ᠬᠦᠨᠪᠤᠯᠠᠭ ᠰᠤᠮᠤᠨ ᠤ ᠬᠠᠶᠢᠷᠠᠳᠤ ᠭᠠᠴᠠᠭᠠᠨ ᠤ ᠦᠷᠳᠡᠭᠡ ᠤᠪᠤᠭ᠎ᠠ ᠶᠢᠨ ᠠᠶᠢᠯ ᠠᠴᠠ ᠪᠠᠷᠠᠭᠤᠨᠰᠢ 3000 | ᠮᠧᠲᠷ ᠤᠨ ᠵᠠᠶᠢᠳᠠᠢ ᠪᠠᠶᠢᠷᠢᠯᠠᠨ᠎ᠠ᠃ ᠬᠤᠳᠠ ᠶᠢᠨ ᠪᠠᠭᠤᠷᠢ ᠨᠢ ᠲᠡᠭᠰᠢ ᠲᠦᠷᠪᠡᠯᠵᠢᠨ ᠬᠡᠯᠪᠡᠷᠢᠳᠡᠢ᠂ ᠲᠠᠯ᠎ᠠ ᠶᠢᠨ | ᠤᠷᠳᠤ ᠨᠢ 333 ᠮᠧᠲᠷ ᠂ ᠶᠡᠷᠦᠩᠬᠡᠢ ᠲᠠᠯᠠᠪᠠᠢ 110889 ᠬᠠᠪᠳᠠᠭᠠᠢ ᠲᠦᠷᠪᠡᠯᠵᠢᠨ ᠮᠧᠲᠷ᠃ ᠬᠤᠳᠠ ᠶᠢᠨ | ᠬᠡᠷᠡᠮ ᠢ ᠰᠢᠪᠡᠷ ᠰᠢᠷᠤᠢ ᠪᠠᠷ ᠴᠤᠭᠴᠠᠯᠠᠵᠤ᠂ ᠭᠡᠷᠡᠮ ᠤᠨ ᠪᠠᠭᠤᠷᠢ ᠨᠢ ᠦᠷᠭᠡᠨ ᠢᠶᠠᠷ ᠢᠶᠠᠨ 7 — 8 ᠮᠧᠲᠷ᠂ | ᠦᠨᠳᠦᠷ ᠢᠶᠠᠷ ᠢᠶᠠᠨ 1.5 — 2 ᠮᠧᠲᠷ ᠬᠢᠷᠢᠳᠡᠢ᠃ ᠲᠤᠰ ᠡᠷᠳᠡᠨ ᠤ ᠬᠤᠳᠠ ᠨᠢ ᠪᠠᠷᠠᠭᠤᠨ ᠲᠠᠯ᠎ᠠ ᠳᠠᠭᠠᠨ | ᠨᠢᠬᠡ ᠡᠬᠦᠳᠡ᠂ ᠵᠡᠬᠦᠨ ᠲᠠᠯ᠎ᠠ ᠳᠠᠭᠠᠨ ᠬᠤᠶᠠᠷ ᠡᠬᠦᠳᠡ ᠲᠠᠢ ︵ᠵᠡᠬᠦᠨ ᠭᠡᠷᠡᠮ ᠤᠨ ᠬᠤᠶᠢᠳᠤ ᠵᠠᠬ᠎ᠠ ᠠᠴᠠ | ᠤᠷᠤᠭᠰᠢ ᠪᠠᠨ 100 ᠮᠧᠲᠷ ᠤᠨ ᠵᠠᠢ ᠪᠠ 150 ᠮᠧᠲᠷ ᠤᠨ ᠵᠠᠢ ᠳᠤ ᠲᠤᠰᠪᠤᠷᠢ ᠨᠢᠬᠡ ᠡᠬᠦᠳᠡ︶ ᠂ ᠡᠬᠦᠳᠡ | ᠨᠢᠬᠡᠪᠦᠷᠢ ᠨᠢ ᠦᠷᠭᠡᠨ ᠢᠶᠠᠷ ᠢᠶᠠᠨ ᠪᠠᠷᠤᠭ 10 ᠮᠧᠲᠷ ᠤᠷᠴᠢᠮ ᠪᠠᠶᠢᠵᠠᠢ᠃ ᠡᠬᠦᠳᠡᠨ ᠤ ᠭᠠᠳᠠᠨ᠎ᠠ ᠮᠤᠷᠢᠨ | ᠲᠤᠭᠤᠷᠠᠢ ᠶᠢᠨ ᠬᠡᠯᠪᠡᠷᠢᠳᠦ ᠪᠠᠬᠢᠯᠡᠯᠳᠡ ᠲᠠᠢ᠂ ᠪᠠᠬᠢᠯᠡᠯᠳᠡ ᠶᠢᠨ ᠡᠬᠦᠳᠡ ᠨᠢ ᠵᠠᠳᠠᠭᠠᠢ᠃ ᠬᠤᠳᠠ ᠶᠢᠨ ᠲᠦᠷᠪᠡᠨ | ᠦᠨᠴᠦᠭ ᠲᠤ ᠳ᠋ᠢᠶᠠᠮᠧᠲᠷ ᠨᠢ 16 ᠮᠧᠲᠷ᠂ ᠦᠨᠳᠦᠷ ᠨᠢ 2.5 ᠮᠧᠲᠷ ᠤᠷᠴᠢᠮ ᠤᠨ ᠲᠤᠭᠤᠷᠢᠭ ᠬᠡᠯᠪᠡᠷᠢᠳᠦ | ᠲᠠᠭᠳᠤ ᠶᠢᠨ ᠪᠠᠭᠤᠷᠢ ᠪᠠᠶᠢᠨ᠎ᠠ᠃ ᠬᠤᠳᠠᠨ ᠲᠤᠮᠳᠠ ᠨᠢ ᠰᠢᠪᠠᠷ ᠰᠢᠷᠤᠢ ᠶᠢᠨ ᠤᠪᠤᠭ᠎ᠠ ᠦᠬᠡᠢ᠂ ᠵᠢᠭᠳᠡ | ᠲᠡᠭᠰᠢᠬᠡᠨ ᠪᠠᠶᠢᠬᠤ ᠠᠴᠠ ᠦᠵᠡᠬᠦ ᠳᠤ ᠬᠤᠳᠠ ᠶᠢᠨ ᠲᠤᠳᠤᠷ᠎ᠠ ᠪᠠᠨ ᠦᠬᠡᠷ᠎ᠡ ᠭᠡᠷ ᠪᠠᠷᠢᠯᠭ᠎ᠠ ᠪᠠᠶᠢᠭᠰᠠᠨ ᠦᠬᠡᠢ | ᠮᠠᠶ᠋ᠢᠭᠳᠠᠢ᠃ ᠭᠡᠪᠡᠴᠦ ᠬᠠᠷ᠎ᠠ ᠴᠠᠭᠠᠨ ᠡᠯᠳᠡᠪ ᠦᠩᠬᠡ ᠶᠢᠨ ᠸᠠᠭᠠᠷ ᠰᠠᠪᠠ ᠶᠢᠨ ᠬᠡᠯᠳᠡᠷᠭᠡᠢ ᠠᠳᠡ ᠲᠡᠨᠳᠡ ᠦᠬᠡᠢ | ᠬᠠᠷᠠᠭᠳᠠᠨ᠎ᠠ᠃ ᠬᠤᠳᠠ ᠶᠢᠨ ᠪᠠᠭᠤᠷᠢ ᠶᠢᠨ ᠭᠠᠳᠠᠨ᠎ᠠ᠂ ᠵᠡᠬᠦᠨ ᠬᠤᠶᠢᠰᠢ ᠪᠠᠨ 50 ᠮᠧᠲᠷ ᠤᠨ ᠵᠠᠶᠢᠳᠠᠢ | ᠠᠭᠤᠯᠠᠨ ᠬᠦᠳᠦᠯ ᠲᠡᠭᠡᠷ᠎ᠡ ᠳ᠋ᠢᠶᠠᠮᠧᠲᠷ ᠨᠢ ᠲᠤᠰᠪᠤᠷᠢ 36 ᠮᠧᠲᠷ ᠪᠠ 24 ᠮᠧᠲᠷ ᠤᠨ ᠬᠤᠶᠠᠷ ᠭᠡᠰᠡᠭ ᠲᠤᠭᠤᠷᠢᠭ | ᠭᠡᠯᠪᠡᠷᠢᠳᠦ ᠪᠠᠭᠤᠷᠢ ᠪᠠᠶᠢᠭ᠎ᠠ ᠨᠢ ᠮᠠᠯ ᠤᠨ ᠬᠠᠰᠢᠶ᠎ᠠ ᠪᠠᠶᠢᠭᠰᠠᠨ ᠪᠤᠯᠤᠯᠳᠠᠢ᠃ ᠪᠠᠷᠢᠯᠭ᠎ᠠ ᠶᠢᠨ ᠬᠡᠯᠪᠡᠷᠢ ᠲᠦᠷᠰᠦ ᠪᠠ | ᠬᠠᠶᠠᠭᠳᠠᠵᠤ ᠦᠯᠡᠳᠡᠭᠳᠡᠭᠰᠡᠨ ᠡᠳ᠋ ᠪᠤᠳᠠᠰ ᠤᠨ ᠪᠠᠶᠢᠳᠠᠯ ᠢ ᠦᠨᠳᠦᠰᠦᠯᠡᠪᠡᠯ᠂ ᠲᠤᠰ ᠡᠷᠳᠡᠨ ᠤ ᠬᠤᠳᠠ ᠨᠢ | ᠮᠦᠨ ᠬᠦ᠋ ᠶᠤᠸᠠᠨ ᠤᠯᠤᠰ ᠤᠨ ᠦᠶ᠎ᠡ ᠳᠤ ᠪᠠᠶᠢᠭᠤᠯᠤᠭᠳᠠᠭᠰᠠᠨ ᠪᠠᠶᠢᠵᠤ᠂ ᠡᠬᠦᠳᠡᠨ ᠤ ᠪᠠᠬᠢᠯᠡᠯᠳᠡ᠂ ᠦᠨᠴᠦᠭ | ᠤᠨ ᠲᠠᠭᠳᠤ ᠪᠠᠶᠢᠭᠰᠠᠨ ᠠᠴᠠ ᠦᠵᠡᠬᠦ ᠳᠤ ᠴᠡᠷᠢᠭ ᠤᠨ ᠶᠠᠪᠤᠳᠠᠯ ᠤᠨ ᠰᠡᠷᠬᠡᠶᠢᠯᠡᠯᠳᠡ ᠶᠢᠨ ᠦᠢᠯᠡᠳᠦᠯ ᠲᠠᠢ | ᠪᠠᠷᠢᠯᠭ᠎ᠠ ᠪᠠᠶᠢᠵᠠᠢ᠃ ᠬᠤᠳᠠᠨ ᠲᠤᠮᠳᠠ ᠪᠠᠨ ᠭᠡᠷ ᠪᠠᠷᠢᠯᠭ᠎ᠠ ᠦᠬᠡᠢ ᠨᠢ ᠪᠠᠷᠤᠭ ᠲᠤᠬᠠᠢ ᠶᠢᠨ ᠦᠶ᠎ᠡ ᠶᠢᠨ ᠬᠦᠮᠦᠰ | ᠮᠤᠩᠭᠤᠯ ᠭᠡᠷ᠂ ᠴᠠᠴᠠᠷ ᠮᠠᠶᠢᠬᠠᠨ ᠵᠡᠷᠭᠡ ᠳᠤ ᠰᠠᠭᠤᠳᠠᠭ ᠠᠴᠠ ᠪᠤᠯᠤᠭᠰᠠᠨ ᠪᠠᠶᠢᠬ᠎ᠠ᠃ |