᠷ ᠤᠷᠤᠨ ᠤ ᠵᠠᠩ ᠲᠠᠳᠬᠠᠯ ᠨᠡᠯᠢᠶᠡᠳ ᠵᠦᠷᠢᠶ᠎ᠡ ᠲᠠᠢ | ᠪᠠᠶᠢᠳᠠᠭ᠃ | ᠲᠠᠶᠢᠹᠤᠰᠧ ᠬᠤᠰᠢᠭᠤ ᠪᠤᠯ ᠤᠤᠯ ᠤᠨ ᠴᠠᠬᠠᠷ ᠤᠨ ᠬᠦᠪᠡᠭᠡᠳᠦ ᠰᠢᠷ᠎ᠠ᠂ ᠬᠦᠯᠦ ᠴᠠᠭᠠᠨ᠂ ᠬᠦᠪᠡᠭᠡᠳᠦ | ᠴᠠᠭᠠᠨ᠂ ᠬᠦᠯᠦ ᠬᠦᠭᠡ ᠵᠡᠷᠭᠡ ᠵᠡᠬᠦᠨ ᠭᠠᠷ ᠤᠨ ᠲᠦᠷᠪᠡᠨ ᠬᠤᠰᠢᠭᠤ ᠠᠴᠠ ᠠᠶᠢᠯ ᠡᠷᠦᠬᠡ ᠲᠠᠳᠠᠵᠤ | ᠪᠠᠶᠢᠭᠤᠯᠤᠭᠰᠠᠨ ᠪᠤᠯᠬᠤᠷ ᠡᠯ᠎ᠡ ᠬᠤᠰᠢᠭᠤᠳ ᠤᠨ ᠵᠠᠩ ᠦᠢᠯᠡ ᠶᠢᠨ ᠵᠦᠷᠢᠶ᠎ᠡ ᠴᠤ ᠨᠡᠯᠢᠶᠡᠳ ᠤᠷᠤᠰᠢᠵᠤ ᠪᠠᠶᠢᠳᠠᠭ | ᠃ | ᠲᠡᠦᠬᠡᠨ ᠨᠦᠬᠦᠴᠡᠯ ᠠᠴᠠ ᠪᠤᠯᠵᠤ ᠦᠩᠭᠡᠷᠡᠭᠰᠡᠨ ᠤ ᠪᠠᠶᠠᠳ ᠨᠤᠶᠠᠳ ᠪᠤᠯᠤᠨ ᠬᠠᠷᠠᠴᠤ ᠠᠷᠠᠳ ᠤᠨ | ᠬᠤᠭᠤᠷᠤᠨᠳᠤ ᠴᠤ ᠡᠳᠦᠢ ᠲᠡᠳᠦᠢ ᠵᠦᠷᠢᠶᠡᠨ ᠲᠠᠢ ᠪᠠᠶᠢᠳᠠᠭ ᠪᠠᠶᠢᠵᠠᠢ᠃ ᠠᠳᠡ ᠪᠢᠳᠡ ᠦᠨᠳᠦᠰᠦᠳᠡᠨ ᠤ ᠪᠠᠨ | ᠲᠡᠦᠬᠡ ᠰᠤᠶᠤᠯ ᠢ ᠵᠠᠯᠭᠠᠮᠵᠢᠯᠠᠨ ᠰᠤᠳᠤᠯᠵᠤ᠂ ︽ᠰᠠᠶᠢᠨ ᠢ ᠨᠢ ᠠᠪᠴᠤ ᠰᠢᠭᠠᠷᠤ ᠶᠢ ᠨᠢ ᠭᠡᠭᠡᠬᠦ︾ ᠵᠠᠷᠴᠢᠮ ᠢ | ᠪᠠᠷᠢᠮᠳᠠᠯᠠᠨ᠂ ᠮᠠᠨ ᠤ ᠬᠤᠰᠢᠭᠤᠨ ᠤ ᠪᠠᠨ ᠦᠷᠭᠡᠨ ᠤᠯᠠᠨ ᠮᠠᠯᠴᠢᠨ ᠲᠦᠮᠡᠨ ᠤ ᠲᠤᠮᠳᠠ ᠨᠡᠶᠢᠳᠡᠮ | ᠭᠡᠷᠡᠭᠵᠢᠬᠦᠯᠦᠭᠳᠡᠨ ᠢᠷᠡᠭᠰᠡᠨ ᠰᠠᠶᠢᠨ ᠰᠠᠶᠢᠬᠠᠨ ᠵᠠᠩ ᠦᠢᠯᠡ ᠶᠢ ᠵᠠᠯᠭᠠᠮᠵᠢᠯᠠᠨ ᠤᠯᠠᠮᠵᠢᠯᠠᠬᠤ ᠪᠠᠷ ᠵᠤᠷᠢᠯᠭ᠎ᠠ | ᠪᠤᠯᠭᠠᠵᠤ᠂ ᠦᠷᠭᠡᠨ ᠤᠯᠠᠨ ᠠᠬᠠᠮᠠᠳ ᠲᠤᠮᠤᠭᠠᠳᠠᠨ ᠨᠠᠷ ᠤᠨ ᠰᠠᠨᠠᠯ ᠵᠦᠪᠯᠡᠯᠬᠡ ᠶᠢ ᠬᠢᠴᠢᠶᠡᠩᠬᠦᠶᠢᠯᠡᠨ ᠰᠤᠨᠤᠰᠴᠤ᠂ | ᠲᠤᠰ ᠡᠮᠬᠢᠳᠭᠡᠯ ᠢ ᠨᠠᠶᠢᠷᠠᠭᠤᠯᠤᠨ ᠪᠢᠴᠢᠪᠡ᠃ | ᠬᠦᠦ ᠦᠰᠪᠡᠯ ᠪᠡᠷᠢ ᠪᠠᠭᠤᠯᠭᠠᠵᠤ᠂ ᠬᠡᠦᠬᠡᠨ ᠦᠰᠪᠡᠯ ᠬᠠᠷᠢ ᠳᠤ ᠪᠤᠭᠳᠤᠯᠬᠤ ᠨᠢ ᠬᠦᠮᠦᠨ ᠲᠦᠷᠦᠯᠬᠢᠳᠡᠨ | ᠤ ᠡᠩ ᠤᠨ ᠵᠢᠮ᠎ᠡ ᠶᠤᠰᠤ ᠪᠤᠯᠬᠤᠷ ᠮᠠᠨ ᠤ ᠨᠤᠳᠤᠭ ᠲᠤ ᠴᠤ ᠬᠦᠪᠡᠬᠦᠨ ᠠᠷᠪᠠᠨ ᠨᠠᠢᠮᠠ ᠂ ᠦᠬᠢᠨ ᠠᠷᠪᠠᠨ | ᠵᠢᠷᠭᠤᠭᠠᠨ ᠪᠦᠬᠦᠯᠢ ᠨᠠᠰᠤ ᠬᠦᠷᠪᠡᠯ ᠤᠷᠤᠭ ᠬᠤᠯᠪᠤᠵᠤ ᠪᠤᠯᠳᠠᠭ ᠪᠠᠶᠢᠵᠠᠢ᠃ ᠴᠢᠯᠦᠭᠡᠯᠡᠭᠳᠡᠬᠦ ᠠᠴᠠ ᠡᠮᠦᠨ᠎ᠡ ︽ | ᠰᠠᠶᠢᠨ ᠲᠤᠷ᠎ᠠ ᠶᠢᠨ ᠤᠷᠤᠭ︾ ᠭᠡᠵᠦ ᠬᠠᠤᠯᠢ ᠪᠠᠶᠢᠬᠤ ᠦᠬᠡᠢ ᠬᠠᠷᠢᠨ ᠠᠪᠤ ᠡᠵᠢ ᠨᠢ ᠶᠠᠮᠠᠷ ᠠᠶᠢᠯ ᠤᠨ ᠬᠡᠦᠬᠡᠨ ᠢ | ᠬᠦᠦ ᠳᠡᠭᠡᠨ ᠭᠤᠶᠤᠬᠤ᠂ ᠠᠯᠢ ᠠᠶᠢᠯ ᠤᠨ ᠬᠦᠦ ᠳᠤ ᠦᠬᠢᠨ ᠢᠶᠠᠨ ᠦᠭᠬᠦ ᠶᠢ ᠲᠤᠭᠳᠠᠭᠠᠳᠠᠭ ᠪᠠᠶᠢᠪᠠ᠃ | ᠦᠨᠦᠴᠢᠨ ᠦᠷᠦᠭᠡᠰᠦᠨ ᠭᠡᠦᠬᠡᠳ ᠢ ᠪᠤᠯ ᠠᠬ᠎ᠠ ᠡᠬᠡᠴᠢ᠂ ᠲᠦᠷᠦᠯ ᠰᠠᠳᠤᠨ ᠨᠢ ᠪᠤᠶᠤ ᠠᠶᠢᠯ ᠤᠰᠤᠨ ᠤ ᠬᠢᠨᠢ | ᠠᠬᠠᠮᠠᠳ ᠲᠤᠮᠤᠭᠠᠳᠠᠨ ᠨᠠᠷ ᠶᠠᠷᠢᠯᠴᠠᠨ ᠲᠤᠭᠳᠠᠭᠠᠵᠤ ᠭᠡᠷᠯᠡᠬᠦᠯᠳᠡᠭ ᠴᠤ ᠪᠠᠶᠢᠵᠠᠢ᠃ ︽ᠦᠨᠳᠦᠷ ᠰᠠᠷᠠᠪᠴᠢᠨ | ᠠᠴᠠ ᠪᠡᠷᠢ ᠭᠤᠶᠤᠬᠤ ᠦᠬᠡᠢ᠂ ᠪᠤᠭᠤᠨᠢ ᠰᠠᠷᠠᠪᠴᠢᠨ ᠳᠤ ᠬᠡᠦᠬᠡᠨ ᠢᠶᠠᠨ ᠦᠭᠬᠦ ᠦᠬᠡᠢ᠂ ᠡᠬᠦᠳᠡ ᠡᠷᠦᠬᠡ | ᠲᠡᠩᠴᠡᠬᠦᠦ︾ ᠪᠠᠶᠢᠬᠤ ᠶᠢ ᠡᠷᠬᠢᠮᠯᠡᠳᠡᠭ ᠨᠢ ᠬᠡᠦᠭᠡᠳ ᠠᠴᠢᠷ ᠤᠨ ᠢᠶᠠᠨ ᠡᠷᠭᠡ ᠲᠡᠭᠰᠢ ᠵᠤᠯ ᠵᠢᠷᠭᠠᠯ ᠲᠠᠢ | ᠠᠮᠢᠳᠤᠷᠠᠬᠤ ᠶᠢ ᠪᠤᠳᠤᠯᠬᠢᠯᠠᠭᠰᠠᠨ ᠰᠠᠶᠢᠨ ᠰᠠᠶᠢᠬᠠᠨ ᠰᠠᠨᠠᠭ᠎ᠠ ᠪᠠᠶᠢᠭ᠎ᠠ ᠶᠤᠮ᠃ ᠡᠬᠦᠨᠴᠡ ᠭᠠᠳᠠᠨ᠎ᠠ ᠪᠠᠰᠠ ᠴᠢᠰᠤᠨ | ᠲᠦᠷᠦᠯ ᠤᠨ ᠬᠤᠭᠤᠷᠤᠨᠳᠤ ᠪᠠᠨ ᠬᠠᠷᠢᠯᠴᠠᠨ ᠬᠤᠷᠢᠮᠯᠠᠬᠤ ᠶᠢ ᠴᠡᠭᠡᠷᠯᠡᠵᠦ᠂ ᠨᠠᠰᠤ ᠵᠢᠯ ᠬᠤᠷᠠᠭ ᠪᠠᠶᠢᠬᠤ ᠶᠢ | ᠡᠷᠬᠢᠮᠯᠡᠳᠡᠭ ᠪᠠᠶᠢᠵᠠᠢ᠃ | ᠪᠡᠷᠢ ᠭᠤᠶᠤᠬᠤ ᠶᠠᠪᠤᠴᠠ ᠪᠤᠯ ᠶᠡᠷᠦᠨᠢ ᠬᠦᠦ ᠲᠠᠯ᠎ᠠ ᠶᠢᠨ ᠬᠢᠨ ᠶᠠᠮᠠᠷ ᠠᠶᠢᠯ ᠤᠨ ᠬᠡᠦᠬᠡᠨ ᠢ ᠬᠦᠦ ᠳᠡᠭᠡᠨ | ᠭᠤᠶᠤᠬᠤ ᠪᠠᠷ ᠵᠢᠱᠢᠵᠦ ᠲᠤᠭᠳᠠᠭᠰᠠᠨ ᠤ ᠲᠠᠷᠠᠭ᠎ᠠ ᠤᠷᠢᠳᠠᠪᠠᠷ ᠠᠶᠢᠯ ᠤᠰᠤᠨ ᠤ ᠪᠠᠨ ᠬᠦᠨᠳᠦᠳᠦ ᠲᠤᠮᠤᠭᠠᠳᠠᠨ᠂ | ᠡᠯᠢᠬᠡ ᠪᠦᠳᠦᠨ ︵ᠡᠷᠡᠭᠳᠡᠢ ᠡᠮᠡᠭᠳᠡᠢ ᠬᠤᠶᠠᠭᠤᠯᠠ ᠪᠠᠨ ᠪᠠᠶᠢᠭ᠎ᠠ︶ ᠬᠦᠮᠦᠨ ᠢ ᠭᠤᠶᠤᠵᠤ ᠵᠠᠭᠤᠴᠢ ᠪᠤᠯᠭᠠᠨ᠂ | ᠦᠯᠵᠡᠢ ᠪᠡᠯᠭᠡ ᠲᠠᠢ ᠰᠠᠶᠢᠨ ᠡᠳᠦᠷ ᠢ ᠰᠤᠩᠭᠤᠵᠤ ᠬᠡᠦᠬᠡᠨ ᠤ ᠭᠡᠷ ᠲᠤ ᠤᠴᠢᠭᠤᠯᠤᠨ᠂ ᠰᠠᠨᠠᠭ᠎ᠠ ᠪᠠᠨ ᠶᠤᠰᠤᠷᠬᠠᠭ | ᠰᠠᠶᠢᠬᠠᠨ ᠢᠶᠠᠷ ᠢᠯᠡᠳᠭᠡᠨ᠎ᠡ᠃ ᠡᠬᠦᠨ ᠢ ᠵᠠᠷᠢᠮ ᠭᠠᠵᠠᠷ ᠨᠢ ᠪᠠᠰᠠ ︽ᠪᠡᠷᠢ ᠲᠤᠷᠠᠰᠬᠤ︾ ᠭᠡᠵᠦ ᠬᠡᠯᠡᠳᠡᠭ᠃ | ᠬᠡᠦᠬᠡᠨ ᠲᠠᠯ᠎ᠠ ᠶᠢᠨ ᠬᠢᠨ ᠨᠢᠬᠡᠯᠡ ᠲᠡᠭᠡᠷ᠎ᠡ ᠵᠦᠪᠰᠢᠶᠡᠷᠡᠬᠦ ᠡᠰᠡᠬᠦ ᠪᠠᠨ ᠢᠯᠡᠳᠭᠡᠳᠡᠭ ᠦᠬᠡᠢ᠂ ᠬᠠᠷᠢᠨ ︽ᠨᠠᠭᠠᠴᠤ | ᠨᠠᠷ ᠠᠴᠠ ᠨᠢ ᠠᠰᠠᠭᠤᠵᠤ ᠦᠵᠡᠶ᠎ᠡ᠂ ᠠᠬᠠᠮᠠᠳ ᠲᠤᠮᠤᠭᠠᠳᠠᠨ ᠲᠠᠢ ᠪᠠᠨ ᠶᠠᠷᠢᠯᠴᠠᠵᠤ ᠪᠠᠶᠢᠭᠠᠳ ᠪᠤᠯᠤᠶ᠎ᠠ︾ ᠭᠡᠬᠦ | ᠮᠡᠳᠦ ᠶᠢᠨ ᠰᠢᠯᠳᠠᠭ ᠬᠡᠯᠡᠵᠦ ᠶᠠᠪᠤᠭᠤᠯᠳᠠᠭ᠃ ᠡᠬᠦᠨ ᠠᠴᠠ ᠡᠬᠢᠯᠡᠨ ︽ᠬᠠᠳᠠᠭ ᠲᠠᠯᠪᠢᠬᠤ︾ ᠬᠦᠷᠳᠡᠯ᠎ᠡ ᠵᠠᠭᠤᠴᠢ | ᠨᠢ ᠭᠡᠳᠦ ᠬᠡᠳᠦᠨ ᠤᠳᠠᠭ᠎ᠠ ᠭᠡᠦᠬᠡᠨ ᠤ ᠭᠡᠷ ᠲᠤ ᠤᠴᠢᠵᠤ᠂ ᠬᠦᠦ ᠶᠢᠨ ᠲᠠᠯ᠎ᠠ ᠶᠢ ᠲᠠᠨᠢᠯᠴᠠᠭᠤᠯᠬᠤ ᠪᠠ | ᠤᠶᠢᠯᠠᠭᠠᠯᠴᠠᠭᠤᠯᠳᠠᠭ᠃ ᠵᠠᠭᠤᠴᠢ ᠬᠦᠮᠦᠨ ︽ᠮᠤᠷᠢ ᠪᠠᠨ ᠡᠴᠡᠳᠡᠯᠡ ᠵᠠᠮ ᠭᠠᠷᠳᠠᠯ᠎ᠠ ᠶᠠᠪᠤᠨ᠎ᠠ︾ ᠭᠡᠳᠡᠭ ᠨᠢ | ᠨᠡᠯᠢᠶᠡᠳ ᠤᠯᠠᠨ ᠤᠳᠠᠭ᠎ᠠ ᠶᠠᠪᠤᠯᠴᠠᠳᠠᠭ ᠢ ᠭᠡᠯᠡᠭᠰᠡᠨ ᠪᠠᠶᠢᠬ᠎ᠠ᠃ | ᠬᠡᠦᠬᠡᠨ ᠤ ᠲᠠᠯ᠎ᠠ ᠠᠴᠠ ᠬᠦᠦ ᠲᠠᠯ᠎ᠠ ᠶᠢᠨ ᠭᠤᠶᠤᠴᠢᠯᠠᠯ ᠢ ᠵᠦᠪᠰᠢᠶᠡᠷᠡᠭᠰᠡᠨ ᠤ ᠲᠠᠷᠠᠭ᠎ᠠ ︽ᠬᠠᠳᠠᠭ | ᠲᠠᠯᠪᠢᠬᠤ︾ ᠶᠠᠪᠤᠴᠠ ᠪᠠᠶᠢᠳᠠᠭ᠃ ︽ᠬᠠᠳᠠᠭ ᠲᠠᠯᠪᠢᠬᠤ︾ ᠪᠤᠯ ᠬᠦᠦ ᠲᠠᠯ᠎ᠠ ᠶᠢᠨ ᠨᠢᠬᠡ ᠠᠬᠠᠮᠠᠳ ᠲᠤᠮᠤᠭᠠᠳᠠᠨ ᠂ | ᠵᠠᠭᠤᠴᠢ᠂ ᠬᠦᠦ ᠲᠠᠢ ᠪᠠᠨ ᠭᠤᠷᠪᠠᠭᠤᠯᠠ ᠬᠡᠦᠬᠡᠨ ᠤ ᠭᠡᠷ ᠲᠤ ᠬᠠᠳᠠᠭ᠂ ᠠᠷᠢᠭᠢ᠂ ᠰᠢᠬᠦᠰᠦ ᠵᠡᠷᠭᠡ ᠪᠡᠯᠡᠭ | ᠰᠠᠯᠳᠠ ᠠᠪᠴᠤ ᠤᠴᠢᠨ᠂ ᠪᠤᠷᠬᠠᠨ ᠳᠤᠨᠢ ᠵᠤᠯᠠ ᠬᠦᠵᠢ ᠬᠠᠳᠠᠭ ᠲᠠᠢ ᠡᠷᠬᠦᠨ᠂ ᠠᠬᠠᠮᠠᠳ ᠲᠤᠨᠢ ᠬᠠᠳᠠᠭ | ᠲᠠᠯᠪᠢᠨ ᠠᠷᠢᠬᠢ ᠪᠠᠷᠢᠵᠤ ᠵᠦᠢ ᠶᠤᠰᠤ ᠪᠠᠨ ᠬᠦᠢᠴᠡᠳᠭᠡᠬᠦ ᠶᠢ ᠬᠡᠯᠡᠨ᠎ᠡ᠃ ᠡᠨᠡ ᠤᠳᠠᠭ᠎ᠠ ᠬᠦᠦ ᠲᠠᠯ᠎ᠠ ᠠᠴᠠ | ᠰᠤᠩᠭᠤᠨ ᠲᠤᠭᠳᠠᠭᠠᠭᠰᠠᠨ ᠡᠳᠦᠷ ᠰᠠᠷ᠎ᠠ ᠪᠠᠨ ᠮᠡᠳᠡᠭᠳᠡᠵᠦ᠂ ᠪᠡᠷᠢ ᠲᠤᠰᠴᠤ ᠬᠦᠷᠭᠡᠬᠦ ᠬᠦᠮᠦᠨ ᠤ ᠲᠤᠭ᠎ᠠ ᠵᠡᠷᠭᠡ | ᠪᠤᠳᠠᠳᠠᠢ ᠵᠦᠢᠯ ᠢᠶᠠᠨ ᠬᠡᠯᠡᠯᠴᠡᠨ ᠲᠤᠭᠳᠠᠳᠠᠭ ︵ᠶᠡᠷᠦᠨᠢ ᠬᠦᠦ ᠲᠠᠯ᠎ᠠ ᠠᠴᠠ 5 — 7 ᠬᠦᠮᠦᠨ ᠪᠡᠷᠢ ᠲᠤᠰᠬᠤ | ᠪᠠᠷ ᠤᠴᠢᠵᠤ᠂ ᠬᠡᠦᠬᠡᠨ ᠲᠠᠯ᠎ᠠ ᠠᠴᠠ 7 — 9 ᠬᠦᠮᠦᠨ ᠬᠡᠦᠬᠡᠨ ᠢᠶᠠᠨ ᠬᠦᠷᠭᠡᠳᠡᠭ᠃ ᠬᠤᠶᠠᠷ ᠲᠠᠯ᠎ᠠ ᠶᠢᠨ | ᠬᠦᠮᠦᠨ ᠤ ᠲᠤᠭ᠎ᠠ ᠨᠢ ᠲᠤᠰ ᠲᠤᠰ ᠦᠷᠦᠭᠡᠰᠦᠨ ᠲᠤᠭ᠎ᠠ ᠪᠠᠶᠢᠵᠤ᠂ ᠬᠠᠮᠳᠤᠷᠠᠭᠠᠳ ᠬᠤᠤᠰ ᠲᠤᠭ᠎ᠠ ᠪᠤᠯᠵᠤ | ᠬᠦᠷᠭᠡᠨ ᠤ ᠳᠤ ᠢᠷᠡᠳᠡᠭ ᠶᠤᠰᠤ ᠲᠠᠢ᠃ ᠪᠡᠷᠢ ᠲᠤᠰᠬᠤ ᠳᠤ ᠡᠮᠡᠭᠳᠡᠢ ᠬᠦᠮᠦᠨ ᠤᠴᠢᠳᠠᠭ ᠦᠬᠡᠢ᠃ ᠬᠡᠦᠬᠡᠨ | ᠬᠦᠷᠬᠡᠬᠦ ᠳᠤ ᠬᠤᠳᠠᠭᠠᠢ᠂ ᠪᠡᠷᠭᠡᠨ ᠵᠠᠪᠠᠯ ᠬᠦᠷᠭᠡᠬᠦ ᠭᠡᠷᠡᠭᠳᠡᠢ ᠪᠦᠬᠡᠳ ᠬᠡᠦᠬᠡᠨ ᠲᠡᠬᠦᠦᠨᠡᠷ ᠨᠢ ᠴᠤ ᠬᠦᠷᠭᠡᠳᠡᠭ ︶᠃ | ᠬᠠᠳᠠᠭ ᠲᠠᠯᠪᠢᠬᠤ ᠦᠶᠡᠰ᠂ ᠨᠤᠶᠠᠳ ᠪᠠᠶᠠᠳ ᠵᠤᠭᠤᠰ ᠮᠦᠩᠬᠦ ᠲᠠᠢ ᠬᠦᠮᠦᠰ ᠨᠢ ᠪᠠᠰᠠ ᠪᠤᠳᠠ ᠪᠤᠭ ᠮᠠᠯ | ᠲᠡᠷᠢᠬᠦᠳᠡᠢ ᠶᠢᠰᠦᠨ ᠶᠢᠰᠦ ᠶᠢᠨ ᠪᠡᠯᠡᠭ ᠰᠠᠯᠳᠠ ᠠᠪᠴᠤ ᠦᠭᠬᠦ ᠪᠠᠨ ᠬᠠᠷᠢᠯᠴᠠᠨ ᠶᠠᠷᠢᠯᠴᠠᠨ᠂ ᠦᠪᠡᠷᠰᠡᠳ ᠤᠨ | ᠢᠶᠠᠨ ᠡᠳ᠋ ᠬᠦᠷᠦᠩᠬᠡ ᠪᠠᠨ ᠭᠠᠶᠢᠬᠠᠭᠤᠯᠵᠤ ᠮᠦᠴᠡᠭᠡᠷᠭᠡᠳᠡᠭ ᠴᠤ ᠵᠦᠩᠳᠡᠭᠡᠨ ᠪᠠᠶᠢᠳᠠᠭ᠃ ᠬᠡᠪᠡᠴᠦ ᠡᠬᠡᠯ ᠠᠷᠠᠳ | ᠪᠤᠯ ᠬᠠᠷᠢᠨ ︽ᠠᠳᠤᠭᠤᠨ ᠤ ᠪᠠᠨ ᠬᠢᠷᠢ ᠪᠠᠷ ᠢᠰᠭᠡᠷᠴᠦ ᠬᠦᠨᠵᠢᠯᠡ ᠶᠢᠨ ᠢᠶᠠᠨ ᠬᠢᠷᠢ ᠪᠠᠷ ᠢᠰᠬᠦᠯᠦᠨ᠎ᠡ︾ ᠬᠡᠵᠦ | ᠡᠳ᠋ ᠮᠦᠩᠬᠦ ᠶᠢᠨ ᠶᠡᠭᠡ ᠪᠠᠭ᠎ᠠ ᠶᠢ ᠬᠦᠭᠡᠭᠡᠴᠡᠯᠳᠦᠳᠡᠭ ᠦᠬᠡᠢ ᠰᠠᠶᠢᠨ ᠰᠠᠶᠢᠬᠠᠨ ᠭᠡᠪ ᠵᠠᠩᠰᠢᠯ ᠲᠠᠢ ᠪᠠᠶᠢᠳᠠᠭ᠃ | ᠬᠤᠷᠢᠮ ᠤᠨ ᠡᠳᠦᠷ ᠢ ᠰᠤᠩᠭᠤᠬᠤ ᠳᠠᠭᠠᠨ ᠬᠦᠦ ᠲᠠᠯ᠎ᠠ ᠠᠴᠠ ᠬᠦᠦ᠂ ᠬᠡᠦᠬᠡᠨ ᠬᠤᠶᠠᠷ ᠤᠨ ᠲᠦᠷᠦᠭᠰᠡᠨ | ᠤᠨ ᠰᠠᠷ᠎ᠠ ᠡᠳᠦᠷ ᠵᠡᠷᠭᠡ ᠶᠢ ᠬᠡᠯᠡᠵᠦ ᠂ ᠯᠠᠮᠠ ᠬᠤᠸᠠᠷᠠᠭ ᠪᠤᠶᠤ ᠦᠵᠡᠭᠡᠴᠢ ᠬᠦᠮᠦᠨ ᠢᠶᠠᠷ ᠰᠠᠶᠢᠨ ᠡᠳᠦᠷ ᠢ | ᠰᠤᠩᠭᠤᠨ ᠲᠤᠭᠳᠠᠭᠠᠯᠭᠠᠳᠠᠭ᠃ ᠦᠵᠡᠭᠰᠡᠨ ᠬᠦᠮᠦᠨ ᠨᠢ ᠰᠠᠷ᠎ᠠ ᠡᠳᠦᠷ ᠪᠤᠯᠤᠨ ᠭᠠᠷᠴᠤ ᠪᠤᠴᠠᠬᠤ ᠴᠠᠭ ᠵᠢᠴᠢ | ᠵᠦᠭ ᠴᠡᠭ ᠢ ᠨᠢ ᠨᠠᠷᠢᠨ ᠲᠤᠳᠤᠷᠬᠠᠢ ᠪᠢᠴᠢᠭᠯᠡᠵᠦ ᠦᠭᠳᠡᠭ᠃ | ᠬᠤᠷᠢᠮ ᠬᠢᠬᠦ ᠠᠴᠠ ᠡᠮᠦᠨ᠎ᠡ ᠬᠦᠦ ᠲᠠᠯ᠎ᠠ ᠨᠢ ᠬᠦᠦ ᠳᠡᠭᠡᠨ ᠰᠢᠨ᠎ᠡ ᠬᠡᠷᠯᠡᠬᠦ ᠭᠡᠷ᠂ ᠪᠡᠷᠢ ᠶᠢᠨ ᠲᠤᠯᠤᠭᠠᠢ ᠶᠢᠨ | ᠵᠠᠰᠠᠯ᠂ ᠬᠦᠦ ᠶᠢᠨ ᠢᠶᠠᠨ ᠲᠡᠪᠡᠯ ᠬᠤᠪᠴᠠᠰᠤ᠂ ᠤᠨᠤᠭᠠᠷᠢ ᠮᠤᠷᠢ᠂ ᠡᠮᠡᠭᠡᠯ ᠬᠠᠵᠠᠭᠠᠷ ᠵᠡᠷᠭᠡ ᠡᠳᠡᠯᠡᠯ ᠬᠡᠷᠡᠭᠰᠡᠯ ᠢ | ᠬᠢᠷᠢ ᠭᠡᠮᠵᠢᠶ᠎ᠡ ᠪᠠᠷ ᠢᠶᠠᠨ ᠴᠢᠳᠠᠬᠤᠶᠢᠴᠠ ᠰᠠᠶᠢᠬᠠᠨ ᠪᠡᠯᠡᠳᠭᠡᠬᠦ ᠪᠦᠬᠡᠳ ᠬᠡᠦᠬᠡᠨ ᠲᠠᠯ᠎ᠠ ᠴᠤ ᠭᠡᠦᠬᠡᠨ ᠳᠡᠭᠡᠨ | ᠬᠤᠪᠴᠠᠰᠤ ᠵᠠᠰᠠᠯ ᠵᠡᠷᠭᠡ ᠶᠢ ᠰᠢᠨ᠎ᠡ ᠪᠠᠷ ᠪᠡᠯᠡᠳᠭᠡᠳᠡᠭ᠃ | ᠬᠤᠷᠢᠮ ᠤᠨ ᠤᠷᠢᠯᠭ᠎ᠠ ᠠᠶᠢᠯᠠᠳᠬᠠᠬᠤ ᠶᠢ ᠬᠤᠷᠢᠮ ᠬᠡᠯᠡᠬᠦ ᠭᠡᠳᠡᠭ᠃ ᠮᠤᠩᠭᠤᠯᠴᠤᠳ ᠶᠡᠷᠦᠨᠢ ᠤᠯᠠᠭᠠᠨ | ᠴᠠᠭᠠᠨ ᠤ ᠶᠠᠪᠤᠳᠠᠯ ᠢ ᠦᠪᠡᠷᠦᠨ ᠲᠦᠷᠦᠯ ᠰᠠᠳᠤᠨ᠂ ᠠᠶᠢᠯ ᠬᠤᠳᠠᠨ ᠤᠨ ᠬᠢᠨ ᠪᠤᠯᠤᠨ ᠦᠷᠬᠦᠯᠵᠢ ᠰᠠᠶᠢᠬᠠᠨ | ᠶᠠᠪᠤᠯᠴᠠᠳᠠᠭ ᠠᠬ᠎ᠠ ᠲᠡᠬᠦᠦᠨᠡᠷ ᠲᠠᠭᠠᠨ ᠮᠡᠳᠡᠭᠳᠡᠵᠦ ᠵᠠᠯᠠᠳᠠᠭ ᠶᠤᠰᠤ ᠲᠠᠢ᠃ ᠬᠤᠷᠢᠮ ᠬᠡᠯᠡᠬᠦ ᠬᠦᠮᠦᠨ ᠨᠢ ᠬᠦᠬᠦᠷ | ᠬᠠᠳᠠᠭ ᠢᠶᠠᠨ ᠠᠪᠴᠤ ᠬᠡᠯᠡᠬᠦ ᠠᠶᠢᠯ ᠤᠨ ᠭᠡᠷ ᠲᠤᠨᠢ ᠤᠴᠢᠵᠤ᠂ ᠠᠬᠠᠮᠠᠳ ᠲᠤᠮᠤᠭᠠᠳᠠᠨ ᠢ ᠨᠢ ᠵᠠᠯᠠᠨ ᠰᠠᠭᠤᠯᠭᠠᠵᠤ | ᠪᠠᠶᠢᠭᠠᠳ ᠬᠦᠬᠦᠷ ᠪᠠᠷᠢᠨ ᠬᠤᠷᠢᠮ ᠤᠨ ᠴᠢᠮᠡᠭᠡ ᠶᠢ ᠴᠠᠭ ᠬᠤᠭᠤᠴᠠᠭ᠎ᠠ ᠲᠠᠢ ᠨᠢ ᠨᠠᠷᠢᠨ ᠲᠤᠳᠤᠷᠬᠠᠢ ᠠᠶᠢᠯᠠᠳᠬᠠᠨ | ᠬᠡᠯᠡᠳᠡᠭ᠃ | ᠬᠠᠷᠢ ᠳᠤ ᠮᠤᠷᠳᠠᠬᠤ ᠬᠡᠦᠬᠡᠨ ᠢ ᠬᠡᠳᠦᠨ ᠡᠳᠦᠷ ᠤᠨ ᠡᠮᠦᠨ᠎ᠡ ᠤᠶᠢᠷ᠎ᠠ ᠲᠦᠷᠦᠯ ᠰᠠᠳᠤᠨ ᠤ ᠲᠠᠭᠠᠨ | ᠤᠴᠢᠭᠤᠯᠵᠤ ᠰᠠᠭᠤᠯᠭᠠᠳᠠᠭ᠃ ᠬᠤᠷᠢᠮ ᠤᠨ ᠡᠳᠦᠷ ᠨᠢ ᠬᠡᠦᠬᠡᠨ ᠤ ᠪᠠᠨ ᠲᠤᠯᠤᠭᠠᠢ ᠶᠢ ᠰᠢᠨ᠎ᠡ ᠬᠦᠬᠡ ᠲᠤᠷᠭᠠᠨ | ᠠᠯᠴᠢᠭᠤᠷ ᠢᠶᠠᠷ ᠪᠦᠳᠡᠭᠡᠨ᠎ᠡ ᠂ ᠡᠬᠦᠨ ᠢ ︽ᠭᠭᠢᠪᠯᠡᠬᠦ︾ ᠭᠡᠳᠡᠭ᠃ ᠬᠦᠷᠭᠡᠨ ᠮᠤᠷᠳᠠᠬᠤ ᠦᠶᠡᠰ᠂ ᠡᠪᠦᠭᠡ | ᠲᠡᠭᠡᠳᠦ ᠠᠴᠠ ᠤᠯᠠᠮᠵᠢᠯᠠᠭᠰᠠᠨ ᠮᠤᠩᠭᠤᠯ ᠡᠷ᠎ᠡ ᠶᠢᠨ ᠵᠠᠩᠰᠢᠯ ᠶᠤᠰᠤ ᠪᠠᠷ ᠨᠤᠮ ᠰᠠᠭᠠᠳᠠᠭ ᠠᠭᠰᠠᠭᠤᠯᠵᠤ | ᠶᠠᠪᠤᠭᠤᠯᠤᠨ᠎ᠠ᠃ ᠨᠤᠮ ᠰᠠᠭᠠᠳᠠᠭ ᠨᠢ ᠠᠳᠡ ᠡᠷ᠎ᠡ ᠬᠦᠮᠦᠨ ᠤ ᠪᠡᠯᠬᠡ ᠲᠡᠮᠳᠡᠭ᠂ ᠵᠠᠰᠠᠯ ᠴᠢᠮᠡᠭ ᠪᠤᠯᠤᠭᠰᠠᠨ ᠪᠠᠶᠢᠬ᠎ᠠ | ᠃ ᠬᠦᠷᠭᠡᠨ ᠨᠢ ᠬᠠᠳᠠᠮ ᠤᠨ ᠳᠠᠭᠠᠨ ᠬᠦᠷᠦᠭᠰᠡᠨ ᠤ ᠲᠠᠷᠠᠭ᠎ᠠ ᠤᠷᠢᠳᠠᠪᠠᠷ ᠪᠤᠷᠬᠠᠨ ᠳᠤᠨᠢ ᠮᠦᠷᠬᠦᠵᠦ᠂ ᠲᠠᠬᠢᠨ | ᠬᠡᠷ ᠤᠨ ᠠᠬᠠᠮᠠᠳ ᠨᠠᠰᠤᠳᠠᠨ ᠳᠤᠨᠢ ᠦᠶ᠎ᠡ ᠲᠠᠷᠠᠭᠠᠯᠠᠨ ᠠᠷᠢᠬᠢ ᠪᠠᠷᠢᠵᠤ ᠮᠦᠷᠬᠦᠨ ᠵᠤᠯᠭᠠᠨ᠎ᠠ᠃ ᠡᠨᠡ ᠦᠶᠡᠰ | ᠵᠠᠷᠢᠮ ᠭᠠᠵᠠᠷ ᠨᠢ ᠪᠠᠰᠠ ᠱᠠᠭ᠎ᠠ ᠮᠤᠯᠳᠤᠯᠬᠤ᠂ ᠬᠦᠵᠦᠬᠦᠦ ᠨᠤᠭᠤᠯᠬᠤ ᠮᠡᠳᠦ ᠪᠠᠷ ᠬᠦᠷᠭᠡᠨ ᠬᠦᠦ ᠶᠢᠨ ᠬᠦᠴᠦ | ᠴᠢᠳᠠᠯ ᠢ ᠲᠡᠩᠰᠡᠳᠡᠭ ᠵᠠᠩᠰᠢᠯ ᠪᠠᠶᠢᠳᠠᠭ᠃ ᠢᠩᠬᠢᠵᠦ ᠪᠠᠷᠠᠪᠠᠯ ᠬᠠᠳᠠᠮ ᠤᠨ ᠲᠠᠯ᠎ᠠ ᠠᠴᠠ ᠬᠦᠷᠭᠡᠨ ᠳᠡᠭᠡᠨ ᠰᠢᠨ᠎ᠡ | ᠲᠡᠪᠡᠯ ᠬᠤᠪᠴᠠᠰᠤ ᠡᠮᠦᠰᠭᠡᠨ᠎ᠡ᠃ ᠡᠨᠡᠬᠦ ᠶᠠᠪᠤᠴᠠ ᠪᠠᠷᠠᠭᠰᠠᠨ ᠤ ᠲᠠᠷᠠᠭ᠎ᠠ ᠬᠠᠳᠠᠮ ᠤᠨ ᠲᠠᠯ᠎ᠠ ᠠᠴᠠ ᠲᠦᠷᠦᠯ | ᠰᠠᠳᠤᠨ ᠤᠶᠢᠷ᠎ᠠ ᠰᠠᠭᠠᠬᠠᠯᠳᠠ ᠶᠢᠨ ᠳᠠᠭᠠᠨ ᠤᠴᠢᠭᠤᠯᠤᠨ ᠠᠷᠢᠬᠢ ᠪᠠᠷᠢᠨ ᠮᠦᠷᠬᠦᠬᠦᠯᠵᠦ᠂ ᠲᠦᠷᠯ ᠰᠠᠳᠤᠨ ᠳᠠᠭᠠᠨ | ᠲᠠᠨᠢᠯᠴᠠᠭᠤᠯᠳᠠᠭ᠃ ᠢᠩᠬᠢᠵᠦ ᠪᠠᠷᠠᠪᠠᠯ ᠬᠡᠦᠬᠡᠨ ᠲᠠᠯ᠎ᠠ ᠶᠢᠨ ᠶᠡᠭᠡ ᠬᠤᠷᠢᠮ ᠤᠨ ᠨᠠᠶᠢᠷ ᠡᠬᠢᠯᠡᠨ᠎ᠡ᠃ | ᠬᠤᠷᠢᠮ ᠬᠢᠬᠦ ᠶᠠᠪᠤᠴᠠ ᠪᠤᠯ᠂ ᠬᠦᠷᠭᠡᠨ᠂ ᠪᠡᠷᠢ ᠶᠢᠨ ᠬᠤᠶᠠᠷ ᠲᠠᠯ᠎ᠠ ᠶᠢᠨ ᠬᠢᠨ ᠲᠤᠰ ᠲᠤᠰ ᠪᠡᠷᠢ ᠲᠤᠰᠬᠤ | ᠲᠡᠷᠢᠬᠦᠨ ᠬᠤᠳᠠ᠂ ᠲᠡᠳ᠋ ᠬᠤᠳᠠ᠂ ᠬᠦᠦ ᠶᠢᠨ ᠲᠠᠯ᠎ᠠ ᠠᠴᠠ ᠠᠬᠠᠯᠠᠬᠤ ᠲᠡᠬᠦᠦᠴᠢᠯᠡᠬᠦ ᠬᠦᠮᠦᠨ᠂ ᠬᠡᠦᠬᠡᠨ ᠤ | ᠲᠠᠯ᠎ᠠ ᠶᠢᠨ ᠪᠡᠷᠢ ᠬᠦᠷᠭᠡᠬᠦ ᠬᠤᠳᠠᠭᠠᠢ᠂ ᠪᠡᠷᠭᠡᠨ ᠵᠡᠷᠭᠡ ᠬᠦᠮᠦᠰ ᠢ ᠰᠤᠩᠭᠤᠨ ᠲᠤᠬᠢᠷᠠᠭᠤᠯᠵᠤ᠂ ᠬᠤᠶᠠᠷ ᠲᠠᠯ᠎ᠠ | ᠶᠢᠨ ᠬᠤᠳᠠ ᠶᠢ ᠨᠠᠶᠢᠷ ᠤᠨ ᠰᠢᠷᠡᠭᠡᠨ ᠤ ᠲᠡᠷᠢᠬᠦᠨ ᠰᠠᠭᠤᠳᠠᠯ ᠳᠤ ᠵᠠᠯᠠᠨ ᠰᠠᠭᠤᠯᠭᠠᠵᠤ᠂ ᠬᠤᠷᠢᠮ ᠤᠨ ᠶᠤᠰᠤᠯᠠᠯ ᠢ | ᠡᠷᠬᠢᠯᠡᠬᠦᠯᠳᠡᠭ᠃ ︽ᠬᠤᠷᠢᠮ ᠳᠤ ᠨᠤᠶᠠᠨ ᠦᠬᠡᠢ᠂ ᠬᠤᠳᠳᠤᠭ ᠲᠤ ᠵᠢᠭᠠᠰᠤ ᠦᠬᠡᠢ︾ ᠬᠡᠵᠦ᠂ ᠬᠤᠷᠢᠮ ᠤᠨ | ᠶᠤᠰᠤᠯᠠᠯ ᠳᠤ ᠵᠡᠷᠭᠡ ᠵᠢᠩᠰᠡ ᠶᠢ ᠲᠡᠮᠡᠢ ᠴᠢᠬᠤᠯᠠᠴᠢᠯᠠᠳᠠᠭ ᠦᠬᠡᠢ᠃ ᠬᠤᠷᠢᠮ ᠤᠨ ᠶᠤᠰᠤᠯᠠᠯ ᠳᠤ ᠤᠷᠤᠯᠴᠠᠭᠰᠠᠨ | ᠬᠤᠯᠠ ᠤᠶᠢᠷ᠎ᠠ ᠶᠢᠨ ᠠᠬ᠎ᠠ ᠲᠡᠬᠦᠦ ᠰᠠᠳᠤᠨ ᠲᠦᠷᠦᠯ ᠬᠡᠶᠢᠴᠢᠨ ᠵᠤᠴᠢᠳ ᠴᠤ ᠰᠢᠨ᠎ᠡ ᠬᠤᠪᠴᠠᠰᠤ ᠪᠠᠨ ᠡᠮᠦᠰᠦᠨ | ᠂ ᠲᠤᠯᠤᠭᠠᠢ ᠶᠢᠨ ᠵᠠᠰᠠᠯ ᠢᠶᠠᠨ ᠵᠡᠬᠦᠵᠦ᠂ ᠬᠤᠶᠠᠷ ᠬᠡᠦᠬᠡᠳ ᠤᠨ ᠦᠨᠢ ᠤᠳᠠᠭᠠᠨ ᠦᠯᠵᠡᠢ ᠵᠢᠷᠭᠠᠯ ᠲᠠᠢ ᠪᠤᠯᠬᠤ ᠶᠢ | ᠪᠡᠯᠭᠡᠯᠡᠵᠦ ᠬᠤᠷᠢᠮ ᠤᠨ ᠶᠤᠰᠤᠯᠠᠯ ᠢ ᠬᠦᠨᠳᠦᠳᠭᠡᠨ ᠦᠵᠡᠳᠡᠭ᠃ | ᠬᠦᠦ ᠶᠢᠨ ᠲᠠᠯ᠎ᠠ ᠠᠴᠠ ᠬᠦᠦ ᠶᠢᠨ ᠢᠶᠠᠨ ᠢᠪᠡᠬᠡᠯ ᠵᠢᠯ ᠲᠠᠢ ᠡᠯᠢᠬᠡ ᠪᠦᠳᠦᠨ ᠠᠬᠠᠮᠠᠳ ᠲᠤᠮᠤᠭᠠᠳᠠᠨ ᠢ | ᠰᠤᠩᠭᠤᠵᠤ᠂ ᠮᠦᠷᠬᠦᠬᠦᠯᠬᠦ ᠡᠴᠢᠭᠡ ᠡᠬᠡ ᠪᠠᠷ ᠵᠠᠯᠠᠳᠠᠭ᠃ ᠮᠦᠷᠬᠦᠬᠦᠯᠦᠭᠰᠡᠨ ᠡᠴᠢᠬᠡ ᠨᠢ ᠰᠢᠨ᠎ᠡ ᠪᠡᠷᠢ ᠶᠢ ᠬᠠᠳᠠᠮ | ᠤᠨ ᠢᠷᠡᠭᠰᠡᠨ ᠤ ᠲᠠᠷᠠᠭ᠎ᠠ ᠪᠡᠷᠢ ᠶᠢ ᠤᠳᠤᠷᠢᠳᠴᠤ ᠭᠠᠯ ᠳᠤ ᠮᠦᠷᠬᠦᠬᠦᠯᠬᠦ᠂ ᠬᠠᠳᠠᠮ ᠡᠴᠢᠬᠡ ᠡᠬᠡ ᠠᠬᠠᠮᠠᠳ | ᠨᠠᠰᠤᠳᠠᠨ ᠳᠤᠨᠢ ᠠᠷᠢᠬᠢ ᠪᠠᠷᠢᠭᠤᠯᠵᠤ ᠮᠦᠷᠬᠦᠯᠬᠦᠯᠬᠦ ᠶᠤᠰᠤᠯᠠᠯ ᠢ ᠬᠦᠢᠴᠡᠳᠭᠡᠬᠦ ᠶᠢᠨ ᠬᠠᠮᠳᠤ᠂ ᠬᠡᠦᠬᠡᠨ ᠤ ᠦᠰᠦ | ᠶᠢ ᠵᠠᠭᠠᠳᠤᠰᠤᠯᠠᠨ ᠰᠠᠯᠭᠠᠵᠤ᠂ ᠰᠠᠨᠴᠢᠭ ᠰᠦᠢᠬᠡ ᠪᠤᠭᠤᠳᠠᠰᠤ ᠵᠡᠷᠭᠡ ᠲᠤᠯᠤᠭᠠᠢ ᠶᠢᠨ ᠵᠠᠰᠠᠯ ᠢ ᠵᠡᠬᠦᠯᠬᠡᠨ᠂᠂ | ᠬᠦᠮᠦᠨ ᠪᠤᠯᠤᠭᠰᠠᠨ ᠬᠦᠢᠴᠡᠳᠭᠡᠯ ᠢ ᠪᠦᠷᠢᠨ ᠪᠡᠶᠡᠯᠡᠬᠦᠯᠳᠡᠭ᠃ ᠡᠶᠢᠮᠦ ᠠᠴᠠ ᠮᠦᠷᠬᠦᠬᠦᠯᠦᠭᠰᠡᠨ ᠡᠴᠢᠬᠡ ᠡᠬᠡ ᠶᠢ | ︽ᠬᠠᠷ᠎ᠠ ᠦᠰᠦ ᠶᠢ ᠨᠢ ᠬᠠᠭᠠᠯᠵᠤ᠂ ᠬᠠᠯᠠᠭᠤᠨ ᠭᠠᠯ ᠳᠤᠨᠢ ᠮᠦᠷᠬᠦᠬᠦᠯᠦᠭᠰᠡᠨ︾ ᠬᠡᠵᠦ᠂ ᠬᠤᠶᠠᠷ ᠭᠡᠷ ᠤᠨ | ᠡᠴᠢᠬᠡ ᠡᠬᠡ ᠲᠠᠢ ᠪᠠᠨ ᠠᠳᠠᠯᠢ ᠪᠠᠷ ᠦᠵᠡᠵᠦ ᠬᠦᠨᠳᠦᠳᠭᠡᠳᠡᠭ᠃ | ᠬᠤᠷᠢᠮ ᠤᠨ ᠰᠢᠷᠡᠭᠡ ᠡᠬᠢᠯᠡᠬᠦ ᠠᠴᠠ ᠡᠮᠦᠨ᠎ᠡ ᠬᠤᠯᠠ ᠠᠴᠠ ᠮᠤᠷᠢ ᠤᠨᠤᠭ᠎ᠠ ᠲᠠᠢ ᠬᠡᠦᠬᠡᠨ ᠲᠤᠰᠬᠤ ᠪᠠᠷ | ᠢᠷᠡᠭᠰᠡᠨ ᠭᠡᠶᠢᠴᠢᠨ ᠤ ᠵᠠᠮ ᠤᠨ ᠵᠦᠳᠡᠷᠡᠭᠡ ᠶᠢ ᠲᠠᠶᠢᠯᠬᠤ ᠬᠡᠮᠡᠨ ᠭᠤᠷᠪᠠᠨ ᠬᠡᠮ ᠠᠷᠢᠬᠢ ᠪᠠᠷᠢᠵᠤ ᠬᠤᠭᠤᠯᠠ | ᠢᠳᠡᠬᠦᠯᠦᠨ᠎ᠡ᠃ ᠵᠢᠩᠬᠢᠨᠢ ᠨᠠᠶᠢᠷ ᠤᠨ ᠰᠢᠷᠡᠭᠡ ᠡᠬᠢᠯᠡᠮᠡᠭᠴᠡ ᠰᠢᠷᠡᠭᠡᠨ ᠤ ᠭᠤᠷᠪᠠᠨ ᠭᠡᠮ ᠠᠷᠢᠬᠢ ᠪᠠᠷᠢᠭᠰᠠᠨ ᠤ | ᠲᠠᠷᠠᠭ᠎ᠠ ᠬᠡᠮ ᠤᠨ ᠲᠤᠭ᠎ᠠ ᠶᠢ ᠶᠠᠷᠢᠯᠴᠠᠨ ᠲᠤᠭᠳᠠᠭᠠᠳᠠᠭ᠃ ᠡᠬᠦᠨ ᠳᠤ ᠬᠡᠦᠬᠡᠨ ᠲᠠᠯ᠎ᠠ ᠶᠢᠨ ᠰᠢᠷᠡᠭᠡ ᠶᠢᠨ | ᠲᠠᠭᠠᠭᠠᠮᠠᠯ ᠠᠴᠠ ︽ᠠᠪᠤ ᠡᠵᠢ ᠶᠢᠨ ᠬᠢᠨᠢ ᠵᠤᠷᠢᠭᠰᠠᠨ ᠬᠡᠮ ᠠᠷᠪᠠᠨ ᠨᠠᠢᠮᠠ ︾ ᠭᠡᠬᠦ ᠮᠡᠳᠦ ᠪᠠᠷ ᠡᠯᠪᠡᠭ ᠰᠠᠶᠢᠬᠠᠨ | ᠬᠡᠯᠡᠬᠦ ᠳᠤ᠂ ᠬᠤᠶᠠᠷ ᠲᠠᠯ᠎ᠠ ᠶᠢᠨ ᠬᠤᠳᠠ ᠨᠠᠷ ᠤᠴᠢᠷ ᠰᠢᠯᠳᠠᠭᠠᠨ ᠬᠡᠯᠡᠵᠦ ᠠᠯᠢ ᠪᠤᠯᠬᠤ ᠪᠠᠷ ᠴᠦᠬᠡᠨ ᠪᠤᠯᠭᠠᠳᠠᠭ᠃ | ᠬᠤᠵᠢᠮ ᠨᠢ ᠶᠡᠷᠦᠨᠢ ᠶᠢᠰᠦᠨ ᠬᠡᠮ ᠤᠨ ᠲᠤᠭ᠎ᠠ ᠲᠡᠭᠡᠷ᠎ᠡ ᠲᠤᠭᠳᠠᠭᠰᠠᠨ ᠪᠠᠶᠢᠨ᠎ᠠ᠃ ᠡᠨᠡᠬᠦ ᠶᠢᠰᠦᠨ ᠬᠡᠮ ᠢᠶᠠᠨ | ᠭᠤᠷᠪᠠ ᠭᠤᠷᠪᠠᠨ ᠬᠡᠮ ᠢᠶᠠᠷ ᠲᠡᠰ ᠪᠤᠯᠭᠠᠨ ᠶᠡᠬᠡᠰᠬᠡᠵᠦ᠂ ᠬᠠᠮᠤᠭ ᠤᠨ ᠰᠡᠬᠦᠯᠴᠢ ᠶᠢᠨ ᠬᠡᠮ ᠢ ᠮᠦᠩᠬᠦᠨ ︵ | ᠠᠶᠠᠭ᠎ᠠ︶ ᠬᠡᠮ ᠢᠶᠠᠷ ᠪᠠᠷᠢᠳᠠᠭ᠃ ᠮᠦᠩᠬᠦᠨ ᠬᠡᠮ ᠪᠠᠷᠢᠬᠤ ᠳᠠᠭᠠᠨ ᠶᠡᠭᠡ ᠪᠠᠭ᠎ᠠ ᠨᠢ ᠠᠳᠠᠯᠢ ᠦᠬᠡᠢ ᠭᠤᠷᠪᠠᠨ | ᠮᠦᠩᠬᠦᠨ ᠠᠶᠠᠭ᠎ᠠ ᠶᠢ ᠲᠠᠪᠬᠤᠷᠯᠠᠨ ᠲᠠᠯᠪᠢᠵᠤ᠂ ᠲᠤᠰ ᠪᠦᠷᠢ ᠨᠢᠬᠡ ᠬᠡᠮ ᠪᠠᠷᠢᠨ᠎ᠠ ᠭᠡᠳᠡᠭ᠃ ᠭᠡᠪᠡᠴᠦ ᠬᠠᠮᠤᠭ ᠤᠨ | ᠲᠤᠮᠤ ᠮᠦᠩᠬᠦᠨ ᠠᠶᠠᠭ᠎ᠠ ᠨᠢ ᠪᠠᠷᠤᠭ ᠬᠠᠭᠠᠰ ᠵᠢᠩ ᠤᠷᠤᠬᠤ ᠲᠤᠯᠠ ᠰᠢᠷᠡᠭᠡᠨ ᠳᠤ ᠰᠠᠭᠤᠭᠰᠠᠨ ᠬᠦᠮᠦᠰ ᠮᠦᠨ | ᠶᠠᠷᠢᠯᠴᠠᠨ ᠲᠤᠮᠳᠠ ᠬᠡᠮ ᠢᠶᠠᠷ ᠨᠢᠬᠡ᠂ ᠪᠠᠭ᠎ᠠ ᠬᠡᠮ ᠢᠶᠠᠷ ᠬᠤᠶᠠᠷ ᠭᠡᠬᠦ ᠮᠡᠳᠦᠴᠢᠯᠡᠨ ᠠᠷᠢᠬᠢᠨ ᠤ ᠬᠡᠮᠵᠢᠶ᠎ᠡ ᠶᠢ | ᠪᠠᠭᠠᠰᠬᠠᠳᠠᠭ᠃ ᠬᠡᠮ ᠤᠨ ᠲᠤᠭ᠎ᠠ ᠲᠤᠭᠳᠠᠭᠰᠠᠨ ᠤ ᠲᠠᠷᠠᠭ᠎ᠠ ᠬᠦᠦ ᠲᠠᠯ᠎ᠠ ᠴᠤ ᠠᠳᠠᠯᠢ ᠲᠤᠭ᠎ᠠ ᠪᠠᠷ ᠪᠠᠷᠢᠳᠠᠭ᠂ | ᠭᠡᠪᠡᠴᠦ ᠠᠷᠢᠬᠢᠨ ᠤ ᠬᠡᠮᠵᠢᠶ᠎ᠡ ᠶᠢ ᠬᠡᠦᠬᠡᠨ ᠤ ᠲᠠᠯ᠎ᠠ ᠠᠴᠠ ᠪᠠᠭ᠎ᠠ ᠰᠠᠭ᠎ᠠ ᠢᠯᠡᠬᠦᠦ ᠪᠠᠶᠢᠵᠤ ᠪᠤᠯᠳᠠᠭ᠃ ᠰᠢᠷᠡᠭᠡᠨ ᠤ | ᠵᠠᠭᠤᠰᠢ ᠶᠢ ᠬᠠᠯᠠᠭᠤᠨ ᠰᠡᠷᠢᠬᠦᠨ ᠨᠤᠭᠤᠭ᠎ᠠ ᠬᠤᠤᠰ ᠬᠤᠤᠰ ᠲᠤᠭ᠎ᠠ ᠪᠠᠷ ᠤᠷᠤᠭᠤᠯᠬᠤ ᠠᠴᠠ ᠭᠠᠳᠠᠨ᠎ᠠ ᠪᠦᠬᠦᠯᠢ | ᠰᠢᠬᠦᠰᠦ ᠪᠤᠶᠤ ᠤᠭᠤᠴᠠ ᠲᠠᠯᠪᠢᠳᠠᠭ ︵ᠤᠭᠤᠴᠠ ᠪᠠᠭᠤᠯᠭᠠᠬᠤ ᠶᠤᠰᠤᠨ᠂ ᠰᠢᠬᠦᠰᠦ ᠲᠠᠯᠪᠢᠬᠤ ᠮᠠᠭᠳᠠᠭᠠᠯ ᠵᠢᠴᠢ | ᠬᠤᠷᠢᠮ ᠤᠨ ᠢᠷᠦᠬᠡᠯ᠂ ᠡᠬᠦᠳᠡ ᠲᠠᠷᠤᠬᠤ᠂ ᠤᠤᠵᠢ ᠰᠦᠢᠬᠡ ᠶᠢᠨ ᠮᠠᠭᠳᠠᠭᠠᠯ᠂ ᠡᠭᠡ ᠶᠢᠨ ᠴᠠᠭᠠᠨ ᠰᠦ ᠶᠢᠨ | ᠠᠴᠢ ᠬᠠᠷᠢᠭᠤᠯᠬᠤ ᠂ ᠨᠠᠶᠢᠵᠠ ᠶᠢᠨ ᠠᠴᠢ ᠬᠠᠷᠢᠭᠤᠯᠬᠤ ᠵᠡᠷᠭᠡ ᠢᠷᠦᠬᠡᠯ ᠮᠠᠭᠳᠠᠭᠠᠯ ᠢ ᠲᠠᠷᠠᠭᠠᠴᠢ ᠶᠢᠨ ᠬᠡᠪᠯᠡᠯ | ᠤᠳ ᠲᠤ ᠲᠤᠰᠬᠠᠢ ᠰᠡᠳᠦᠪ ᠢᠶᠠᠷ ᠨᠠᠶᠢᠷᠠᠭᠤᠯᠤᠨ ᠨᠡᠶᠢᠳᠡᠯᠡᠬᠦ ᠪᠤᠯᠤᠨ᠎ᠠ︶᠃ | ᠬᠡᠦᠬᠡᠨ ᠲᠠᠯ᠎ᠠ ᠶᠢᠨ ᠨᠠᠶᠢᠷ ᠲᠡᠭᠡᠳᠦᠯᠡᠵᠦ ᠬᠡᠦᠬᠡᠨ ᠮᠤᠷᠳᠠᠬᠤ ᠦᠶ᠎ᠡ ᠳᠤ ᠬᠦᠷᠢᠶᠡᠨ ᠤ ᠭᠠᠳᠠᠨ᠎ᠠ ᠬᠦᠯᠢᠰ | ᠤᠨ ᠰᠢᠷᠡᠭᠡᠨ ᠲᠡᠭᠡᠷ᠎ᠡ ᠬᠦᠵᠢ ᠠᠷᠴᠠ ᠰᠢᠳᠠᠭᠠᠵᠤ᠂ ᠰᠢᠬᠦᠰᠦ ᠪᠤᠶᠤ ᠲᠠᠬᠢᠯᠭ᠎ᠠ ᠶᠢᠨ ᠢᠳᠡᠭᠡᠨ ᠲᠠᠯᠪᠢᠵᠤ | ᠮᠦᠷᠬᠦᠬᠦᠯᠦᠭᠰᠡᠨ ᠡᠴᠢᠬᠡ ᠡᠬᠡ ᠨᠢ ᠬᠦᠦ ᠬᠡᠦᠬᠡᠨ ᠢᠶᠠᠨ ᠲᠡᠭᠷᠢ ᠳᠤ ᠮᠦᠷᠬᠦᠬᠦᠯᠵᠦ᠂ ᠬᠦᠷᠭᠡᠨ ᠨᠢ ᠬᠡᠦᠬᠡᠨ ᠤ | ᠤᠨᠤᠭᠰᠠᠨ ᠮᠤᠷᠢ ᠶᠢ ᠴᠤᠯᠪᠤᠭᠤᠷ ᠠᠴᠠ ᠨᠢ ᠬᠦᠳᠦᠯᠦᠨ᠂ ᠰᠠᠩ ᠤᠨ ᠬᠦᠯᠢᠰ ᠤᠨ ᠰᠢᠷᠡᠭᠡ ᠶᠢ ᠨᠠᠷᠠᠨ ᠵᠦᠭ | ᠭᠤᠷᠪᠠ ᠡᠷᠬᠢᠳᠡᠭ᠂ ᠡᠬᠦᠨ ᠢ ︽ᠰᠠᠩ ᠡᠷᠬᠢᠬᠦᠯᠬᠦ︾ ᠬᠡᠳᠡᠭ᠃ ᠡᠷ᠎ᠡ ᠡᠮ᠎ᠡ ᠬᠤᠶᠠᠷ ᠤᠨ ᠰᠠᠭᠠᠳᠠᠭ ᠠᠭᠰᠠᠵᠤ | ᠰᠠᠩ ᠡᠷᠬᠢᠵᠦ ᠬᠤᠯᠪᠤᠭᠰᠠᠨ ᠶᠠᠪᠤᠳᠠᠯ ᠪᠤᠯ ᠤᠷᠤᠭ ᠪᠠᠷᠢᠯᠳᠤᠯᠭ᠎ᠠ ᠶᠢᠨ ᠬᠠᠮᠤᠭ ᠤᠨ ᠵᠦᠢ ᠶᠤᠰᠤᠨ ᠤ ᠴᠢᠬᠤᠯᠠ | ᠶᠠᠪᠤᠳᠠᠯ ᠬᠡᠵᠦ ᠮᠠᠰᠢ ᠶᠡᠭᠡ ᠬᠦᠨᠳᠦᠳᠭᠡᠨ ᠡᠷᠬᠢᠮᠯᠡᠳᠡᠭ᠃ ᠡᠬᠦᠨ ᠢ ᠤᠳᠤ ᠶᠢᠨ ᠦᠬᠡ ᠪᠠᠷ ᠬᠡᠯᠡᠪᠡᠯ ᠲᠠᠷᠤᠢ ᠬᠠᠤᠯᠢ | ᠴᠠᠭᠠᠵᠠ ᠶᠢᠨ ᠬᠦᠴᠦᠨ ᠲᠠᠢ ᠪᠤᠯᠤᠭᠰᠠᠨ ᠶᠠᠪᠤᠳᠠᠯ ᠪᠤᠯᠤᠨ᠎ᠠ᠃ | ᠰᠢᠨ᠎ᠡ ᠪᠡᠷᠢ ᠬᠦᠷᠭᠡᠨ ᠤ ᠳᠡᠭᠡᠨ ᠢᠷᠡᠵᠦ ︽ᠭᠠᠯ ᠳᠤ ᠮᠦᠷᠬᠦᠬᠦᠯᠬᠦ︾ ︽ᠡᠬᠦᠳᠡ ᠲᠠᠷᠤᠬᠤ︾ ︵ | ᠲᠡᠭᠡᠷ᠎ᠡ ᠨᠢᠬᠡᠨᠳᠡ ᠲᠤᠷᠠᠳᠴᠠᠢ︶ ᠵᠡᠷᠭᠡ ᠶᠤᠰᠤ ᠵᠦᠢ ᠶᠢ ᠬᠦᠢᠴᠡᠳᠭᠡᠭᠰᠡᠨ ᠤ ᠲᠠᠷᠠᠭ᠎ᠠ᠂ ᠬᠦᠦ ᠲᠠᠯ᠎ᠠ ᠶᠢᠨ | ᠬᠤᠷᠢᠮ ᠤᠨ ᠶᠡᠭᠡ ᠨᠠᠶᠢᠷ ᠡᠬᠢᠯᠡᠳᠡᠭ᠃ ᠬᠦᠦ ᠲᠠᠯ᠎ᠠ ᠶᠢᠨ ᠨᠠᠶᠢᠷ ᠢ ᠬᠡᠦᠬᠡᠨ ᠲᠠᠯ᠎ᠠ ᠶᠢᠨ ᠠᠴᠠ ᠲᠠᠪᠠᠭᠤ ᠪᠠᠶᠢᠯᠭᠠᠬᠤ | ᠪᠠᠷ ᠴᠢᠷᠮᠠᠶᠢᠳᠠᠭ᠃ ᠡᠨᠡᠬᠦ ᠰᠢᠷᠡᠭᠡᠨ ᠲᠡᠭᠡᠷ᠎ᠡ ᠪᠠᠰᠠ ﹇ᠡᠬᠡ ᠶᠢᠨ ᠴᠠᠭᠠᠨ ᠰᠦ ᠶᠢᠨ ᠠᠴᠢ ᠶᠢ ᠬᠠᠷᠢᠭᠤᠯᠬᠤ︾ | ᠵᠡᠷᠭᠡ ᠶᠤᠰᠤ ᠵᠦᠢ ᠶᠢ ᠬᠦᠢᠴᠡᠳᠭᠡᠨ᠎ᠡ᠃ | ᠬᠦᠦ ᠳᠡᠭᠡᠨ ᠪᠡᠷᠢ ᠪᠠᠭᠤᠯᠭᠠᠬᠤ ᠶᠠᠪᠤᠳᠠᠯ ᠪᠤᠯ ᠭᠠᠯ ᠭᠤᠯᠤᠮᠳᠠ ᠪᠠᠨ ᠵᠠᠯᠭᠠᠮᠵᠢᠯᠠᠭᠤᠯᠵᠤ ᠡᠬᠦᠳᠡ ᠡᠷᠦᠬᠡ | ᠪᠠᠨ ᠨᠡᠭᠡᠭᠡᠯᠬᠡᠨ᠂ ᠦᠨᠢ ᠡᠬᠦᠷᠢᠳᠡ ᠦᠷᠨᠢᠨ ᠲᠡᠯᠭᠡᠷᠡᠬᠦ ᠦᠢᠯᠡᠰ ᠢ ᠡᠬᠦᠳᠦᠨ ᠪᠦᠳᠦᠭᠡᠵᠦ ᠪᠠᠶᠢᠭ᠎ᠠ ᠶᠠᠪᠤᠳᠠᠯ | ᠪᠤᠯᠬᠤᠷ ᠰᠢᠨ᠎ᠡ ᠪᠡᠷᠢ ᠢᠷᠡᠭᠰᠡᠨ ᠤ ᠪᠠᠨ ᠮᠠᠷᠭᠠᠰᠢ ᠦᠷᠯᠦᠬᠡ ᠡᠷᠳᠡ ᠪᠤᠰᠴᠤ᠂ ᠴᠠᠭᠠᠨ ᠢᠳᠡᠭᠡ ᠪᠤᠤᠪᠤ | ᠪᠤᠭᠤᠷᠰᠤᠭ ᠲᠠᠪᠠᠭᠯᠠᠨ ᠪᠠᠷᠢᠵᠤ᠂ ᠡᠷᠦᠬᠡ ᠶᠢᠨ ᠤᠭᠤᠰᠤᠷ ᠢᠶᠠᠨ ᠲᠠᠳᠠᠵᠤ ᠡᠷᠦᠬᠡ ᠪᠠᠨ ᠰᠡᠬᠦᠳᠡᠭ᠃ ᠲᠡᠭᠡᠭᠡᠳ | ᠪᠠᠰᠠ ᠭᠠᠯ ᠢᠶᠠᠨ ᠨᠤᠴᠤᠭᠠᠵᠤ᠂ ᠴᠠᠢ ᠪᠠᠨ ᠴᠢᠨᠠᠭᠠᠳ ᠪᠤᠷᠬᠠᠨ ᠳᠠᠭᠠᠨ ᠲᠠᠬᠢᠯ ᠲᠠᠬᠢᠵᠤ᠂ ᠠᠪᠤ ᠡᠵᠢ ᠠᠬᠠᠮᠠᠳ | ᠲᠤᠮᠤᠭᠠᠳᠠᠨ ᠨᠠᠷ ᠲᠠᠭᠠᠨ ᠴᠠᠢ ᠠᠶᠠᠭᠠᠯᠠᠨ᠂ ᠲᠠᠪᠠᠭ ᠲᠠᠢ ᠪᠤᠤᠪᠤ ᠢᠳᠡᠭᠡ ᠪᠠᠨ ᠲᠠᠯᠪᠢᠳᠠᠭ᠃ ᠠᠪᠤ ᠡᠵᠢ ᠨᠢ | ᠲᠠᠪᠠᠭ ᠲᠦᠬᠦᠷᠡᠩ ᠪᠤᠤᠪᠤ ᠴᠠᠭᠠᠨ ᠢᠳᠡᠭᠡᠨ ᠢ ᠲᠤᠰᠤᠨ ᠠᠪᠴᠤ ᠠᠮᠰᠠᠭᠰᠠᠨ ᠤ ᠲᠠᠷᠠᠭ᠎ᠠ᠂ ᠲᠠᠪᠠᠭ ᠲᠡᠭᠡᠷ᠎ᠡ ᠨᠢ | ᠭᠡᠷ ᠤᠨ ᠢᠶᠠᠨ ᠲᠦᠯᠬᠢᠬᠦᠷ ᠢ ᠲᠠᠯᠪᠢᠵᠤ ᠪᠡᠷᠢ ᠳᠡᠭᠡᠨ ᠦᠭᠬᠦᠨ᠎ᠡ᠂ ᠡᠨᠡ ᠨᠢ ᠭᠡᠷ ᠤᠨ ᠡᠵᠡᠨ ᠤ ᠡᠷᠭᠡ ᠮᠡᠳᠡᠯ ᠢᠶᠠᠨ | ᠦᠷ᠎ᠡ ᠬᠡᠦᠭᠡᠳ ᠲᠡᠭᠡᠨ ᠤᠯᠠᠮᠵᠢᠯᠠᠵᠤ ᠪᠠᠶᠢᠭ᠎ᠠ ᠭᠡᠷᠡᠭ ᠶᠤᠮ᠃ ᠡᠬᠦᠨᠴᠡ ᠭᠠᠳᠠᠨ᠎ᠠ ᠠᠪᠤ ᠡᠵᠢ ᠠᠬ᠎ᠠ ᠲᠡᠬᠦᠦ | ᠲᠦᠷᠦᠯ ᠰᠠᠳᠤᠨ ᠨᠢ ᠰᠢᠨ᠎ᠡ ᠪᠡᠷᠢ ᠶᠢᠨ ᠴᠠᠢ ᠶᠢ ᠲᠤᠰᠴᠤ ᠠᠪᠤᠭᠠᠳ ᠬᠠᠷᠢᠭᠤ ᠪᠡᠯᠡᠭ ᠱᠠᠩᠨᠠᠨ ᠦᠭᠳᠡᠭ᠃ | ᠬᠤᠷᠢᠮ ᠬᠢᠭᠰᠡᠨ ᠤ ᠲᠠᠷᠠᠭ᠎ᠠ ᠭᠤᠷᠪᠠᠨ ᠡᠳᠦᠷ ᠲᠤ ᠭᠡᠦᠬᠡᠨ ᠤ ᠭᠡᠷ ᠠᠴᠠ ᠬᠡᠦᠬᠡᠨ ᠢᠶᠠᠨ ᠡᠷᠬᠢᠬᠦ ᠪᠠᠷ | ᠡᠷᠬᠢᠯᠳᠡ ᠶᠢᠨ ᠪᠤᠤᠪᠤ ᠪᠤᠭᠤᠷᠰᠤᠭ ᠠᠪᠴᠤ ᠢᠷᠡᠳᠡᠭ᠃ ᠵᠠᠷᠢᠮ ᠦᠶ᠎ᠡ ᠳᠤ ᠪᠠᠰᠠ ᠰᠢᠷᠡᠭᠡᠨ ᠲᠡᠭᠡᠷ᠎ᠡ ᠪᠠᠨ ᠡᠷᠬᠢᠳᠡᠭ | ᠴᠤ ᠪᠤᠢ᠃ ᠢᠷᠡᠭᠰᠨᠡ ᠬᠦᠮᠦᠰ ᠨᠢ ᠬᠡᠦᠬᠡᠨ ᠤ ᠪᠠᠨ ᠲᠦᠷᠬᠦᠮ ᠳᠡᠭᠡᠨ ᠪᠤᠴᠠᠬᠤ ᠡᠳᠦᠷ ᠢ ᠰᠤᠨᠤᠰᠴᠤ ᠡᠳᠦᠷ | ᠲᠡᠭᠡᠨ ᠪᠤᠴᠠᠳᠠᠭ᠃ ︽ᠬᠤᠳᠠ ᠬᠦᠮᠦᠨ ᠬᠤᠷᠢᠮ ᠳᠤ ᠬᠤᠨᠤᠬᠤ ᠠᠴᠠ ᠬᠤᠳᠳᠤᠭ ᠲᠤ ᠬᠤᠨᠤᠬᠤ᠂ ᠡᠷᠬᠢᠯᠳᠡ ᠳᠤ | ᠬᠤᠨᠤᠬᠤ ᠠᠴᠠ ᠡᠷᠬᠢ ᠳᠤ ᠬᠤᠨᠤᠬᠤ︾ ᠬᠡᠵᠦ ᠵᠠᠪᠠᠯ ᠪᠤᠴᠠᠬᠤ ᠶᠤᠰᠤ ᠲᠠᠢ ᠪᠠᠶᠢᠳᠠᠭ᠃ ᠰᠢᠨ᠎ᠡ ᠪᠡᠷᠢ ᠶᠢ ᠲᠠᠪᠤ | ᠪᠤᠶᠤ ᠲᠤᠯᠤᠭᠠᠨ ᠬᠤᠨᠤᠭᠰᠠᠨ ᠤ ᠲᠠᠷᠠᠭ᠎ᠠ ᠨᠢ ᠬᠦᠷᠭᠡᠨ ᠤ ᠬᠠᠮᠳᠤ ᠭᠡᠳᠦ ᠬᠡᠳᠦᠨ ᠬᠦᠮᠦᠨ ᠢᠶᠠᠷ ᠬᠦᠷᠭᠡᠬᠦᠯᠵᠦ | ᠲᠦᠬᠦᠮ ᠳᠤᠨᠢ ᠬᠠᠷᠢᠭᠤᠯᠳᠠᠭ᠂ ᠡᠬᠦᠨ ᠢ ︽ᠡᠬᠦᠳᠡ ᠪᠠᠨ ᠡᠷᠬᠢᠬᠦ︾ ᠭᠡᠳᠡᠭ᠃ ᠡᠬᠦᠨ ᠳᠤ ᠲᠦᠷᠬᠦᠮ ᠤᠨ ᠡᠴᠢᠬᠡ | ᠡᠬᠡ ᠳᠤ ᠵᠤᠬᠢᠬᠤ ᠪᠡᠯᠡᠭ ᠰᠠᠯᠳᠠ ᠲᠠᠢ ᠶᠠᠪᠤᠭᠤᠯᠳᠠᠭ᠃ | ᠬᠡᠦᠬᠡᠨ ᠬᠦᠷᠭᠡᠨ ᠪᠤᠴᠠᠵᠤ ᠢᠷᠡᠭᠰᠡᠨ ᠤ ᠲᠠᠷᠠᠭ᠎ᠠ ᠬᠡᠦᠬᠡᠨ ᠲᠠᠯ᠎ᠠ ᠠᠴᠠ ᠬᠤᠶᠠᠷ ᠬᠡᠦᠭᠡᠳ ᠢᠶᠠᠨ ᠦᠪᠡᠷᠦᠨ | ᠬᠤᠯᠠ ᠶᠢᠨ ᠲᠦᠷᠦᠯ ᠰᠠᠳᠤᠨ ᠳᠠᠭᠠᠨ ᠤᠴᠢᠭᠤᠯᠤᠨ ᠲᠠᠨᠢᠭᠤᠯᠬᠤ ᠠᠵᠢᠯ ᠢ ᠬᠦᠢᠴᠡᠳᠭᠡᠳᠡᠭ, ᠶᠤ᠋᠃ ᠢᠩᠬᠢᠵᠦ | ᠪᠠᠷᠠᠪᠠᠯ ᠰᠢᠨ᠎ᠡ ᠬᠤᠷᠢᠮ ᠤᠨ ᠵᠦᠢ ᠶᠤᠰᠤ ᠦᠨᠳᠦᠰᠦᠨ ᠳᠡᠭᠡᠨ ᠲᠠᠭᠤᠰᠳᠠᠭ ᠪᠠᠶᠢᠨ᠎ᠠ᠃ | |