ᠲᠠᠶᠢᠹᠤᠰᠧ ᠨᠤᠳᠤᠭ ᠲᠠᠬᠢ  ᠭᠡᠭᠡᠷ᠎ᠡ ᠶᠢᠨ ᠠᠮᠢᠳᠠᠨ
ᠨᠡᠶᠢᠲᠡᠯᠡᠭᠰᠡᠨ ᠴᠠᠭ᠄
2023/6/13
   ᠲᠠᠶᠢᠹᠤᠰᠧ ᠨᠤᠳᠤᠭ ᠤᠨ ᠬᠢᠯᠢ  ᠳᠤ ᠤᠷᠢᠳᠤ ᠳᠠᠭᠠᠨ ᠵᠡᠭᠡᠷ᠎ᠡ᠂  ᠬᠦᠷᠦᠭᠡᠰᠦ  ᠂ ᠲᠠᠤᠯᠠᠢ᠂  ᠮᠠᠩᠬᠢᠰᠤ᠂ ᠪᠤᠯᠠᠭ᠎ᠠ᠂  ᠬᠢᠷᠰᠠ᠂  ᠬᠦᠷᠡᠨ᠎ᠡ᠂ ᠦᠨᠡᠭᠡ  ᠂  ᠴᠢᠨ᠋ᠸ᠎ᠠ᠂ ᠵᠠᠷᠠᠭ᠎ᠠ᠂ ᠮᠤᠭᠠᠢ ᠵᠢᠴᠢ  ᠪᠦᠷᠬᠦᠳ᠂ ᠡᠯᠢᠶ᠎ᠡ᠂ ᠬᠠᠷᠴᠠᠭᠠᠢ᠂ ᠲᠠᠭᠳᠠᠭ᠎ᠠ᠂  ᠱᠠᠭᠠᠵᠠᠭᠠᠢ᠂  ᠬᠦᠬᠦᠭᠡ᠂  ᠤᠭᠤᠯᠢ᠂ ᠬᠠᠶᠢᠷᠠᠭᠤᠴᠠᠢ᠂  ᠪᠦᠪᠡᠭᠡᠯᠵᠢ᠂ ᠠᠯᠠᠭ ᠪᠢᠯᠵᠤᠤᠬᠠᠢ᠂  ᠪᠤᠯᠵᠤᠮᠤᠷ᠂  ᠪᠦᠳᠦᠨ᠎ᠡ ᠵᠡᠷᠭᠡ 100 ᠭᠠᠷᠤᠢ ᠵᠦᠢᠯ ᠤᠨ ᠭᠡᠭᠡᠷ᠎ᠡ ᠶᠢᠨ ᠠᠮᠢᠳᠠᠨ ᠵᠢᠬᠦᠷᠳᠡᠨ  ᠪᠠᠶᠢᠪᠠ᠃  ᠲᠡᠭᠡᠷ᠎ᠡ ᠵᠠᠭᠤᠨ ᠤ ᠲᠠᠪᠢᠭᠠᠳ ᠤᠨ ᠤ ᠤᠨᠴᠠ ᠶᠡᠭᠡ ᠴᠠᠭᠠᠨ ᠵᠤᠳ ᠲᠤ ᠰᠦᠷᠦᠭ ᠰᠦᠷᠦᠭ ᠢᠶᠠᠷ ᠲᠠᠭᠰᠢᠳᠠᠭ ᠵᠡᠭᠡᠷ᠎ᠡ ᠬᠦᠷᠦᠭᠡᠰᠦ ᠨᠢ ᠡᠮᠦᠨ᠎ᠡ ᠲᠠᠪᠠᠭᠠᠨ ᠤ ᠡᠩᠬᠡᠷ ᠵᠦᠭ ᠤᠷᠤᠭᠤᠳᠠᠨ ᠪᠠᠭᠤᠵᠤ᠂ ᠶᠡᠭᠡ ᠬᠡᠮᠵᠢᠶ᠎ᠡ  ᠪᠠᠷ  ᠦᠬᠦᠵᠦ ᠬᠤᠬᠢᠷᠠᠭᠰᠠᠨ ᠪᠦᠬᠡᠳ᠂ ᠠᠭᠤᠯᠠ  ᠬᠠᠳᠠ᠂ ᠪᠤᠳᠠ ᠪᠤᠷᠭᠠᠰᠤᠨ ᠤ ᠨᠦᠮᠦᠷᠢ ᠳᠤ ᠬᠤᠷᠭᠤᠳᠠᠵᠤ ᠪᠠᠶᠢᠭᠰᠠᠨ ᠢ  ᠲᠡᠨᠳᠡᠬᠢ ᠬᠦᠮᠦᠰ ᠦᠷᠬᠦᠬᠡᠨ ᠲᠠᠭᠤᠵᠤ  ᠴᠠᠰᠤᠨ ᠳᠤ ᠰᠦᠬᠦᠳᠦᠬᠡᠨ ᠪᠠᠷᠢᠳᠠᠭ ᠪᠠᠶᠢᠵᠠᠢ᠃  ᠲᠡᠭᠷᠢ  ᠶᠢᠨ ᠵᠤᠳ᠂ ᠬᠦᠮᠦᠨ ᠤ ᠭᠠᠮᠰᠢᠭ ᠲᠤ ᠢᠩᠬᠢᠵᠦ ᠵᠡᠭᠡᠷ᠎ᠡ ᠬᠦᠷᠦᠭᠡᠰᠦ ᠨᠢ ᠦᠨᠡᠭᠡ  ᠴᠢᠨ᠋ᠸ᠎ᠠ ᠲᠠᠢ ᠪᠠᠨ ᠦᠨᠳᠦᠰᠦ ᠲᠠᠰᠤᠷᠠᠬᠤ ᠰᠢᠬᠠᠭᠠᠳ᠂  ᠲᠠᠯᠠᠭᠠᠳ ᠤᠨ ᠪᠤᠯᠬᠤ ᠳᠤ ᠦᠯᠡᠳᠡᠭᠰᠡᠨ  ᠨᠢᠬᠡ ᠤᠭᠤᠨᠤ᠂  ᠲᠠᠪᠤᠨ ᠰᠢᠷᠠᠭᠴᠢᠨ᠂ ᠬᠤᠶᠠᠷ ᠢᠨᠵᠠᠭ᠎ᠠ ᠲᠠᠢ ᠨᠠᠢᠮᠠᠨ  ᠵᠡᠭᠡᠷ᠎ᠡ ᠨᠢ ᠪᠡᠷᠭᠡ ᠶᠢᠨ ᠠᠭᠤᠯᠠ  ᠪᠤᠯᠤᠨ ᠲᠤᠭᠤᠷᠤᠤ ᠶᠢᠨ ᠲᠠᠯ᠎ᠠ ᠶᠢᠨ ᠬᠤᠭᠤᠷᠤᠨᠳᠤ ᠭᠤᠯᠬᠢᠭᠰᠠᠭᠠᠷ ᠪᠠᠶᠢᠭᠰᠠᠨ ᠢᠶᠠᠨ ᠰᠡᠬᠦᠯᠡᠷ ᠨᠢ ᠤᠷᠤ ᠮᠦᠷ ᠦᠬᠡᠢ  ᠪᠤᠯᠤᠯ᠎ᠠ ᠭᠡᠳᠡᠭ᠃   ᠤᠳᠤ  ᠪᠡᠯᠴᠢᠭᠡᠷ ᠤᠰᠤ ᠮᠠᠭᠤᠳᠠᠭᠰᠠᠨ ᠠᠴᠠ ᠪᠤᠯᠤᠭᠠᠳ ᠵᠦᠪᠬᠡᠨ ᠴᠦᠬᠡᠪᠦᠷᠢ ᠲᠤᠭᠠᠨ ᠤ ᠦᠨᠡᠭᠡ᠂  ᠬᠢᠷᠰᠠ᠂ ᠮᠠᠩᠬᠢᠰᠤ ᠂  ᠲᠠᠤᠯᠠᠢ᠂ ᠵᠠᠷᠠᠭ᠎ᠠ  ᠮᠡᠳᠦ ᠶᠢᠨ ᠠᠮᠢᠳᠠᠳ  ᠪᠠ ᠱᠠᠭᠠᠵᠠᠭᠠᠢ᠂  ᠪᠦᠷᠬᠦᠳ᠂ ᠡᠯᠢᠶ᠎ᠡ᠂ ᠪᠤᠯᠵᠤᠮᠤᠷ ᠮᠡᠳᠦ ᠶᠢᠨ ᠵᠢᠬᠦᠷᠳᠡᠨ ᠯᠠ  ᠠᠭᠤᠯᠠ ᠭᠠᠩᠭ᠎ᠠ᠂  ᠲᠡᠷᠡᠰᠦᠨ ᠪᠤᠳᠠ ᠪᠠᠷ ᠤᠷᠤᠩᠨᠠᠨ ᠠᠮᠢᠳᠤᠷᠠᠵᠤ ᠪᠤᠢ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号