ᠭᠠᠯ ᠢ ᠰᠢᠳᠦᠵᠦ ᠂ ᠭᠠᠯ ᠢ ᠲᠠᠬᠢᠬᠤ ᠨᠢ ᠮᠤᠩᠭᠤᠯ ᠦᠨᠳᠦᠰᠦᠳᠡᠨ ᠤ ᠡᠷᠳᠡ ᠲᠡᠭᠡᠷ᠎ᠡ ᠦᠶ᠎ᠡ ᠠᠴᠠ | ᠤᠯᠠᠮᠵᠢᠯᠠᠭᠳᠠᠭᠰᠠᠭᠠᠷ ᠢᠷᠡᠭᠰᠡᠨ ᠵᠠᠩ ᠲᠠᠳᠬᠠᠯ ᠪᠠ ᠶᠤᠰᠤ ᠵᠢᠷᠤᠮ ᠤᠨ ᠨᠢᠭᠡ ᠪᠤᠯᠤᠨ᠎ᠠ᠃ ᠮᠣᠩᠭᠤᠯᠴᠣᠳ | ᠡᠷᠲᠡ ᠲᠡᠬᠡᠲᠤ ᠠᠴᠠ ᠠᠪᠣᠭᠠᠳ ᠭᠠᠯ ᠪᠣᠯ ᠬᠥᠮᠣᠨ ᠲᠥᠷᠣᠯᠬᠢᠲᠡᠨ ᠤ ᠣᠷᠣᠰᠢᠨ ᠲᠣᠡᠨᠲᠠᠨᠢᠬᠤ ᠳᠤ ᠲᠣᠳ᠋ᠬᠠᠲᠠᠵᠤ | ᠪᠣᠯᠣᠰᠢ ᠦᠬᠡᠢ ᠬᠡᠰᠡᠨ ᠢ ᠣᠬᠠᠭᠠᠷᠡᠵᠤ ᠮᠡᠲᠡᠭᠰᠡᠨ ᠠᠴᠠ ︽ ᠬᠡᠰᠢᠭ ᠲᠠᠢ ᠶᠠᠭᠤᠮ᠎ᠡ ᠭᠠᠯ ᠲᠡᠬᠡᠷ᠎ᠠ ᠣᠨᠠᠨᠡ᠂ | ᠬᠢᠯᠢᠡᠴᠠ ᠲᠠᠢ ᠶᠠᠭᠤᠮ᠎ᠡ ᠭᠠᠲᠡᠰᠣᠨ ᠲᠡᠬᠡᠷ᠎ᠠ ᠣᠨᠡᠨᠡ︾ ᠬᠡᠵᠤ ᠦᠶ᠎ᠠ ᠶᠢᠨ ᠦᠶ᠎ᠠ ᠳᠡᠭᠡᠨ ᠭᠠᠯ ᠢ ᠲᠡᠬᠡᠲᠣᠯᠡᠨ | ᠬᠥᠡᠲᠣᠳᠬᠡᠭᠰᠡᠬᠡᠷ ᠢᠷᠡᠵᠡᠢ᠃ ᠲᠠᠶᠢᠹᠣᠰᠧ ᠵᠡᠬᠦᠨ ᠭᠠᠷ ᠰᠥᠷᠦᠭ ᠨᠢ ᠬᠥᠪᠡᠬᠡᠲᠤ ᠰᠢᠷ᠎ᠠ᠂ ᠬᠥᠯᠤ ᠴᠠᠭᠠᠨ᠂ | ᠬᠥᠪᠡᠬᠡᠲᠣ ᠴᠠᠭᠠᠨ᠂ ᠬᠦᠯᠦ ᠬᠥᠬᠡ ᠵᠡᠷᠬᠡ ᠲᠥᠷᠪᠡᠨ ᠬᠤᠰᠢᠭᠤᠳ ᠠᠴᠠ ᠴᠣᠡᠨᠯᠠᠷᠡᠨ ᠪᠥᠷᠢᠯᠲᠣᠭ᠍ᠰᠡᠨ ᠪᠣᠯᠬᠤᠷ | ᠡᠯ᠎ᠡ ᠡᠬᠡ ᠬᠤᠰᠢᠭᠤᠳ ᠤᠨ ᠵᠠᠩ ᠥᠢᠯᠡ ᠴᠦ ᠬᠤᠭᠤᠷᠣᠡᠲᠣ ᠪᠠᠨ ᠪᠠᠭ᠎ᠠ ᠰᠠᠭ᠎ᠠ ᠵᠥᠷᠢᠶ᠎ᠠ ᠲᠠᠢ ᠪᠠᠶᠢᠲᠠᠭ᠃ ᠭᠠᠯ | ᠤᠨ ᠲᠠᠬᠢᠯᠭ᠎ᠠ ᠶᠢᠨ ᠵᠠᠩ ᠵᠢᠷᠤᠮ ᠨᠢ ᠵᠦᠷᠢᠶ᠎ᠡ ᠲᠠᠢ ᠪᠠᠶᠢᠳᠠᠭ ᠴᠦ ᠬᠠᠮᠢᠭ᠎ᠠ ᠭᠠᠵᠠᠷ ᠠᠴᠠ ᠬᠡᠨ ᠬᠦᠮᠦᠨ | ᠢᠷᠡᠭᠰᠡᠨ ᠴᠦ ᠲᠤᠯᠭ᠎ᠠ ᠶᠢᠨ ᠭᠠᠯ ᠳᠤ ᠡᠷᠬᠦᠴᠡ ᠡᠷᠭᠦᠵᠤ᠂ ᠰᠦᠵᠢᠭᠯᠡᠨ ᠮᠦᠷᠭᠦᠬᠦ ᠨᠢ ᠠᠳᠠᠯᠢᠬᠠᠨ ᠶᠤᠮ᠃ | ᠲᠠᠶᠢᠹᠤᠰᠧ ᠮᠤᠩᠭᠤᠯᠴᠤᠳ ᠬᠦᠭᠡᠭᠡ ᠰᠠᠷ᠎ᠠ ᠶᠢᠨ ᠬᠤᠷᠢᠨ ᠭᠤᠷᠪᠠᠨ ᠳᠤ ᠭᠠᠯ ᠢᠶᠠᠨ ᠲᠠᠬᠢᠨ᠎ᠠ᠃ ᠡᠨᠡ | ᠡᠳᠦᠷ ᠢ ︽ᠭᠠᠯ ᠲᠠᠬᠢᠬᠤ ᠶᠢᠨ ᠬᠤᠷᠢᠨ ᠭᠤᠷᠪᠠᠨ︾ ᠭᠡᠳᠡᠭ᠂ ᠪᠠᠰᠠ ︽ᠪᠠᠭ᠎ᠠ ᠴᠠᠭᠠᠨ ᠰᠠᠷ᠎ᠠ︾ ᠬᠡᠵᠦ | ᠬᠡᠯᠡᠳᠡᠭ᠃ ᠭᠠᠯ ᠤᠨ ᠪᠤᠷᠬᠠᠨ ᠪᠤᠯ ᠬᠤᠷᠢᠨ ᠭᠤᠷᠪᠠᠨ ᠪᠤᠶᠤ ᠬᠤᠷᠢᠨ ᠲᠦᠷᠪᠡᠨ ᠤ ᠡᠳᠦᠷ ᠲᠡᠭᠷᠢ ᠳᠤ ᠭᠠᠷᠴᠤ | ᠬᠦᠮᠦᠨ ᠤ ᠪᠤᠶᠠᠨ ᠬᠢᠯᠢᠨᠴᠡ ᠶᠢ ᠮᠡᠳᠡᠬᠦᠯᠬᠦ ᠪᠠᠷ ᠶᠠᠪᠤᠬᠤ ᠤᠴᠢᠷ ᠠᠴᠠ ᠦᠳᠡᠨ ᠮᠤᠷᠳᠠᠭᠤᠯᠵᠤ ᠲᠠᠬᠢᠵᠤ ᠪᠠᠶᠢᠨ᠎ᠠ | ᠭᠡᠳᠡᠭ᠃ ᠭᠠᠯ ᠲᠠᠬᠢᠬᠤ ᠡᠲᠣᠷ ᠤᠲᠤᠭ᠎ᠠ ᠲᠤᠭᠤᠰᠤ ᠬᠥᠲᠡᠯᠬᠡᠬᠦ ᠦᠬᠡᠢ ᠲᠣᠯᠡ ᠠᠶᠢᠯ ᠪᠤᠯᠭᠠᠨ ᠬᠤᠷᠢᠨ ᠭᠤᠷᠪᠠᠨ | ᠠᠴᠠ ᠡᠮᠦᠨ᠎ᠡ ᠡᠷᠭᠡᠪᠰᠢ ᠤᠳᠤᠭ᠎ᠠ ᠲᠤᠭᠤᠰᠤ ᠪᠠᠨ ᠱᠦᠬᠦᠷᠳᠡᠨ᠂ ᠲᠡᠪᠢᠰᠭᠡᠷ ᠬᠤᠮ ᠢᠶᠠᠨ ᠬᠦᠪᠢᠵᠦ᠂ ᠬᠡᠷ | ᠬᠦᠷᠢᠶ᠎ᠡ ᠪᠠᠨ ᠴᠡᠪᠡᠷᠯᠡᠨ᠂ ᠲᠤᠯᠭ᠎ᠠ ᠶᠢᠨ ᠬᠠᠵᠠᠭᠤ ᠳᠠᠬᠢ ᠰᠢᠷᠤᠢ ᠶᠢ ᠰᠢᠨ᠎ᠡ ᠰᠢᠷᠤᠢ ᠪᠠᠷ ᠰᠣᠯᠢᠵᠤ ᠴᠡᠪᠡᠷ | ᠪᠠᠶᠢᠯᠭᠠᠨ᠎ᠡ᠃ ᠭᠠᠯ ᠲᠠᠬᠢᠬᠤ ᠨᠢ ᠭᠡᠷᠡᠭ ᠲᠡᠭᠡᠷ᠎ᠡ ᠪᠠᠨ ᠵᠢᠯ ᠴᠠᠭᠠᠨ ᠰᠠᠷ᠎ᠠ ᠪᠠᠨ ᠤᠭᠳᠤᠬᠤ ᠠᠵᠢᠯᠯᠠᠭᠠᠨ ᠤ | ᠬᠦᠰᠢᠭᠡ ᠨᠡᠭᠡᠭᠡᠭᠳᠡᠭᠰᠡᠨ ᠢ ᠬᠠᠷᠠᠭᠤᠯᠵᠤ ᠪᠠᠶᠢᠭ᠎ᠠ ᠶᠤᠮ᠃ | ᠲᠡᠭᠡᠬᠦ ᠳᠡᠭᠡᠨ ᠪᠡᠯᠡᠳᠭᠡᠯ ᠠᠵᠢᠯ ᠢ ᠡᠷᠳᠡ ᠠᠴᠠ ᠬᠢᠨ᠎ᠡ᠃ ᠭᠠᠯ ᠲᠠᠬᠢᠬᠤ ᠳᠤ ᠭᠡᠷᠡᠭᠯᠡᠬᠦ ᠬᠤᠨᠢ ᠶᠢ | ᠡᠪᠣᠯ ᠤᠨ ᠡᠬᠢᠨ ᠳᠤ ᠮᠠᠯ ᠡᠴᠡᠬᠦ ᠠᠴᠠ ᠡᠮᠣᠨ᠎ᠡ ᠬᠠᠷ᠎ᠠ ᠲᠡᠷᠢᠬᠦᠨ᠂ ᠰᠢᠷ᠎ᠠ ᠲᠡᠷᠢᠬᠦᠨ ᠪᠣᠶᠣ ᠴᠠᠭᠠᠨ ᠵᠢᠰᠣᠮ ᠤᠨ | ᠡᠪᠡᠳᠴᠢᠨ ᠡᠮᠭᠡᠭ ᠦᠬᠡᠢ᠂ ᠥᠬᠡᠳᠠ ᠡᠰᠡᠷᠡᠭ ᠰᠥᠷᠦᠭ ᠤᠨ ᠲᠥᠷᠣᠬᠦᠣ ᠡᠷ᠎ᠠ ᠬᠤᠨᠢ ᠶᠢ ᠰᠣᠩᠭᠤᠵᠤ᠂ ︽ᠮᠠᠯ | ᠰᠦᠷᠥᠭ ᠤᠨ ᠲᠥᠷᠣᠬᠦᠣ᠂ ᠮᠠᠨ ᠤ ᠠᠶᠢᠯ ᠤᠨ ᠰᠢᠲᠣᠯᠬᠡ᠂ ᠶᠡᠷᠡ ᠶᠢᠰᠣᠨ ᠲᠡᠭᠷᠢ ᠶᠢ ᠲᠠᠬᠢᠬᠤ᠂ ᠣᠩᠭᠤᠨ | ᠴᠠᠭᠠᠨ ᠬᠤᠨᠢ ᠡᠨᠡ ᠪᠢᠯᠡ︾ ᠬᠡᠬᠦ ᠮᠡᠲᠣ ᠪᠠᠷ ᠮᠬᠠᠲᠡᠨ ᠢᠷᠣᠬᠡᠵᠤ᠂ ᠬᠦᠵᠢ ᠤᠲᠣᠯᠭᠠ ᠪᠠᠷ ᠠᠷᠢᠭᠤᠯᠡᠵᠤ | ᠪᠠᠷᠠᠭᠠᠳ ᠲᠣᠰᠬᠠᠢ ᠬᠥᠮᠣᠨ ᠵᠠᠯᠡᠵᠤ ᠨᠢᠳᠤᠯᠤᠭᠤᠯᠤᠨ᠂ ᠡᠪᠴᠢᠬᠦᠦ᠂ ᠱᠠᠭᠠᠨᠳᠤ᠂ ᠲᠦᠷᠪᠡᠨ ᠦᠨᠳᠦᠷ᠂ ᠭᠤᠰ | ᠬᠤᠰᠬᠢᠨᠠᠭ ᠵᠡᠷᠭᠡ ᠶᠢ ᠶᠤᠰᠤᠴᠢᠯᠠᠨ ᠰᠠᠶᠢᠬᠠᠨ ᠠᠪᠴᠤ ᠪᠡᠯᠡᠳᠭᠡᠨ ᠲᠠᠯᠪᠢᠳᠠᠭ᠃ ᠬᠤᠨᠢ ᠪᠠᠨ ᠡᠪᠲᠡᠬᠦ ᠳᠡᠭᠡᠨ | ᠡᠪᠴᠢᠬᠦᠨ ᠤ ᠠᠷᠡᠰᠣ ᠶᠢ ᠪᠥᠬᠦᠨ ᠢ ᠥᠪᠴᠢᠬᠦ ᠦᠬᠡᠢ ᠠᠯᠠᠭ᠎ᠠ ᠲᠠᠷᠣᠮᠡ ᠠᠷᠡᠰᠣ ᠲᠠᠢ ᠨᠢ ᠠᠪᠴᠣ᠂ ᠡᠪᠴᠢᠬᠦᠨ ᠤ | ᠬᠤᠷᠮᠣᠢ ᠶᠢ ᠶᠡᠭᠡ ᠪᠠᠷ ᠪᠠᠭᠤᠯᠠᠭᠠᠨ ᠠᠪᠲᠠᠭ ᠪᠥᠭᠡᠳ ᠡᠪᠴᠢᠬᠦᠤ ᠶᠢᠨ ᠠᠷᠠᠰᠣ ᠶᠢ ᠪᠣᠴᠠᠯᠣᠡᠨᠰᠡᠨ ᠣᠰᠤ ᠪᠠᠷ | ᠵᠣᠮᠡᠯᠵᠤ ᠥᠰᠤ ᠶᠢ ᠨᠢ ᠴᠡᠪᠡᠷᠯᠡᠲᠡᠭ ᠃ ᠬᠤᠷᠢᠨ ᠭᠤᠷᠪᠠᠨ ᠤ ᠡᠳᠦᠷ ᠡᠪᠴᠢᠬᠦᠦ᠂ ᠱᠠᠭᠠᠨᠳᠤ᠂ ᠲᠦᠷᠪᠡᠨ | ᠦᠨᠳᠦᠷ᠂ ᠭᠤᠰ ᠬᠤᠰᠬᠢᠨᠠᠭ ᠵᠡᠷᠭᠡ ᠶᠢ ᠴᠢᠨᠠᠵᠤ ᠪᠡᠯᠡᠳᠭᠡᠬᠦ ᠶᠢᠨ ᠬᠠᠮᠳᠤ ᠪᠠᠰᠠ ᠦᠬᠡᠷ ᠤᠨ ᠰᠡᠭᠡᠷ ᠨᠢᠷᠤᠭᠤ᠂ | ᠬᠠᠪᠢᠰᠤ ᠴᠢᠨᠠᠵᠤ ᠂ ︽ᠭᠠᠯ ᠤᠨ ᠢᠳᠡᠭᠡᠨ︾ ᠬᠡᠮᠡᠨ ᠡᠪᠴᠢᠬᠦᠦ ᠴᠢᠨᠠᠭᠰᠠᠨ ᠱᠦᠯᠦᠨ ᠳᠡᠭᠡᠨ ᠬᠤᠨᠤᠭ ᠪᠤᠳᠠᠭ᠎ᠠ | ᠠᠭᠰᠢᠭᠠᠵᠤ ᠪᠡᠯᠡᠳᠭᠡᠨ᠎ᠡ᠃ ᠪᠠᠰᠠ ᠦᠬᠡᠬᠦ᠂ ᠰᠢᠷ᠎ᠠ ᠲᠣᠰᠣ᠂ ᠬᠠᠷ᠎ᠠ ᠠᠷᠢᠬᠢ ᠵᠡᠷᠬᠡ ᠡᠷᠬᠦᠴᠡ ᠶᠢᠨ ᠵᠦᠢᠯ ᠂ | ᠠᠷᠴᠠ᠂ ᠬᠦᠵᠢ᠂ ᠠᠬᠢ ᠂ ᠭᠠᠩᠭ᠎ᠠ ᠵᠡᠷᠬᠡ ᠤᠲᠤᠯᠭ᠎ᠠ ᠶᠢᠨ ᠵᠥᠢᠯᠡᠰ᠂ ᠲᠥᠷᠪᠡᠨ ᠬᠡᠰᠡᠭ ᠲᠥᠭᠡ ᠬᠢᠷᠢᠲᠠᠢ | ᠲᠥᠷᠪᠡᠯᠵᠢᠨ ᠴᠠᠭᠠᠨ ᠴᠠᠭᠠᠨᠰᠣ ᠂ ᠨᠢᠭᠡ ᠠᠳᠬᠤ ᠴᠠᠭᠠᠨ ᠬᠢᠯᠭᠠᠨ᠎ᠡ ᠡᠪᠡᠰᠣ ᠪᠠ ᠲᠦᠷᠪᠡᠨ ᠵᠣᠯᠡ ᠪᠡᠯᠡᠳᠬᠡᠨ᠎ᠠ | ᠃ ᠭᠠᠯ ᠲᠠᠬᠢᠬᠤ ᠳᠤ ᠬᠡᠷᠡᠭᠯᠡᠬᠦ ᠮᠣᠲᠤ ᠲᠦᠯᠡᠭᠡ ᠶᠢ ᠴᠤ ᠡᠷᠲᠡ ᠠᠴᠠ ᠪᠡᠯᠡᠳᠬᠡᠵᠤ ᠲᠡᠯᠪᠢᠲᠠᠭ᠃ ᠴᠡᠪᠡᠷᠬᠡᠨ | ᠬᠠᠶᠢᠯᠡᠰᠣᠨ ᠮᠣᠲᠤ ᠶᠢ ᠬᠤᠶᠡᠷ ᠬᠤᠷᠣᠭᠤ ᠥᠷᠬᠡᠨ ᠬᠠᠭᠠᠯᠵᠤ᠂ ᠲᠡᠬᠡᠰᠣ ᠪᠠᠷ ᠣᠶᠡᠵᠤ ᠪᠠᠭᠯᠠᠭᠠᠳ | ᠣᠨᠢ ᠠᠴᠠ ᠪᠠᠨ ᠡᠯᠬᠦᠵᠤ ᠬᠠᠳᠠᠭᠠᠨ᠎ᠠ᠃ ᠭᠠᠯ ᠲᠠᠬᠢᠬᠤ ᠳᠤ ᠬᠠᠶᠢᠯᠡᠰᠣᠨ ᠮᠣᠲᠤ ᠬᠡᠷᠡᠭᠯᠡᠲᠡᠭ᠂ ᠬᠠᠶᠢᠯᠡᠰᠣᠨ ᠮᠣᠲᠤ | ᠪᠣᠯ ᠨᠣᠴᠣᠬᠤ ᠳᠠᠭᠠᠨ ᠣᠴᠢ ᠨᠢ ᠥᠰᠣᠷᠴᠣ ᠪᠣᠲᠡᠷᠠᠲᠠᠭ ᠦᠬᠡᠢ᠃ | ᠬᠤᠨᠢᠨ ᠤ ᠡᠪᠴᠢᠬᠦᠦ ᠪᠤᠯ ᠭᠠᠯ ᠲᠠᠬᠢᠬᠤ ᠳᠤ ᠬᠡᠷᠡᠭᠯᠡᠳᠡᠭ ᠬᠠᠮᠤᠭ ᠴᠢᠬᠤᠯᠠ ᠵᠦᠢᠯ ᠪᠤᠯᠤᠨ᠎ᠠ ᠃ | ᠡᠪᠴᠢᠬᠦᠤ ᠶᠢ ᠭᠡᠷ ᠤᠨ ᠡᠵᠡᠨ ᠪᠣᠶᠣ ᠬᠦᠪᠡᠬᠦᠨ ᠨᠢ ᠵᠠᠰᠡᠲᠠᠭ᠃ ᠡᠪᠴᠢᠬᠦᠤ ᠵᠠᠰᠠᠬᠤ ᠳᠤ ᠡᠪᠴᠢᠬᠦᠣ ᠶᠢᠨ | ᠬᠡᠷᠰᠡᠩ ᠢ ᠶᠠᠰᠣᠨ ᠠᠴᠠ ᠨᠢ ᠱᠣᠯᠣᠵᠤ᠂ ᠡᠪᠴᠢᠬᠦᠨ ᠤ ᠬᠤᠷᠮᠣᠢ ᠶᠢᠨ ᠬᠥᠪᠡᠭᠡ ᠪᠠᠷ ᠬᠤᠷᠣᠭᠤ ᠢᠯᠡᠬᠦᠤ ᠨᠠᠷᠢᠨ | ᠥᠯᠡᠲᠡᠬᠡᠵᠤ᠂ ᠲᠣᠮᠳᠡ ᠬᠡᠰᠡᠭ ᠢ ᠨᠢ ᠣᠡᠨᠲᠣᠯᠵᠤ ᠠᠪᠣᠨᠡ᠃ ᠡᠪᠴᠢᠬᠦᠨ ᠤ ᠬᠤᠷᠮᠣᠢ ᠶᠢ ᠲᠣᠭᠤᠷᠢᠭᠤᠯᠣᠨ | ᠦᠯᠡᠳᠡᠭᠡᠭᠰᠡᠨ ᠮᠢᠬ᠎ᠠ ᠶᠢ ᠡᠪᠴᠢᠬᠦᠨ ᠤ ᠪᠥᠲᠣᠷᠬᠡᠢ ᠳᠤ ᠭᠤᠬᠠᠳᠠᠨᠠ᠃ ᠴᠠᠭᠠᠨ ᠬᠤᠨᠢᠨ ᠨᠣᠣᠰᠤ ᠪᠠᠷ ᠲᠠᠮᠣᠡᠨᠰᠡᠨ | ᠣᠲᠠᠰᠣ ᠶᠢ ᠭᠤᠷᠪᠡ ᠲᠠᠪᠬᠤᠷᠯᠡᠨ᠂ ᠡᠪᠴᠢᠬᠦᠨ ᠤ ᠪᠥᠲᠣᠷᠬᠡᠢ ᠠᠴᠠ ᠡᠬᠢᠯᠡᠨ ᠵᠥᠪ ᠢᠶᠠᠷ ᠲᠣᠭᠤᠷᠢᠭᠤᠯᠣᠨ ᠬᠤᠶᠡᠷ | ᠰᠦᠷᠪᠡᠭᠡᠳᠡᠰᠦᠨ ᠤ ᠥᠵᠣᠬᠦᠷ ᠪᠥᠷᠢ ᠶᠢ ᠭᠤᠷᠪᠡ ᠭᠤᠷᠪᠡ ᠣᠷᠢᠶᠠᠨ ᠪᠥᠲᠣᠷᠬᠡᠢ ᠲᠡᠬᠡᠷ᠎ᠠ ᠬᠥᠷᠴᠤ ᠣᠷᠢᠶᠠᠵᠤ | ᠲᠠᠭᠤᠰᠬᠠᠨ᠎ᠡ᠃ ᠣᠷᠢᠶᠡᠨᠰᠡᠨ ᠡᠪᠴᠢᠬᠦᠨ ᠤ ᠡᠯᠢᠬᠡᠨ ᠳᠤ ᠬᠠᠭᠤᠷᠠᠢ ᠪᠣᠲᠠᠭ᠎ᠠ᠂ ᠴᠠᠢ᠂ ᠰᠢᠷ᠎ᠠ ᠲᠤᠰᠤ ᠵᠡᠷᠬᠡ | ᠢᠲᠡᠬᠡᠨ ᠣᠮᠲᠠᠭᠠᠨ ᠤ ᠲᠡᠭᠡᠵᠢ ᠪᠠ ᠰᠢᠷ᠎ᠠ ᠬᠦᠵᠢ᠂ ᠴᠠᠭᠠᠨ ᠬᠢᠯᠭᠠᠨ᠎ᠠ ᠮᠡᠳᠦ ᠲᠠᠬᠢᠯᠭ᠎ᠠ ᠶᠢᠨ ᠵᠥᠢᠯᠡᠰ ᠢ ᠭᠤᠷᠪᠠ | ᠪᠤᠶᠤ ᠶᠢᠰᠦ ᠪᠠᠷ ᠬᠢᠵᠦ ︵ᠵᠠᠷᠢᠮ ᠭᠠᠵᠡᠷ ᠨᠢ ᠪᠠᠰᠡ ᠱᠠᠭᠠᠨᠲᠤ ᠲᠥᠷᠪᠡᠨ ᠥᠡᠲᠣᠷ ᠵᠡᠷᠬᠡ ᠵᠥᠢᠯᠡᠰ ᠢ ᠭᠢᠲᠡᠭ ︶᠂ | ᠡᠪᠴᠢᠬᠦᠦ ᠪᠠᠨ ᠰᠡᠮᠡᠵᠡ ᠪᠠᠷ ᠪᠤᠭᠤᠬᠤ ᠪᠤᠶᠤ ᠪᠦᠳᠡᠭᠡᠭᠡᠳ᠂ ᠭᠠᠯ ᠲᠠᠬᠢᠬᠤ ᠪᠠᠷ ᠪᠡᠯᠡᠳᠭᠡᠵᠦ ᠲᠠᠯᠪᠢᠨ᠎ᠠ᠃ ᠡᠬᠦᠨ | ᠢ ᠡᠪᠴᠢᠬᠦᠦ ᠵᠠᠰᠠᠬᠤ ᠭᠡᠨ᠎ᠡ᠃ | ᠲᠤᠯᠭ᠎ᠠ ᠶᠢᠨ ᠲᠦᠷᠪᠡᠨ ᠤᠴᠤᠭ ᠲᠡᠭᠡᠷ᠎ᠡ ᠲᠠᠪᠤᠨ ᠦᠩᠬᠡ ᠶᠢᠨ ᠪᠦᠰ ᠪᠤᠶᠤ ᠭᠭᠢᠪ ᠲᠤᠷᠭ᠎ᠠ ᠶᠢᠨ ︽ | ᠡᠮᠦᠰᠭᠡᠯ︾ ᠪᠡᠯᠡᠳᠭᠡᠨ᠎ᠡ᠃ ︽ᠡᠮᠦᠰᠭᠡᠯ︾ ᠤᠨ ᠲᠤᠷᠭ᠎ᠠ ᠪᠠ ᠪᠦᠰ ᠢ ᠬᠤᠷᠤᠭᠤ ᠬᠢᠷᠢᠳᠡᠢ ᠦᠷᠭᠡᠨ᠂ ᠲᠦᠭᠡ | ᠰᠢᠬᠠᠮ ᠤᠷᠳᠤ ᠵᠦᠰᠦᠵᠦ᠂ ᠲᠡᠭᠡᠷ᠎ᠡ ᠨᠢ ᠬᠦᠭᠡ᠂ ᠲᠤᠮᠳᠠ ᠨᠢ ᠤᠯᠠᠭᠠᠨ᠂ ᠰᠢᠷ᠎ᠠ᠂ ᠵᠠᠪᠰᠠᠷ ᠲᠤᠨᠢ ᠴᠠᠭᠠᠨ᠂ | ᠨᠤᠭᠤᠭᠠᠨ ︵ᠬᠠᠷ᠎ᠠ ᠦᠩᠬᠡ ᠶᠢ ᠴᠡᠭᠡᠷᠯᠡᠵᠦ᠂ ᠨᠤᠭᠤᠭᠠᠨ ᠦᠩᠬᠡ ᠪᠠᠷ ᠤᠷᠤᠯᠠᠭᠤᠯᠳᠠᠭ︶ ᠢ ᠬᠠᠪᠴᠢᠭᠤᠯᠵᠤ᠂ | ᠲᠡᠭᠡᠷ᠎ᠡ ᠨᠢ ᠰᠡᠮᠡᠵᠡ ᠲᠠᠯᠪᠢᠵᠤ ᠬᠤᠨᠢᠨ ᠤ ᠤᠩᠭᠠᠰᠤ ᠪᠠᠷ ᠤᠷᠢᠶᠠᠵᠤ ᠲᠠᠯᠪᠢᠨ᠎ᠠ᠃ ᠪᠠᠰᠠ ᠲᠠᠯᠠᠯᠭ᠎ᠠ ᠶᠢᠨ | ᠰᠠᠭᠤᠯᠭ᠎ᠠ ᠪᠤᠶᠤ ᠡᠮᠲᠡᠷᠡᠵᠤ ᠬᠠᠭᠠᠷᠬᠠᠰᠡᠨ ᠦᠬᠡᠢ ᠴᠡᠪᠡᠷ ᠪᠥᠲᠣᠨ ᠰᠠᠪᠠᠨ ᠳᠤ ᠲᠠᠯᠤ ᠲᠦᠷᠪᠡᠨ ᠦᠨᠳᠦᠷ᠂ | ᠪᠦᠬᠦᠯᠢ ᠭᠤᠰ ᠬᠤᠰᠬᠢᠨᠠᠭ᠂ ᠱᠠᠭᠠᠨᠳᠤ ᠪᠤᠯᠤᠨ ᠴᠠᠭᠠᠨ ᠢᠲᠡᠬᠡᠨ ᠤ ᠵᠥᠢᠯᠡᠰ᠂ ᠠᠮᠲᠠᠲᠤ ᠢᠲᠡᠬᠡᠨ ᠬᠢᠵᠤ | ᠳᠠᠯᠠᠯᠭ᠎ᠠ ᠠᠪᠬᠤ ᠳᠤ ᠪᠡᠯᠡᠳᠬᠡᠨ᠎ᠠ᠃ ᠡᠬᠦᠨ ᠢ ᠳᠠᠯᠠᠯᠭ᠎ᠠ ᠶᠢᠨ ᠢᠲᠡᠬᠡᠨ ᠬᠡᠨ᠎ᠠ᠃ | ᠭᠠᠯ ᠲᠠᠬᠢᠬᠤ ᠦᠶᠡᠰ ᠦᠨᠳᠦᠷ ᠤᠨ ᠬᠡᠮᠵᠢᠶ᠎ᠡ ᠨᠢ ᠠᠳᠠᠯᠢ ᠬᠠᠶᠢᠯᠠᠰᠤᠨ ᠮᠤᠳᠤ ᠶᠢ ᠬᠠᠭᠤᠷᠠᠢ ᠠᠷᠭᠠᠯ ᠤᠨ | ᠬᠠᠮᠳᠤ ᠲᠤᠯᠭ᠎ᠠ ᠳᠠᠭᠠᠨ ᠵᠡᠷᠭᠡᠯᠡᠭᠡᠳ᠂ ᠲᠤᠯᠭ᠎ᠠ ᠶᠢᠨ ᠲᠥᠷᠪᠡᠨ ᠥᠡᠴᠥᠭ ᠲᠤ ᠲᠥᠷᠪᠡᠯᠵᠢᠨ ᠴᠠᠭᠠᠰᠣᠨ ᠲᠡᠪᠢᠰᠬᠡᠷ | ᠲᠡᠬᠡᠷ᠎ᠠ ᠲᠥᠷᠪᠡᠨ ᠵᠣᠯᠡ ᠪᠠᠨ ᠪᠠᠷᠢᠨ᠎ᠡ᠃ ᠭᠠᠯ ᠲᠠᠬᠢᠬᠤ ᠳᠠᠭᠠᠨ ᠪᠦᠬᠦ ᠭᠡᠷ ᠢᠶᠠᠷ ᠢᠶᠠᠨ ᠰᠢᠨ᠎ᠡ ᠲᠡᠪᠡᠯ | ᠬᠤᠪᠴᠠᠰᠤ ᠪᠠᠨ ᠡᠮᠦᠰᠴᠦ᠂ ᠭᠡᠷ ᠤᠨ ᠡᠵᠡᠭᠲᠡᠢ ᠲᠤᠯᠭᠠᠨ ᠳᠠᠭᠠᠨ ᠠᠷᠭᠠᠯ ᠵᠡᠷᠭᠡᠯᠡᠵᠦ ᠭᠠᠯ ᠢᠶᠠᠨ ᠨᠣᠴᠣᠭᠠᠭᠠᠳ᠂ | ᠬᠠᠶᠢᠯᠡᠰᠣ ᠪᠣᠷᠭᠠᠰᠣ ᠵᠡᠷᠬᠡ ᠮᠣᠲᠤ ᠪᠠᠷ ᠬᠦᠭᠵᠢᠬᠡᠵᠦ᠂ ᠬᠦᠵᠢ᠂ ᠠᠷᠴᠠ᠂ ᠣᠲᠤᠯᠭᠠ ᠶᠢᠨ ᠵᠥᠢᠯ ᠢᠶᠠᠷ ᠭᠠᠯ ᠤᠨ | ᠲᠤᠯᠭ᠎ᠠ ᠪᠠᠨ ᠭᠤᠷᠪᠠᠨᠲᠠ ᠲᠣᠭᠤᠷᠢᠭᠤᠯᠣᠨ ᠠᠷᠢᠭᠤᠳᠬᠠᠨᠡ᠃ ᠭᠠᠯ ᠪᠤᠯ ᠴᠡᠪᠡᠷ ᠠᠷᠢᠭᠤᠨ ᠶᠠᠭᠤᠮ᠎ᠠ ᠪᠤᠯᠬᠤᠷ | ᠪᠣᠵᠡᠷ ᠪᠣᠷᠲᠠᠭ ᠨᠠᠭᠠᠯᠲᠣᠡᠨᠰᠡᠨ᠂ ᠨᠢᠰᠣ ᠨᠢᠯᠪᠣᠰᠣ ᠬᠥᠷᠣᠭ᠍ᠰᠡᠨ ᠵᠥᠢᠯᠡᠰ ᠪᠠ ᠨᠣᠣᠰᠣ ᠨᠣᠣᠯᠣᠷ ᠵᠡᠷᠬᠡ ᠡᠯᠳᠡᠪ | ᠥᠨᠣᠷᠲᠤ ᠵᠦᠢᠯᠡᠰ ᠢ ᠭᠠᠯ ᠳᠤ ᠬᠢᠬᠦ ᠶᠢ ᠤᠨᠴᠠ ᠬᠢᠴᠢᠶᠡᠳᠡᠭ᠃ ᠭᠠᠯ ᠬᠦᠭᠵᠢᠮᠡᠭᠴᠡ ᠭᠡᠷ ᠤᠨ ᠡᠵᠡᠨ | ᠲᠤᠯᠭ᠎ᠠ ᠶᠢᠨ ᠡᠮᠣᠨ᠎ᠡ ᠲᠠᠯ᠎ᠡ ᠠᠴᠠ ᠬᠤᠷᠮᠤᠢ ᠲᠡᠪᠢᠰᠦᠨ ᠭᠤᠷᠪᠠᠨ ᠭᠤᠷᠪᠠ ᠶᠢᠰᠦ ᠮᠦᠷᠬᠦᠵᠦ᠂ ᠡᠪᠴᠢᠬᠦᠦ ᠪᠠᠨ | ᠭᠠᠯ ᠳᠠᠭᠠᠨ ᠡᠷᠬᠦᠨ᠎ᠡ᠃ ᠲᠠᠷᠠᠭ᠎ᠠ ᠨᠢ ᠡᠬᠡᠨᠡᠷ ᠬᠡᠦᠭᠡᠳ ᠨᠢ ᠬᠠᠷ᠎ᠠ ᠠᠷᠢᠬᠢ᠂ ᠬᠠᠯᠢᠮ ᠦᠬᠡᠬᠦ ᠂ ᠰᠢᠷ᠎ᠠ ᠲᠤᠰᠤ | ᠬᠤᠯᠢᠭᠰᠠᠨ ᠡᠷᠬᠦᠴᠡ ᠠᠴᠠ ᠪᠠᠨ ᠭᠠᠯ ᠳᠠᠭᠠᠨ ᠭᠤᠷᠪᠠ ᠭᠤᠷᠪᠠᠨ ᠬᠠᠯᠪᠠᠭ᠎ᠠ ᠪᠠᠷ ᠡᠷᠬᠦᠵᠤ᠂ ᠭᠠᠯ ᠢᠶᠠᠨ ᠣᠯᠡᠮ | ᠪᠠᠳᠠᠷᠠᠭᠠᠨ ᠬᠦᠭᠵᠢᠬᠡᠵᠦ᠂ ᠭᠡᠷ ᠤᠨ ᠪᠦᠬᠦᠳᠡᠭᠡᠷ ᠰᠦᠬᠦᠳᠦᠨ ᠮᠦᠷᠬᠦᠵᠦ ᠪᠤᠶᠠᠨ ᠭᠡᠰᠢᠭ ᠢᠷᠡᠬᠦ ᠶᠢ ᠲᠠᠯᠠᠯᠤᠨ | ᠬᠤᠷᠤᠶᠢᠯᠠᠨ᠎ᠠ᠃ ᠭᠠᠯ ᠲᠠᠬᠢᠬᠤ ᠵᠣᠷᠢᠯᠭ᠎ᠠ ᠪᠣᠯ ᠥᠪᠡᠷᠣᠨ ᠬᠥᠰᠡᠯ ᠰᠠᠨᠠᠭ᠎ᠠ ᠪᠠᠨ ᠭᠠᠯ ᠤᠨ ᠲᠡᠭᠷᠢ ᠪᠣᠯᠣᠨ ᠠᠯᠢᠪᠡ | ᠡᠵᠡᠳ ᠰᠠᠬᠢᠭᠤᠯᠰᠤᠨ ᠳᠤ ᠲᠠᠭᠠᠳᠬᠠᠨ ᠵᠡᠯᠪᠠᠷᠢᠵᠤ ᠪᠠᠶᠢᠭ᠎ᠠ ᠶᠠᠪᠣᠲᠡᠯ ᠪᠣᠯᠬᠤᠷ ᠶᠡᠷᠦ ᠨᠢ ᠭᠡᠷ ᠲᠡᠭᠡᠨ ᠲᠠᠬᠢᠲᠠᠭ᠃ | ᠲᠠᠭᠠᠳᠬᠠᠨ ᠵᠡᠯᠪᠠᠷᠢᠵᠤ ᠪᠠᠶᠢᠭ᠎ᠠ ᠵᠥᠢᠯ ᠨᠢ ᠴᠦ ᠲᠣᠰ ᠲᠣᠰ ᠤᠨ ᠢᠶᠠᠨ ᠪᠣᠳᠣᠯ ᠰᠠᠨᠠᠭ᠎ᠠ ᠪᠠᠷ ᠲᠤᠭᠳᠠᠭᠠᠭᠳᠠᠨ᠎ᠠ᠃ | ᠵᠢᠱᠢᠶᠠᠯᠡᠪᠡᠯ ᠡᠷᠦᠬᠡ ᠬᠡᠷ ᠢᠶᠠᠨ ᠦᠬᠡᠳᠡᠯᠡᠬᠦᠯᠬᠦ᠂ ᠡᠪᠡᠳᠴᠢᠨ ᠵᠤᠪᠠᠯᠠᠩ ᠠᠴᠠ ᠮᠤᠯᠳᠤᠷᠠᠬᠤ ᠂ ᠮᠠᠯ | ᠬᠥᠷᠣᠩᠬᠡ ᠪᠠᠨ ᠥᠰᠬᠡᠬᠦ᠂ ᠭᠠᠮᠰᠢᠭ ᠵᠣᠣᠨ ᠠᠴᠠ ᠵᠠᠶᠢᠯᠠᠬᠤ᠂ ᠠᠵᠢᠯ ᠦᠢᠯᠡᠰ ᠪᠦᠳᠦᠮᠵᠢᠳᠡᠢ ᠪᠤᠯᠬᠤ᠂ ᠠᠶᠠᠨ | ᠵᠠᠮ ᠳᠤ ᠬᠡᠶᠢᠮᠣᠷᠢ ᠲᠠᠢ ᠶᠠᠪᠣᠬᠤ ᠵᠡᠷᠬᠡ ᠬᠥᠰᠡᠭᠰᠡᠨ ᠪᠥᠬᠦᠨ ᠢᠶᠠᠨ ᠠᠶᠢᠯᠡᠳᠬᠠᠨ ᠲᠠᠭᠠᠳᠬᠠᠵᠤ ᠬᠤᠷᠤᠶᠢᠯᠠᠳᠠᠭ᠃ | ᠭᠠᠯ ᠢᠶᠠᠨ ᠲᠠᠬᠢᠵᠤ ᠪᠠᠷᠠᠪᠠᠯ᠂ ᠭᠠᠯ ᠤᠨ ᠲᠠᠬᠢᠯᠭ᠎ᠠ ᠰᠠᠶᠢᠬᠠᠨ ᠪᠣᠯᠣᠯᠡ ᠬᠡᠵᠤ ᠪᠥᠬᠦᠲᠡᠬᠡᠷ ᠪᠡᠯᠭᠡ ᠲᠡᠮᠪᠡᠷᠢᠯ | ᠲᠠᠢ ᠦᠭᠡ ᠬᠡᠯᠡᠬᠦ ᠶᠢᠨ ᠬᠠᠮᠲᠤ᠂ ᠭᠠᠯ ᠤᠨ ᠠᠷᠢᠬᠢ ᠪᠠᠷᠢᠵᠤ ᠂ ᠭᠠᠯ ᠤᠨ ᠢᠳᠡᠭᠡᠨ ᠢᠶᠠᠨ ᠠᠮᠰᠠᠵᠠᠭᠠᠨ᠂ ︽ | ᠪᠣᠶᠡᠨ ᠬᠡᠰᠢᠭ ᠠᠷᠪᠢᠨ ᠢᠷᠡᠭᠰᠡᠨ︾ ᠢᠶᠠᠨ ᠪᠠᠶᠡᠷᠯᠡᠨ ᠪᠡᠯᠭᠡᠯᠡᠨ᠎ᠡ᠃ ᠲᠠᠬᠢᠯᠭ᠎ᠠ ᠶᠢᠨ ᠢᠳᠡᠭᠡᠨ ᠢᠶᠠᠨ ᠭᠤᠷᠪᠠᠨ | ᠦᠷᠯᠦᠬᠡ ᠬᠤᠷᠤᠶᠢᠯᠠᠭᠠᠳ ᠬᠤᠷᠢᠨ ᠵᠢᠷᠭᠤᠭᠠᠨ ᠳᠤ ᠢᠳᠡᠨ᠎ᠡ᠃ ᠪᠠᠰᠠ ᠮᠤᠩᠭᠤᠯ ᠭᠡᠷ ᠤᠨ ᠲᠤᠳᠤᠭᠤ ᠲᠡᠭᠡᠷ᠎ᠡ | ᠭᠤᠷᠪᠠᠨ ᠭᠡᠰᠡᠭ ᠦᠬᠡᠬᠦ ᠲᠤᠰᠤ ᠲᠠᠯᠪᠢᠵᠤ᠂ ᠭᠠᠯ ᠢᠶᠠᠨ ᠲᠠᠬᠢᠭᠰᠠᠨ ᠠᠴᠠ ᠬᠤᠶᠢᠰᠢ ᠭᠤᠷᠪᠠᠨ ᠡᠳᠦᠷ ᠲᠠᠷᠠᠭᠠᠯᠠᠨ | ᠤᠷᠤᠢ ᠪᠦᠷᠢ ᠨᠢᠬᠡ ᠬᠡᠰᠡᠭ ᠢ ᠭᠠᠯ ᠳᠠᠭᠠᠨ ᠡᠷᠬᠦᠨ᠎ᠡ᠃ | ᠭᠠᠯ ᠲᠠᠬᠢᠬᠤ ᠦᠶᠡᠰ ᠪᠠᠰᠠ ᠭᠠᠯ ᠤᠨ ᠰᠤᠳᠤᠷ ᠤᠩᠰᠢᠳᠠᠭ᠃ ᠡᠨᠡ ᠨᠢ ᠭᠠᠯ ᠤᠨ ᠲᠡᠭᠷᠢ ᠪᠣᠯᠣᠨ | ᠲᠡᠬᠦᠨ ᠤ ᠨᠥᠬᠦᠷ ᠰᠡᠯᠳᠠ ︵ᠲᠠᠷᠤᠢ ᠪᠠᠶᠢᠭᠠᠯᠢ ᠶᠡᠷᠲᠢᠡᠴᠣ ᠶᠢᠨ ᠠᠯᠢᠪᠡ ᠡᠵᠡᠳ ᠰᠠᠬᠢᠭᠤᠯᠰᠤᠨ︶ ᠶᠢ ᠮᠬᠠᠲᠡᠨ | ᠢᠷᠣᠬᠡᠵᠤ᠂ ᠮᠦᠷᠬᠦᠨ ᠲᠠᠬᠢᠵᠤ᠂ ᠣᠷᠢᠨ ᠵᠠᠯᠠᠵᠤ᠂ ᠲᠡᠳᠡᠨ ᠳᠤ ᠥᠪᠡᠷ ᠤᠨ ᠪᠣᠳᠣᠯ ᠰᠡᠳᠬᠢᠯ ᠢᠶᠠᠨ | ᠲᠠᠭᠠᠳᠬᠠᠨ᠂ ᠲᠡᠳᠡᠨ ᠠᠴᠠ ᠢᠪᠡᠭᠡᠯ ᠰᠤᠶᠤᠷᠬᠠᠯ ᠭᠤᠶᠤᠭᠠᠳ ᠂ ᠦᠲᠡᠨ ᠮᠤᠷᠳᠠᠭᠤᠯᠵᠤ ᠪᠠᠶᠢᠭ᠎ᠠ ᠤᠬᠠᠭᠠᠨ | ᠲᠠᠢ᠃ ᠭᠠᠯ ᠲᠠᠬᠢᠯᠭ᠎ᠠ ᠶᠢᠨ ᠰᠣᠲᠣᠷ ᠤᠳ ᠨᠠᠯᠢᠶᠡᠳ ᠣᠯᠠᠨ ᠪᠠᠶᠢᠳᠠᠭ ᠴᠦ ᠥᠡᠲᠣᠰᠣᠨ ᠳᠡᠭᠡᠨ ᠠᠲᠠᠯᠢᠪᠲᠣᠷ | ᠭᠡᠳᠡᠭ᠃ ᠠᠳᠡ ᠲᠠᠶᠢᠹᠤᠰᠧ ᠵᠡᠬᠦᠨ ᠭᠠᠷ ᠤᠨ ᠬᠥᠪᠡᠬᠡᠲᠣ ᠰᠢᠷ᠎ᠠ ᠶᠢᠨ ᠬᠢᠨ ᠤ ᠭᠠᠯ ᠲᠠᠬᠢᠬᠤ ᠳᠠᠭᠠᠨ | ᠤᠩᠰᠢᠳᠠᠭ ᠴᠠᠬᠠᠷ ᠬᠡᠪᠰᠢ ᠯᠣᠪᠰᠡᠩᠴᠥ᠋ᠯᠲᠣᠮ ᠤᠨ ᠪᠢᠴᠢᠭᠰᠡᠨ ︽ ᠭᠠᠯ ᠤᠨ ᠲᠡᠭᠷᠢ ᠶᠢ ᠲᠠᠬᠢᠬᠤ ᠰᠣᠲᠣᠷ | ᠣᠷᠣᠰᠢᠪᠠ︾ ᠭᠡᠲᠡᠭ ᠮᠣᠩᠭᠤᠯ ᠲᠠᠬᠢᠯᠭ᠎ᠠ ᠶᠢᠨ ᠰᠣᠲᠣᠷ ᠢ ᠰᠡᠶᠢᠷᠡᠬᠦᠯᠪᠡᠢ᠃ | ︵1︶ ᠵᠠᠯᠠᠯᠭ᠎ᠠ ᠶᠢᠨ ᠰᠤᠳᠤᠷ | ︽ᠠᠶᠢᠯᠡᠳᠬᠠᠬᠤ ᠡᠨᠡᠷᠢᠩᠬᠦᠢ ᠶᠢᠨ ᠡᠷᠲᠡᠮ ᠬᠤᠲᠡᠯᠡ ᠲᠡᠬᠦᠰᠣᠭ᠍ᠰᠡᠨ | ᠠᠮᠣᠷᠯᠢᠩᠭᠤᠢ ᠲᠣᠡᠨᠰᠢᠨ ᠡᠯᠲᠡᠪ ᠬᠤᠪᠢᠯᠭᠠᠨ ᠢ ᠥᠵᠡᠬᠦᠯᠥᠭᠴᠢ | ᠠᠰᠡᠷᠡᠯᠲᠤ ᠭᠠᠯ ᠲᠡᠭᠷᠢ ᠨᠥᠬᠦᠳ ᠰᠠᠯᠳᠡ ᠯᠦᠭᠡ ᠶᠢ | ᠠᠷᠢᠭᠤᠨ ᠲᠠᠬᠢᠯ ᠡᠷᠬᠦᠬᠦ ᠶᠢᠨ ᠲᠣᠯᠡᠳᠡ ᠠᠳᠠ ᠣᠷᠢᠨ ᠵᠠᠯᠠᠮᠣᠢ | ᠡᠨᠡᠷᠢᠯᠲᠤ ᠣᠷᠴᠢᠯᠡᠩ ᠤᠨ ᠠᠮᠢᠲᠡᠨ ᠪᠥᠬᠦᠨ ᠤ | ᠡᠷᠢᠭᠰᠡᠨ ᠬᠠᠮᠤᠭ ᠲᠣᠰᠡ ᠶᠢ ᠪᠥᠲᠣᠬᠡᠰᠣᠬᠡᠢ ᠬᠡᠮᠡᠨ | ᠡᠷᠲᠡᠨ ᠴᠠᠭ ᠲᠤᠷ ᠠᠶᠢᠯᠡᠲᠣᠡᠨᠰᠡᠨ ᠲᠠᠩᠭᠠᠷᠢᠭ ᠢᠶᠠᠨ ᠲᠤᠷᠠᠳᠴᠤ | ᠡᠲᠣᠬᠡ ᠡᠨᠡ ᠣᠷᠣᠨ᠎ᠡ ᠥᠬᠡᠳᠠ ᠪᠣᠯᠵᠤ ᠢᠷᠡᠨ ᠰᠤᠶᠤᠷᠬ᠎ᠠ︾ | ︵2︶ ᠲᠠᠬᠢᠯᠭ᠎ᠠ ᠶᠢᠨ ᠰᠤᠳᠤᠷ | ︽ᠴᠣᠡᠨᠲᠣ ᠵᠢᠪᠬᠤᠯᠡᠩ ᠬᠤᠲᠡᠯᠡ ᠲᠡᠬᠦᠰᠣᠭ᠍ᠰᠡᠨ ᠪᠠᠶᠡᠲᠤ | ᠴᠣᠡᠨᠲᠤ ᠢᠷᠠᠭᠤ ᠡᠬᠡᠰᠢᠭ ᠬᠤᠲᠡᠯᠡ ᠲᠡᠬᠦᠰᠣᠭ᠍ᠰᠡᠨ ᠵᠡᠷᠯᠢᠡᠨᠲᠤ | ᠴᠣᠡᠨᠲᠣ ᠠᠰᠡᠷᠡᠨ ᠨᠢᠬᠦᠯᠡᠰᠦᠩᠬᠦᠢ ᠬᠤᠲᠡᠯᠠ ᠲᠠᠬᠦᠰᠣᠭ᠍ᠰᠡᠨ ᠰᠡᠳᠬᠢᠯᠲᠣ | ᠴᠣᠡᠨᠲᠤ ᠭᠠᠯ ᠲᠡᠭᠷᠢ ᠨᠥᠬᠦᠳ ᠰᠡᠯᠳᠠ ᠯᠦᠭᠡ ᠳᠤᠷ ᠮᠥᠷᠬᠦᠮᠤ | ᠰᠢᠮ᠎ᠡ ᠠᠮᠳᠡ ᠴᠢᠳᠠᠯ ᠪᠥᠬᠦᠨ ᠲᠡᠬᠦᠰᠣᠭ᠍ᠰᠡᠨ ᠠᠷᠢᠭᠤᠨ ᠡᠪᠴᠢᠬᠦᠨ ᠢ | ᠰᠢᠨ᠎ᠡ ᠴᠠᠭᠠᠨ ᠣᠳᠠᠰᠣᠨ ᠢᠶᠠᠷ ᠥᠵᠡᠮᠵᠡᠲᠠᠶᠢᠶᠠ ᠣᠷᠢᠶᠡᠵᠤ | ᠱᠠᠭᠠᠡᠲᠤ ᠴᠢᠮᠣᠬᠡ ᠲᠥᠷᠪᠡᠨ ᠥᠡᠲᠣᠷ ᠬᠠᠪᠢᠷᠭ᠎ᠠ ᠯᠤᠭ᠎ᠠ ᠶᠢ | ᠰᠢᠲᠣᠬᠡᠨ ᠭᠠᠯ ᠲᠡᠭᠷᠢ ᠶᠢᠨ ᠴᠢᠭᠤᠯᠭᠠᠨ ᠳᠤᠷ ᠲᠠᠬᠢᠯ ᠪᠣᠯᠭᠠᠨ ᠡᠷᠬᠦᠮᠣ᠃ | ᠬᠤᠷᠴᠡ ᠲᠣᠰᠣᠨ ᠤ ᠴᠢᠨᠠᠷ ᠲᠡᠬᠦᠰᠣᠭ᠍ᠰᠡᠨ ᠰᠡᠮᠡᠵᠡ ᠪᠠ | ᠬᠤᠷᠲᠣᠨᠡ ᠥᠷᠪᠢᠰᠣᠨ ᠪᠠᠲᠠᠷᠬᠠᠴᠢ ᠬᠢᠯᠭᠠᠨ᠎ᠡ ᠡᠪᠡᠰᠣᠨ ᠢ | ᠬᠤᠲᠤᠭ ᠬᠡᠰᠢᠭ ᠢ ᠨᠠᠮᠡᠭᠲᠡᠬᠦᠯᠥᠭᠴᠢ ᠲᠡᠬᠡᠲᠤ ᠭᠠᠯ ᠲᠡᠭᠷᠢ | ᠬᠤᠪᠢᠯᠭᠠᠨ ᠣᠯᠡᠨ ᠨᠥᠬᠦᠳ ᠤᠨ ᠴᠢᠭᠤᠯᠭᠠᠨ ᠰᠡᠯᠳᠠ ᠳᠤᠷ ᠡᠷᠬᠦᠮᠤ᠃ | ᠠᠯᠢᠮᠡᠣᠨ ᠬᠠᠷᠡᠩᠭᠤᠢ ᠶᠢ ᠬᠡᠶᠢᠬᠦᠯᠥᠭᠴᠢ ᠶᠢᠰᠣᠨ ᠵᠣᠯᠡ | ᠠᠩᠬᠢᠯᠠᠬᠤᠢ ᠰᠠᠶᠢᠨ ᠥᠨᠥᠷ ᠲᠡᠬᠦᠰᠣᠭ᠍ᠰᠡᠨ ᠶᠢᠰᠣᠨ ᠬᠦᠵᠢ | ᠠᠷᠴᠠ ᠲᠠᠷᠢᠬᠦᠲᠡᠨ ᠡᠯᠲᠡᠪ ᠬᠤᠪᠴᠡᠳ ᠤᠨ ᠵᠥᠢᠯ ᠯᠦᠭᠡ | ᠠᠪᠣᠷᠬᠠᠴᠢ ᠭᠠᠯ ᠲᠡᠭᠷᠢ ᠨᠥᠬᠦᠳ ᠰᠠᠯᠳᠡ ᠳᠤᠷ ᠡᠷᠬᠦᠮᠤ᠃ | ᠠᠰᠣᠷᠣ ᠪᠠᠶᠠᠰᠬᠤᠯᠡᠩ ᠢ ᠲᠥᠷᠣᠬᠦᠯᠦᠭᠴᠢ ᠣᠮᠲᠠᠭᠠᠨ ᠤ ᠡᠷᠬᠢᠨ | ᠠᠷᠡᠳ ᠪᠥᠬᠦᠨ ᠤ ᠰᠡᠳᠬᠢᠯ ᠢ ᠪᠣᠯᠢᠶ᠋ᠬᠠᠴᠢ ᠰᠢᠮᠡᠰ ᠤᠨ ᠵᠢᠷᠣᠬᠡᠨ | ᠠᠮᠲᠠᠯᠠᠬᠤᠢ ᠠᠮᠳᠡ ᠭᠢᠬᠡᠳ ᠠᠩᠬᠢᠯᠠᠬᠤᠢ ᠥᠨᠥᠷ ᠤᠨ ᠡᠷᠲᠡᠮ ᠲᠡᠬᠦᠰᠣᠭ᠍ᠰᠡᠨ | ᠠᠷᠢᠬᠢᠨ ᠤ ᠲᠡᠭᠡᠵᠢ ᠥᠬᠡᠬᠦᠨ ᠯᠦᠭᠡ ᠰᠡᠯᠳᠠ ᠪᠠᠷ ᠲᠡᠬᠢᠮᠤᠢ᠃ | ᠡᠷᠬᠡ ᠬᠥᠴᠣᠨ ᠬᠤᠲᠡᠯᠡ ᠲᠡᠬᠦᠰᠣᠭ᠍ᠰᠡᠨ ᠭᠠᠯ ᠲᠡᠭᠷᠢ ᠶᠢᠨ ᠴᠢᠭᠤᠯᠭᠠᠨ ᠢᠶᠠᠷ | ᠡᠷᠬᠦᠭᠰᠡᠨ ᠡᠲᠡᠬᠡᠷ ᠳᠠᠬᠢᠯ ᠢ ᠪᠠᠶᠠᠰᠣᠨ ᠵᠣᠭᠤᠡᠨᠯᠠᠭᠠᠳ | ᠡᠷᠢᠵᠤ ᠬᠥᠰᠡᠭᠰᠡᠨ ᠶᠠᠮᠪᠡᠷ ᠬᠡᠷᠡᠭᠲᠡᠨ ᠢ ᠴᠤ ᠬᠤᠴᠤᠷᠤᠭᠠᠯ ᠦᠬᠡᠢ ᠪᠠᠷ | ᠡᠨᠡᠷᠢᠩᠬᠦᠢ ᠰᠡᠳᠬᠢᠯ ᠢᠶᠠᠷ ᠪᠥᠲᠣᠬᠡᠨ ᠬᠠᠶᠢᠷᠠᠯᠡᠨ ᠰᠣᠶᠣᠷᠬ᠎ᠠ ︾ | ︵3︶ ᠳᠠᠯᠠᠯᠭ᠎ᠠ ᠶᠢᠨ ᠰᠤᠳᠤᠷ | ︽ᠬᠠᠷ᠎ᠠ ᠴᠢᠯᠠᠭᠤᠨ ᠡᠬᠡᠲᠣ | ᠬᠠᠲᠡᠨ ᠲᠡᠮᠤᠷ ᠴᠢᠬᠡᠲᠣ | ᠬᠠᠨ ᠡᠴᠢᠬᠡ ᠶᠢᠨ ᠴᠠᠬᠢᠨᠨᠰᠡᠨ | ᠬᠠᠲᠣᠨ ᠡᠬᠡ ᠶᠢᠨ ᠥᠯᠢᠶᠡᠭᠰᠡᠨ | ᠭᠠᠯ ᠭᠤᠯᠣᠮᠳᠡ᠂ ᠬᠠᠮᠤᠭ ᠠᠮᠢᠲᠡᠨ ᠳᠤ ᠲᠣᠰᠡ ᠪᠣᠯᠲᠣᠭᠠᠢ | ᠬᠤᠷᠣᠢ ᠬᠤᠷᠣᠢ ᠬᠤᠷᠣᠢ | ᠠᠯᠲᠡᠲᠣ ᠶᠢ ᠴᠢᠨᠢ ᠡᠮᠣᠰᠬᠡᠵᠤ | ᠠᠮᠲᠡᠲᠣ ᠶᠢ ᠴᠢᠨᠢ ᠡᠷᠬᠦᠨ ᠰᠠᠭᠤᠨᠠᠮ | ᠠᠰᠢᠳᠠ ᠰᠠᠶᠢᠨ ᠵᠢᠷᠭᠠᠯᠡᠩ ᠢ ᠲᠡᠯᠬᠡᠷᠡᠬᠦᠯᠣᠨ ᠰᠤᠶᠤᠷᠬ᠎ᠠ | ᠬᠤᠷᠣᠢ ᠬᠤᠷᠣᠢ ᠬᠤᠷᠣᠢ | ᠠᠮᠢ ᠨᠠᠰᠣᠨ ᠣᠷᠲᠣ ᠪᠣᠯᠬᠤ ᠶᠢᠨ ᠬᠡᠰᠢᠭ ᠪᠠ | ᠠᠲᠣᠭᠤ ᠮᠠᠯ ᠣᠯᠡᠨ ᠪᠣᠯᠬᠤ ᠶᠢᠨ ᠬᠡᠰᠢᠭ ᠭᠢᠭᠡᠳ | ᠠᠮᠣᠷ ᠵᠢᠷᠭᠠᠯᠡᠩ ᠶᠡᠭᠡ ᠪᠣᠯᠬᠤ ᠶᠢᠨ ᠬᠡᠰᠢᠭ ᠯᠦᠭᠡ | ᠠᠯᠢᠪᠡ ᠰᠠᠶᠢᠨ ᠤ ᠬᠡᠰᠢᠭ ᠨᠤᠭᠤᠳ ᠢ ᠢᠷᠡᠬᠦᠯᠣᠨ ᠰᠤᠶᠤᠷᠬ᠎ᠠ | ᠬᠤᠷᠣᠢ ᠬᠤᠷᠣᠢ ᠬᠤᠷᠣᠢ | ᠬᠡᠵᠢᠶᠡᠳᠠ ᠥᠯᠤ ᠡᠪᠲᠡᠷᠡᠬᠦ ᠪᠠᠲᠤ ᠡᠳ᠋ ᠲᠠᠸᠡᠷ ᠤᠨ ᠬᠡᠰᠢᠭ | ᠬᠡᠵᠢᠶᠡᠳᠠ ᠥᠯᠤ ᠡᠴᠡᠬᠦ ᠲᠠᠷᠭᠤᠨ ᠰᠥᠷᠦᠭ ᠮᠠᠯ ᠤᠨ ᠬᠡᠰᠢᠭ | ᠬᠡᠵᠢᠶᠡᠳᠠ ᠥᠯᠤ ᠲᠣᠲᠠᠬᠤ ᠡᠯᠪᠡᠭ ᠢᠲᠡᠬᠡᠨ ᠣᠮᠲᠠᠭᠠᠨ ᠤ ᠬᠡᠰᠢᠭ | ᠬᠡᠲᠣᠢ ᠪᠥᠬᠦ ᠬᠡᠷᠡᠭᠲᠡᠨ ᠤ ᠬᠡᠰᠢᠭ ᠢ ᠲᠡᠬᠦᠰᠬᠡᠨ ᠰᠣᠶᠣᠷᠬ᠎ᠠ | ᠬᠤᠷᠣᠢ ᠬᠤᠷᠣᠢ ᠬᠤᠷᠣᠢ | ᠠᠯᠢ ᠵᠦᠭ ᠲᠤ ᠶᠠᠪᠣᠪᠠᠴᠣ ᠰᠠᠨ᠋ᠬᠠᠰᠠᠭᠠᠷ ᠪᠥᠲᠣᠬᠦ ᠵᠡᠮ ᠤᠨ ᠥᠯᠵᠡᠢ | ᠠᠯᠢ ᠣᠷᠣᠨ᠎ᠡ ᠰᠠᠭᠤᠪᠠᠴᠤ ᠬᠥᠰᠡᠭᠰᠡᠬᠡᠷ ᠪᠥᠲᠣᠬᠦ ᠨᠣᠲᠤᠭ ᠤᠨ ᠥᠯᠵᠡᠢ | ᠠᠯᠢ ᠬᠡᠷᠡᠭ ᠢ ᠥᠢᠯᠡᠳᠪᠡᠴᠤ ᠵᠣᠷᠢᠡᠨᠰᠠᠭᠠᠷ ᠪᠥᠲᠣᠬᠦ ᠥᠢᠯᠡᠰ ᠤᠨ ᠥᠯᠵᠡᠢ | ᠠᠯᠢᠪᠡ ᠥᠯᠵᠡᠶᠢᠲᠤ ᠬᠡᠰᠢᠭ ᠨᠤᠭᠤᠳ ᠢ ᠥᠭᠬᠦᠨ ᠰᠣᠶᠣᠷᠬ᠎ᠠ | ᠬᠤᠷᠣᠢ ᠬᠤᠷᠣᠢ ᠬᠤᠷᠣᠢ | ᠡᠷᠬᠡᠲᠤ ᠪᠤᠡᠨᠳᠠ ᠲᠡᠭᠷᠢ ᠶᠢᠨ ᠥᠯᠮᠡᠢ ᠪᠠᠲᠣᠳᠬᠠᠭᠠᠳ | ᠡᠷᠲᠠᠨᠢ ᠪᠣᠶᠡᠨ ᠬᠡᠰᠢᠭ ᠠᠷᠪᠡᠨ ᠵᠦᠭ ᠲᠤ ᠲᠡᠯᠬᠡᠷᠡᠵᠤ | ᠡᠬᠡ ᠪᠣᠯᠣᠡᠨᠰᠡᠨ ᠬᠠᠮᠤᠭ ᠠᠮᠢᠲᠡᠨ ᠨᠠᠰᠣᠵᠢᠨ ᠵᠢᠷᠭᠠᠬᠤ ᠶᠢᠨ | ᠡᠷᠬᠢᠨ ᠰᠠᠶᠢᠨ ᠨᠤᠭᠤᠳ ᠥᠨᠢᠳᠡ ᠪᠠᠳᠠᠷᠠᠬᠤ ᠪᠣᠯᠲᠣᠭᠠᠢ | ᠬᠤᠷᠣᠢ ᠬᠤᠷᠣᠢ ᠬᠤᠷᠣᠢ︾ | 4. ᠮᠤᠷᠳᠠᠭᠤᠯᠭ᠎ᠠ ᠶᠢᠨ ᠰᠤᠳᠤᠷ | ︽ᠡᠷᠬᠡ ᠬᠥᠴᠣᠨ ᠲᠡᠬᠦᠯᠲᠡᠷ ᠭᠠᠯ ᠲᠡᠭᠷᠢ ᠶᠢᠨ ᠴᠢᠭᠤᠯᠭᠠᠨ ᠢᠶᠠᠷ | ᠡᠨᠡᠷᠢᠵᠤ ᠮᠠᠨ ᠤ ᠲᠣᠰᠡ ᠶᠢ ᠪᠥᠲᠣᠬᠡᠭᠰᠡᠨ ᠮᠠᠰᠢ ᠠᠴᠢᠲᠠᠢ ᠪᠣᠯᠪᠠᠢ | ᠡᠲᠣᠬᠡ ᠥᠪᠡᠷ ᠥᠪᠡᠷᠣᠨ ᠣᠷᠣᠨ ᠳᠠᠭᠠᠨ ᠠᠵᠢᠷᠡᠨ ᠵᠠᠯᠠᠷᠠᠭᠠᠳ | ᠡᠬᠦᠷᠢᠳᠠ ᠰᠣᠯᠠᠲᠣᠯ ᠦᠬᠡᠢ ᠨᠢᠬᠦᠯᠡᠰᠬᠦᠢ ᠪᠠᠷ ᠠᠶᠢᠯᠡᠲᠣᠨ ᠰᠣᠶᠣᠷᠬ᠎ᠠ | ᠬᠤᠷᠣᠢ ᠬᠤᠷᠣᠢ ᠬᠤᠷᠣᠢ | ᠵᠠ ᠪᠣᠶᠡᠨ ᠬᠡᠰᠢᠭ ᠠᠷᠪᠢᠨ ᠢᠷᠡᠪᠡᠣ︖ ᠠᠷᠪᠢᠨ ᠢᠷᠡᠯ᠎ᠡ︾᠃ |