ᠦᠯᠢᠭᠡᠷ ᠶᠠᠷᠢᠬᠤ ᠪᠤᠯ ᠬᠡᠦᠭᠡᠳ ᠤᠨ ᠮᠠᠰᠢ ᠲᠤᠷᠠᠳᠠᠢ ᠤᠶᠤᠨ ᠤ ᠲᠤᠭᠯᠠᠭᠠᠮ ᠪᠤᠯᠤᠨ᠎ᠠ᠃ ᠶᠡᠷᠦ ᠠᠴᠠ | ᠤᠯᠠᠨ ᠴᠦᠬᠡᠨ ᠮᠡᠳᠡᠬᠦ ᠶᠢᠨ ᠢᠯᠭᠠᠭ᠎ᠠ ᠲᠠᠢ ᠠᠴᠠ ᠪᠢᠰᠢ᠂ ᠦᠯᠢᠬᠡᠷ ᠮᠡᠳᠡᠬᠦ ᠦᠬᠡᠢ ᠬᠡᠦᠬᠡᠳ ᠬᠡᠵᠦ ᠪᠠᠷᠤᠭ | ᠪᠠᠶᠢᠳᠠᠭ ᠦᠬᠡᠢ ᠪᠢᠯᠡ ᠃ ᠬᠡᠦᠬᠡᠳ ᠴᠤᠭᠯᠠᠷᠠᠵᠤ ᠨᠠᠭᠠᠳᠬᠤ ᠳᠠᠭᠠᠨ᠂ ᠢᠯᠠᠩᠭᠤᠶ᠎ᠠ ᠴᠠᠰᠤ ᠪᠤᠷᠤᠭᠠᠨ ᠤᠷᠤᠭᠠᠳ | ᠭᠠᠳᠠᠨ᠎ᠠ ᠭᠠᠷᠴᠤ ᠲᠤᠭᠯᠠᠬᠤ ᠶᠢᠨ ᠠᠷᠭ᠎ᠠ ᠦᠬᠡᠢ ᠦᠶᠡᠰ ᠦᠯᠢᠬᠡᠷ ᠶᠠᠷᠢᠬᠤ ᠨᠢ ᠠᠷᠪᠢᠨ᠂ ᠮᠦᠨ ᠬᠦᠳᠡᠭᠡ | ᠭᠠᠳᠠᠭ᠎ᠠ ᠬᠤᠷᠠᠭ᠎ᠠ ᠲᠤᠭᠤᠯ ᠬᠠᠷᠢᠭᠤᠯᠵᠤ ᠶᠠᠪᠤᠬᠤ ᠦᠶ᠎ᠡ ᠳᠤ ᠦᠯᠢᠬᠡᠷ ᠶᠠᠷᠢᠬᠤ ᠵᠠᠪᠰᠢᠶᠠᠨ ᠢᠯᠡᠬᠦᠦ ᠪᠠᠶᠢᠳᠠᠭ ᠃ | ᠲᠤᠮᠤᠴᠤᠤᠯ ᠴᠤ ᠦᠷᠬᠦᠯᠵᠢ ᠦᠯᠢᠬᠡᠷ ᠶᠠᠷᠢᠵᠤ ᠬᠡᠦᠬᠡᠳ ᠲᠡᠭᠡᠨ ᠴᠡᠭᠡᠵᠢᠯᠡᠬᠦᠯᠦᠨᠡ᠃ ᠠᠶᠢᠯ ᠤᠨ ᠡᠪᠦᠬᠡᠳ | ᠬᠦᠭᠰᠢᠳ ᠦᠯᠢᠬᠡᠷ ᠶᠠᠷᠢᠵᠤ ᠦᠭᠬᠦ ᠳᠤ ᠭᠡᠦᠬᠡᠳ ᠤᠳ ᠪᠠᠷᠤᠭ ᠠᠮᠠ ᠪᠠᠷ ᠨᠢ ᠤᠷᠤᠬᠤ ᠰᠢᠬᠠᠨ ᠪᠦᠯᠳᠡᠶᠢᠵᠦ | ᠴᠢᠩᠨᠠᠨ ᠰᠠᠭᠤᠵᠠᠭᠠᠳᠠᠭ᠃ ᠬᠡᠦᠬᠡᠳ ᠦᠳᠡᠰᠢ ᠤᠨᠳᠠᠬᠤ ᠠᠴᠠ ᠡᠮᠦᠨ᠎ᠡ ᠭᠡᠪᠳᠡᠷᠢ ᠲᠡᠭᠡᠷ᠎ᠡ ᠪᠠᠨ ᠦᠯᠢᠬᠡᠷ | ᠶᠠᠷᠢᠭᠤᠯᠤᠨ᠎ᠠ ᠬᠡᠵᠦ ᠭᠤᠶᠤᠳᠠᠭ᠃ ᠵᠠᠷᠢᠮ ᠳᠠᠭᠠᠨ ᠬᠡᠳᠦ ᠬᠡᠳᠦᠨ ᠦᠯᠢᠬᠡᠷ ᠶᠠᠷᠢᠭᠠᠳ ᠤᠨᠳᠠᠵᠤ ᠦᠭᠬᠦ ᠦᠬᠡᠢ᠂ | ᠪᠠᠶᠢᠨ ᠲᠠᠬᠢᠨ ᠨᠤᠷᠱᠤᠭᠠᠳ ᠪᠠᠶᠢᠬᠤᠯᠠᠷ ᠲᠤᠮᠤᠴᠤᠤᠯ ᠠᠷᠭ᠎ᠠ ᠶᠠᠳᠠᠬᠤ ᠳᠠᠭᠠᠨ ︽ᠦᠯᠢᠬᠡᠷ ᠶᠠᠷᠢᠪᠠᠯ ᠦᠯᠡᠶᠢᠭᠰᠡᠨ | ᠰᠤᠬᠤᠷ ᠪᠤᠯᠤᠨ᠎ᠠ᠂ ᠤᠨᠢᠰᠤᠭ᠎ᠠ ᠲᠠᠭᠠᠪᠠᠯ ᠤᠯᠠᠶᠢᠭᠰᠠᠨ ᠰᠤᠬᠤᠷ ᠪᠤᠯᠤᠨ᠎ᠠ᠂ ᠤᠳᠤ ᠠᠷᠪᠢᠨ ᠶᠠᠷᠢᠵᠤ ᠪᠤᠯᠬᠤ | ᠦᠬᠡᠢ᠂ ᠮᠠᠷᠭᠠᠰᠢ ᠵᠠᠯᠭᠠᠵᠤ ᠶᠠᠷᠢᠵᠤ ᠦᠭᠬᠦᠶ᠎ᠡ︾ ᠬᠡᠮᠡᠨ ᠠᠷᠭᠠᠳᠠᠵᠤ ᠤᠨᠳᠠᠭᠤᠯᠳᠠᠭ᠃ ᠮᠠᠷᠭᠠᠰᠢ ᠨᠢ ᠬᠡᠦᠭᠡᠳ | ᠡᠨᠡ ᠦᠬᠡ ᠪᠠᠨ ᠨᠡᠬᠡᠵᠦ ᠦᠯᠢᠬᠡᠷ ᠶᠠᠷᠢᠭᠤᠯᠬᠤ ᠪᠠᠷ ᠱᠠᠭᠠᠷᠳᠠᠬᠤ ᠳᠤ ︽ᠦᠴᠦᠭᠡᠳᠦᠷ ᠤᠨ ᠶᠠᠷᠢᠭᠰᠠᠨ ᠦᠯᠢᠬᠡᠷ | ᠢ ᠴᠡᠭᠡᠵᠢᠯᠡᠭᠰᠡᠨ ᠤᠤ︖︾ ᠭᠡᠮᠡᠨ ᠬᠡᠦᠬᠡᠳ ᠢᠶᠠᠷ ᠲᠠᠪᠳᠠᠨ ᠶᠠᠷᠢᠭᠤᠯᠵᠤ ᠴᠡᠭᠡᠵᠢᠯᠡᠬᠦᠯᠦᠨᠡ᠃ ᠢᠩᠬᠢᠵᠦ ᠦᠯᠢᠬᠡᠷ | ᠠᠷᠪᠢᠨ ᠴᠡᠭᠡᠵᠢᠯᠡᠭᠰᠡᠨ ᠬᠡᠦᠭᠡᠳ ᠢ ᠪᠤᠰᠤᠳ ᠭᠡᠦᠬᠡᠳ ᠶᠡᠭᠡ ᠯᠡ ᠪᠠᠭ᠋ᠠᠷᠬᠠᠳᠠᠭ᠃ ᠲᠠᠶᠢᠹᠤᠰᠧ ᠨᠤᠳᠤᠭ ᠲᠤ ︽ | ᠠᠯᠳᠠᠨ ᠭᠤᠷᠭᠤᠤᠯᠳᠠᠢ︾᠂ ︽ᠵᠠᠪᠠᠭ ᠤᠨ ᠬᠦᠦ︾᠂ ︽ᠠᠯᠳᠠᠨ ᠮᠦᠩᠬᠦᠨ ᠪᠦᠬᠡᠵᠢ︾᠂ ︽ᠠᠷᠭᠠᠳᠠᠢ ᠡᠪᠦᠬᠡᠨ︾ | ᠂ ︽ᠲᠤᠯᠤᠭᠠᠨ ᠴᠢᠳᠬᠦᠷ ᠨᠢᠬᠡ ᠡᠪᠦᠬᠡᠨ︾᠂ ︽ᠵᠡᠬᠡᠯᠡᠢ ᠮᠡᠷᠭᠡᠨ︾᠂ ︽ᠪᠤᠵᠤᠤᠯᠠᠢ ᠪᠤᠷᠤ ᠬᠦᠦ︾ ᠂᠂᠂᠂᠂ | ᠂ ᠵᠡᠷᠭᠡ ᠦᠯᠢᠭᠡᠷ ᠨᠦᠭᠦᠳ ᠶᠠᠷᠢᠭᠳᠠᠳᠠᠭ ᠪᠠᠶᠢᠯ᠎ᠠ ᠬᠡᠰᠡᠨ᠃ |