ᠤᠪᠤᠭ᠎ᠠ  ᠬᠠᠶᠢᠷᠬᠠᠳ —  ᠬᠡᠦᠭᠡᠳ ᠤᠨ ᠤᠪᠤᠭ᠎ᠠ
ᠨᠡᠶᠢᠲᠡᠯᠡᠭᠰᠡᠨ ᠴᠠᠭ᠄
2023/3/3
   ᠲᠠᠶᠢᠹᠤᠰᠧ ᠵᠡᠬᠦᠨ ᠭᠠᠷ ᠰᠦᠷᠦᠭ  ︵ᠬᠤᠰᠢᠭᠤ︶ ᠤᠨ ᠬᠠᠮᠤᠭ ᠰᠡᠬᠦᠯᠴᠢ ᠶᠢᠨ ᠠᠮᠪᠠᠨ ᠰᠡᠷᠡᠩᠨᠠᠮᠵᠢᠯ ᠨᠤᠳᠤᠭ ᠤᠰᠤᠨ ᠤ ᠪᠠᠨ ᠬᠡᠶᠢᠮᠦᠷᠢ ᠰᠦᠯᠳᠡ ᠶᠢ ᠮᠠᠨᠳᠤᠭᠤᠯᠤᠨ᠎ᠠ ᠬᠡᠮᠡᠨ ᠤᠪᠤᠭ᠎ᠠ ᠪᠤᠩᠬᠤᠨ ᠢᠶᠠᠨ ᠰᠢᠨᠡᠳᠭᠡᠨ ᠵᠠᠰᠠᠵᠤ᠂ ᠠᠭᠤᠯᠠ ᠤᠰᠤᠨ ᠤ ᠪᠠᠨ ᠨᠠᠪᠳᠠᠭ ᠰᠠᠪᠳᠠᠭ ᠢ  ᠰᠡᠷᠬᠦᠬᠡᠨ ᠲᠠᠬᠢᠬᠤ ᠠᠵᠢᠯ ᠢ ᠶᠡᠬᠡᠪᠡᠷ ᠬᠢᠭᠰᠡᠨ ᠪᠠᠶᠢᠵᠠᠢ᠃ ᠲᠡᠭᠡᠭᠡᠳ ᠲᠠᠷᠤᠭ᠎ᠠ ᠨᠤᠶᠠᠳ᠂ ᠯᠠᠮᠠ ᠬᠤᠸᠠᠷᠠᠭ  ᠂ ᠦᠵᠡᠬᠡᠴᠢ ᠰᠢᠨᠵᠢᠬᠡᠴᠢ ᠪᠠᠨ ᠲᠠᠭᠠᠭᠤᠯᠤᠨ᠂ ᠠᠭᠤᠯᠠ  ᠤᠰᠤ  ᠶᠢ ᠰᠢᠨᠵᠢᠵᠦ ᠶᠠᠪᠤᠭᠰᠠᠭᠠᠷ ᠬᠠᠩᠭᠠᠢ ᠠᠭᠤᠯᠠ ᠶᠢᠨ ᠡᠩᠬᠡᠷ᠂ ᠬᠠᠰᠢᠶᠠᠳᠤ  ᠨᠠᠭᠤᠷ ᠤᠨ ᠬᠦᠪᠡᠭᠡ᠂ ᠪᠠᠷᠠᠭᠤᠨ ᠪᠤᠯᠠᠭ  ᠤᠨ ᠰᠦᠪᠡᠭᠡᠨ ᠳᠤ ᠪᠠᠶᠢᠷᠢᠰᠢᠭᠰᠠᠨ ᠪᠢᠴᠢᠬᠠᠨ ᠴᠦᠮᠴᠦᠭᠡᠷ ᠠᠭᠤᠯᠠ   ᠶᠢ ᠰᠤᠩᠭᠤᠵᠤ᠂  ᠬᠤᠰᠢᠭᠤ ᠨᠡᠶᠢᠳᠡ ᠶᠢᠨ ᠭᠡᠦᠭᠡᠳ ᠤᠨ ᠤᠪᠤᠭ᠎ᠠ  ᠪᠤᠯᠭᠠᠵᠤ᠂ ᠪᠤᠮᠪᠠ ᠪᠦᠳᠦᠭᠡᠯᠬᠡᠨ ᠲᠠᠷᠤᠵᠤ ᠰᠦᠵᠢᠭᠯᠡᠨ ᠲᠠᠬᠢᠭᠰᠠᠨ ᠬᠡᠨ᠎ᠡ  ᠃  ᠲᠤᠬᠠᠢ  ᠶᠢᠨ ᠦᠶᠡᠰ ᠲᠠᠶᠢᠨ ᠲᠠᠵᠢᠨ ᠤ ᠲᠠᠯᠬᠢᠭᠳᠠᠯ᠂  ᠠᠮᠢᠳᠤᠷᠠᠯ ᠠᠬᠤᠢ ᠶᠢᠨ ᠬᠦᠴᠢᠷᠳᠡᠯ᠂ ᠡᠪᠡᠳᠴᠢᠨ ᠡᠮᠭᠡᠭ ᠤᠨ ᠨᠡᠮᠡᠭᠳᠡᠯ ᠵᠡᠷᠭᠡ ᠠᠴᠠ ᠰᠢᠯᠳᠠᠭᠠᠯᠠᠵᠤ᠂ ᠮᠠᠯᠵᠢᠬᠤ ᠤᠷᠤᠨ ᠳᠤ  ᠬᠡᠦᠭᠡᠳ ᠶᠡᠬᠡᠪᠡᠷ ᠴᠦᠭᠡᠷᠡᠭᠰᠡᠨ ᠪᠠᠶᠢᠵᠠᠢ᠃ 1947 ᠤᠨ ᠳᠤ ᠬᠡᠦᠭᠡᠳ ᠤᠨ ᠤᠪᠤᠭ᠎ᠠ   ᠶᠢ  ᠡᠬᠢᠯᠡᠨ ᠲᠠᠬᠢᠮᠠᠭᠴᠠ ᠭᠤᠴᠢ ᠬᠦᠷᠬᠦ ᠦᠬᠡᠢ  ᠠᠶᠢᠯ ᠡᠷᠦᠬᠡ ᠲᠠᠢ ᠬᠠᠰᠢᠶᠠᠳᠤ ᠨᠤᠳᠤᠭ ᠲᠤ ᠨᠢᠬᠡᠯᠡ ᠵᠢᠯ ᠳᠤ ᠠᠷᠪᠠᠨ ᠭᠡᠳᠦᠨ ᠬᠡᠦᠭᠡᠳ ᠲᠦᠷᠦᠭᠰᠡᠨ ᠶᠤᠮ ᠭᠡᠨ᠎ᠡ᠃ ᠡᠬᠦᠨ ᠢ ᠰᠤᠨᠤᠰᠤᠭᠰᠠᠨ ᠰᠡᠷᠡᠩᠨᠠᠮᠵᠢᠯ ᠠᠮᠪᠠᠨ ︽ᠲᠠᠶᠢᠹᠤᠰᠧ ᠵᠡᠬᠦᠨ ᠭᠠᠷ ᠤᠨ ᠭᠡᠦᠭᠡᠳ ᠤᠨ ᠤᠪᠤᠭ᠎ᠠ ᠶᠢ ᠬᠠᠰᠢᠶᠠᠳᠤ ᠳᠤ ᠰᠦᠭᠯᠡᠭᠰᠡᠨ ᠴᠢᠨᠢ  ᠬᠡᠦᠭᠡᠳ ᠨᠢ ᠪᠦᠷ ᠬᠠᠰᠢᠶᠠᠳᠤ ᠳᠤ ᠲᠦᠷᠦᠴᠢᠭᠡᠭᠰᠡᠨ ᠶᠤᠮ ᠪᠤᠯᠪᠠᠤ︾ ᠭᠡᠵᠦ ᠪᠠᠶᠠᠷᠯᠠᠨ ᠬᠦᠭᠰᠡᠯ᠎ᠡ ᠬᠡᠵᠦ ᠨᠠᠰᠤᠳᠠᠶᠢᠴᠤᠳ ᠬᠠᠭᠤᠴᠢᠯᠠᠳᠠᠭ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号