ᠤᠪᠤᠭ᠎ᠠ  ᠬᠠᠶᠢᠷᠬᠠᠳ —  ᠨᠤᠶᠠᠨ ᠤᠪᠤᠭ᠎ᠠ
ᠨᠡᠶᠢᠲᠡᠯᠡᠭᠰᠡᠨ ᠴᠠᠭ᠄
2023/4/11
     ᠪᠠᠰᠠ ᠪᠠᠷᠠᠭᠤᠨ ᠤᠪᠤᠭ᠎ᠠ᠂ ᠦᠴᠢ ᠤᠪᠤᠭ᠎ᠠ ᠭᠡᠳᠡᠭ᠃  ᠤᠪᠤᠭᠠᠨ ᠤ ᠠᠷᠤ ᠶᠢᠨ ᠠᠭᠤᠯᠠᠨ ᠲᠡᠭᠡᠷ᠎ᠡ ᠰᠠᠭᠯᠠᠭᠠᠷ ᠮᠤᠳᠤ ᠨᠤᠭᠤᠭᠠᠷᠠᠵᠤ᠂ ᠤᠳᠤᠭ ᠵᠢᠩᠰᠡ ᠵᠡᠬᠦᠭᠰᠡᠨ  ᠡᠷᠬᠢᠮ ᠨᠤᠶᠠᠨᠳᠠᠨ ᠰᠠᠭᠤᠭ᠎ᠠ ᠮᠡᠳᠦ ᠬᠠᠷᠠᠭᠳᠠᠳᠠᠭ  ᠢᠶᠠᠷ ᠢᠶᠠᠨ ᠢᠩᠬᠢᠵᠦ  ᠨᠡᠷᠡᠯᠡᠭᠰᠡᠨ ᠪᠠᠶᠢᠬᠤ ᠤᠤ᠃  ᠨᠤᠶᠠᠨ ᠤᠪᠤᠭᠠᠨ ᠤ ᠪᠤᠶᠠᠨ ᠢᠪᠡᠭᠡᠯ ᠢᠶᠠᠷ ᠡᠨᠡ ᠨᠤᠳᠤᠭ  ᠠᠴᠠ ᠤᠯᠠᠨ ᠠᠷᠪᠢᠨ ᠭᠡᠷᠭᠡᠮᠳᠡᠨ ᠨᠤᠶᠠᠨᠳᠠᠨ ᠴᠤᠯᠭᠤᠷᠠᠵᠤ ᠭᠠᠷᠤᠯ᠎ᠠ ᠬᠡᠵᠦ ᠶᠠᠷᠢᠳᠠᠭ᠃ ᠠᠳᠡ ᠲᠤᠯᠤᠭᠠᠨ ᠦᠶ᠎ᠡ  ᠶᠢᠨ ᠠᠮᠪᠠᠨ ᠭᠠᠷᠤᠭᠰᠠᠨ ᠰᠤᠷᠪᠤᠯᠵᠢᠳᠤ ᠡᠷᠦᠬᠡ ᠪᠤᠢ᠃ ᠴᠠᠬᠠᠷ ᠴᠢᠭᠤᠯᠭᠠᠨ ᠤ ᠦᠶᠡᠰ᠂ ᠵᠤᠳᠪᠠᠵᠠᠪ ᠠᠮᠪᠠᠨ ᠴᠠᠬᠠᠷ ᠤᠨ ᠡᠮᠦᠨᠡᠳᠦ ᠬᠤᠰᠢᠭᠤᠳ ᠤᠨ ᠴᠡᠷᠢᠭ ᠢ ᠲᠠᠭᠠᠭᠤᠯᠤᠨ᠂ ᠪᠤᠭᠳᠠ ᠶᠢᠨ ᠬᠦᠷᠢᠶ᠎ᠡ ᠶᠢᠨ ᠴᠡᠷᠢᠭ ᠲᠠᠢ  ᠪᠠᠶᠢᠯᠳᠤᠭᠠᠳ ᠪᠤᠴᠠᠬᠤ ᠳᠤ ᠲᠠᠶᠢᠹᠤᠰᠧ ᠵᠡᠬᠦᠨ ᠭᠠᠷ ᠤᠨ ᠴᠡᠷᠢᠭ ᠮᠠᠨᠠᠨ ᠲᠠᠢ ᠰᠦᠨᠢ ᠵᠠᠮ ᠲᠦᠭᠡᠷᠢᠭᠡᠳ ᠭᠡᠴᠡᠬᠦᠳᠡᠵᠡᠢ᠃ ᠲᠡᠭᠡᠬᠦ ᠳᠤ ᠴᠠᠭᠠᠨ ᠰᠠᠷᠠᠯ ᠮᠤᠷᠢ ᠲᠠᠢ ᠵᠠᠩᠵᠤᠨ ᠢᠯᠡᠷᠡᠵᠦ᠂ ᠲᠡᠳᠡᠨ ᠢ ᠲᠠᠭᠠᠭᠤᠯᠤᠨ ᠲᠠᠶᠢᠹᠤᠰᠧ ᠨᠤᠳᠤᠭ ᠲᠤᠨᠢ ᠠᠪᠤᠭᠠᠳ  ᠬᠠᠷᠢᠭᠰᠠᠨ ᠬᠡᠨ᠎ᠡ᠃ ᠡᠶᠢᠮᠦ ᠠᠴᠠ ᠨᠤᠶᠠᠨ ᠤᠪᠤᠭᠠᠨ ᠤ ᠡᠵᠡᠨ ᠰᠦᠯᠳᠡ ᠨᠢ ᠴᠠᠭᠠᠨ ᠰᠠᠷᠠᠯ ᠮᠤᠷᠢ ᠲᠠᠢ ᠵᠠᠩᠵᠤᠨ ᠬᠡᠵᠦ ᠨᠠᠰᠤᠳᠠᠶᠢᠴᠤᠳ ᠬᠠᠭᠤᠴᠢᠯᠠᠳᠠᠭ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号