ᠤᠪᠤᠭ᠎ᠠ  ᠬᠠᠶᠢᠷᠬᠠᠳ —  ᠯᠠᠮ᠎ᠠ ᠶᠢᠨ ᠤᠪᠤᠭ᠎ᠠ
ᠨᠡᠶᠢᠲᠡᠯᠡᠭᠰᠡᠨ ᠴᠠᠭ᠄
2023/5/10
   ᠬᠦᠨᠪᠤᠯᠠᠭ ᠤᠨ ᠪᠠᠷᠠᠭᠤᠨ ᠬᠢᠵᠠᠭᠠᠷ ᠢ ᠰᠠᠬᠢᠵᠤ ᠨᠤᠳᠤᠭᠯᠠᠭᠰᠠᠨ ᠨᠢᠬᠡᠨ ᠭᠠᠴᠠᠭ᠎ᠠ ᠶᠢ ᠲᠤᠬᠤᠢ ᠭᠡᠨ᠎ᠡ᠃ ᠤᠷᠢᠳᠤ ᠡᠨᠡ  ᠨᠤᠳᠤᠭ ᠲᠠᠶᠢᠹᠤᠰᠧ ᠵᠡᠬᠦᠨ ᠭᠠᠷ ᠰᠦᠷᠦᠭ ᠤᠨ ᠬᠦᠪᠡᠭᠡᠳᠦ ᠰᠢᠷ᠎ᠠ ᠬᠤᠰᠢᠭᠤᠨ ᠤ ᠨᠤᠳᠤᠭ ᠪᠠᠶᠢᠵᠠᠢ᠃  ᠤᠳᠤ ᠪᠠᠷᠠᠭᠤᠨ  ᠪᠠ ᠡᠮᠦᠨ᠎ᠡ ᠲᠠᠯ᠎ᠠ ᠪᠠᠷ ᠢᠶᠠᠨ ᠾᠧᠪᠸᠢ ᠮᠤᠵᠢ ᠲᠠᠢ ᠵᠠᠬ᠎ᠠ ᠨᠡᠶᠢᠯᠡᠵᠦ  ᠪᠤᠢ᠃  ᠲᠤᠬᠤᠢ ᠶᠢᠨ ᠬᠤᠳᠠᠨ ᠤ ᠪᠠᠷᠠᠭᠤᠨ ᠲᠠᠯ᠎ᠠ ᠳᠤ ᠪᠠᠶᠢᠭ᠎ᠠ ᠡᠮᠦᠨᠡᠰᠢ ᠬᠤᠶᠢᠰᠢ ᠤᠷᠳᠤᠯᠠᠭᠰᠠᠨ ᠰᠢᠷᠡᠭᠡ  ᠎ ᠶᠢ ︽ᠯᠤᠤ ᠎ ᠶᠢᠨ ᠰᠢᠷᠡᠭᠡ︾ ᠬᠡᠵᠦ᠂  ᠨᠤᠶᠢᠷᠰᠤᠵᠤ ᠪᠠᠶᠢᠭ᠎ᠠ ᠠᠪᠤᠷᠭᠤ ᠯᠤᠤ ᠡᠨᠡ ᠨᠤᠳᠤᠭ ᠤᠨ ᠡᠩᠬᠡ ᠠᠮᠤᠭᠤᠯᠠᠩ ᠢ ᠬᠠᠮᠠᠭᠠᠯᠠᠵᠤ ᠪᠠᠶᠢᠨ᠎ᠠ ᠬᠡᠮᠡᠨ ᠨᠠᠰᠤᠳᠠᠶᠢᠴᠤᠳ ᠰᠦᠵᠢᠭᠯᠡᠳᠡᠭ᠃  ᠬᠤᠶᠢᠰᠢ ᠶᠠᠪᠤᠪᠠᠯ ᠴᠢᠶᠤᠤ ᠵᠢᠶᠠ ᠶᠢᠩᠽᠢ ᠶᠢᠨ ᠵᠡᠬᠦᠨ ᠠᠭᠤᠯᠠᠨ ᠲᠡᠭᠡᠷ᠎ᠡ ᠨᠢᠬᠡ ᠤᠪᠤᠭ᠎ᠠ ᠪᠤᠢ᠂ ᠡᠨᠡ  ᠤᠪᠤᠭ᠎ᠠ ᠶᠢ ︽ᠯᠠᠮ᠎ᠠ ᠶᠢᠨ ᠤᠪᠤᠭ᠎ᠠ︾  ᠬᠡᠨ᠎ᠡ᠃ ᠤᠷᠢᠳᠤ ᠬᠦᠪᠡᠭᠡᠳᠦ ᠰᠢᠷ᠎ᠠ ᠶᠢᠨ ᠬᠢᠨ ᠠᠳᠡ ᠨᠡᠬᠦᠵᠦ ᠢᠷᠡᠭᠰᠡᠨ ᠬᠤᠶᠢᠨ᠎ᠠ᠂ ᠨᠤᠳᠤᠭ ᠤᠨ ᠨᠢᠬᠡᠨ ᠡᠷᠳᠡᠮ ᠲᠠᠢ ᠯᠠᠮ᠎ᠠ ᠡᠨᠡ ᠠᠭᠤᠯᠠ ᠶᠢ ᠦᠯᠵᠡᠢ ᠲᠠᠢ ᠰᠠᠶᠢᠨ ᠭᠠᠵᠠᠷ ᠬᠡᠮᠡᠨ ᠰᠤᠩᠭᠤᠵᠤ᠂ ᠨᠤᠳᠤᠭ ᠤᠨ ᠮᠠᠯᠴᠢᠳ ᠬᠠᠮᠵᠢᠯᠴᠠᠨ ᠤᠪᠤᠭ᠎ᠠ  ᠪᠤᠰᠬᠠᠵᠤ ᠲᠠᠬᠢᠭᠰᠠᠨ ᠪᠠᠶᠢᠵᠠᠢ᠃ ᠠᠷᠢᠭᠤᠨ ᠰᠠᠨᠠᠭᠠᠨ ᠤ ᠲᠠᠭᠠᠳᠬᠠᠯ ᠤᠨ ᠬᠠᠷᠢᠭᠤ ᠳᠤ ᠨᠠᠷᠠ  ᠬᠤᠷ᠎ᠠ ᠲᠡᠩᠴᠡᠵᠦ᠂ ᠪᠠᠶᠠᠨ ᠡᠯᠪᠡᠭ ᠵᠢᠯ ᠪᠤᠯᠳᠠᠭ ᠢᠶᠠᠷ ᠨᠢ ᠨᠤᠳᠤᠭ ᠤᠨ ᠮᠠᠯᠴᠢᠳ ᠯᠠᠮᠠ ᠭᠤᠸᠠᠢ ᠶᠢ ᠲᠤᠷᠠᠰᠬᠠᠨ᠂ ᠡᠨᠡ  ᠤᠪᠤᠭ᠎ᠠ ᠪᠠᠨ ︽ᠯᠠᠮ᠎ᠠ ᠶᠢᠨ ᠤᠪᠤᠭ᠎ᠠ︾ ᠭᠡᠵᠦ ᠲᠠᠭᠤᠳᠠᠳᠠᠭ ᠪᠤᠯᠵᠠᠢ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号