ᠤᠪᠤᠭ᠎ᠠ  ᠬᠠᠶᠢᠷᠬᠠᠳ —  ᠬᠡᠦᠭᠡᠳ ᠤᠨ ᠤᠪᠤᠭ᠎ᠠ
ᠨᠡᠶᠢᠲᠡᠯᠡᠭᠰᠡᠨ ᠴᠠᠭ᠄
2023/3/3
   ᠲᠠᠶᠢᠹᠤᠰᠧ ᠵᠡᠬᠦᠨ ᠭᠠᠷ ᠰᠦᠷᠦᠭ  ︵ᠬᠤᠰᠢᠭᠤ︶᠎ ᠤᠨ ᠬᠠᠮᠤᠭ ᠰᠡᠬᠦᠯᠴᠢ ᠶᠢᠨ ᠠᠮᠪᠠᠨ ᠰᠡᠷᠡᠩᠨᠠᠮᠵᠢᠯ ᠨᠤᠳᠤᠭ ᠤᠰᠤᠨ ᠤ ᠪᠠᠨ ᠬᠡᠶᠢᠮᠦᠷᠢ ᠰᠦᠯᠳᠡ ᠶᠢ ᠮᠠᠨᠳᠤᠭᠤᠯᠤᠨ᠎ᠠ ᠬᠡᠮᠡᠨ ᠤᠪᠤᠭ᠎ᠠ ᠪᠤᠩᠬᠤᠨ ᠢᠶᠠᠨ ᠰᠢᠨᠡᠳᠭᠡᠨ ᠵᠠᠰᠠᠵᠤ᠂ ᠠᠭᠤᠯᠠ ᠤᠰᠤᠨ ᠤ ᠪᠠᠨ ᠨᠠᠪᠳᠠᠭ ᠰᠠᠪᠳᠠᠭ ᠢ  ᠰᠡᠷᠬᠦᠬᠡᠨ ᠲᠠᠬᠢᠬᠤ ᠠᠵᠢᠯ ᠢ ᠶᠡᠬᠡᠪᠡᠷ ᠬᠢᠭᠰᠡᠨ ᠪᠠᠶᠢᠵᠠᠢ᠃ ᠲᠡᠭᠡᠭᠡᠳ ᠲᠠᠷᠤᠭ᠎ᠠ ᠨᠤᠶᠠᠳ᠂ ᠯᠠᠮᠠ ᠬᠤᠸᠠᠷᠠᠭ  ᠂ ᠦᠵᠡᠬᠡᠴᠢ ᠰᠢᠨᠵᠢᠬᠡᠴᠢ ᠪᠠᠨ ᠲᠠᠭᠠᠭᠤᠯᠤᠨ᠂ ᠠᠭᠤᠯᠠ  ᠤᠰᠤ ᠎ ᠶᠢ ᠰᠢᠨᠵᠢᠵᠦ ᠶᠠᠪᠤᠭᠰᠠᠭᠠᠷ ᠬᠠᠩᠭᠠᠢ ᠠᠭᠤᠯᠠ ᠶᠢᠨ ᠡᠩᠬᠡᠷ᠂ ᠬᠠᠰᠢᠶᠠᠳᠤ  ᠨᠠᠭᠤᠷ ᠤᠨ ᠬᠦᠪᠡᠭᠡ᠂ ᠪᠠᠷᠠᠭᠤᠨ ᠪᠤᠯᠠᠭ ᠎ ᠤᠨ ᠰᠦᠪᠡᠭᠡᠨ ᠳᠤ ᠪᠠᠶᠢᠷᠢᠰᠢᠭᠰᠠᠨ ᠪᠢᠴᠢᠬᠠᠨ ᠴᠦᠮᠴᠦᠭᠡᠷ ᠠᠭᠤᠯᠠ  ᠎ ᠶᠢ ᠰᠤᠩᠭᠤᠵᠤ᠂  ᠬᠤᠰᠢᠭᠤ ᠨᠡᠶᠢᠳᠡ ᠶᠢᠨ ᠭᠡᠦᠭᠡᠳ ᠤᠨ ᠤᠪᠤᠭ᠎ᠠ  ᠪᠤᠯᠭᠠᠵᠤ᠂ ᠪᠤᠮᠪᠠ ᠪᠦᠳᠦᠭᠡᠯᠬᠡᠨ ᠲᠠᠷᠤᠵᠤ ᠰᠦᠵᠢᠭᠯᠡᠨ ᠲᠠᠬᠢᠭᠰᠠᠨ ᠬᠡᠨ᠎ᠡ  ᠃  ᠲᠤᠬᠠᠢ ᠎ ᠶᠢᠨ ᠦᠶᠡᠰ ᠲᠠᠶᠢᠨ ᠲᠠᠵᠢᠨ ᠤ ᠲᠠᠯᠬᠢᠭᠳᠠᠯ᠂  ᠠᠮᠢᠳᠤᠷᠠᠯ ᠠᠬᠤᠢ ᠶᠢᠨ ᠬᠦᠴᠢᠷᠳᠡᠯ᠂ ᠡᠪᠡᠳᠴᠢᠨ ᠡᠮᠭᠡᠭ ᠤᠨ ᠨᠡᠮᠡᠭᠳᠡᠯ ᠵᠡᠷᠭᠡ ᠠᠴᠠ ᠰᠢᠯᠳᠠᠭᠠᠯᠠᠵᠤ᠂ ᠮᠠᠯᠵᠢᠬᠤ ᠤᠷᠤᠨ ᠳᠤ  ᠬᠡᠦᠭᠡᠳ ᠶᠡᠬᠡᠪᠡᠷ ᠴᠦᠭᠡᠷᠡᠭᠰᠡᠨ ᠪᠠᠶᠢᠵᠠᠢ᠃ 1947 ᠤᠨ ᠳᠤ ᠬᠡᠦᠭᠡᠳ ᠤᠨ ᠤᠪᠤᠭ᠎ᠠ  ᠎ ᠶᠢ  ᠡᠬᠢᠯᠡᠨ ᠲᠠᠬᠢᠮᠠᠭᠴᠠ ᠭᠤᠴᠢ ᠬᠦᠷᠬᠦ ᠦᠬᠡᠢ  ᠠᠶᠢᠯ ᠡᠷᠦᠬᠡ ᠲᠠᠢ ᠬᠠᠰᠢᠶᠠᠳᠤ ᠨᠤᠳᠤᠭ ᠲᠤ ᠨᠢᠬᠡᠯᠡ ᠵᠢᠯ ᠳᠤ ᠠᠷᠪᠠᠨ ᠭᠡᠳᠦᠨ ᠬᠡᠦᠭᠡᠳ ᠲᠦᠷᠦᠭᠰᠡᠨ ᠶᠤᠮ ᠭᠡᠨ᠎ᠡ᠃ ᠡᠬᠦᠨ ᠢ ᠰᠤᠨᠤᠰᠤᠭᠰᠠᠨ ᠰᠡᠷᠡᠩᠨᠠᠮᠵᠢᠯ ᠠᠮᠪᠠᠨ ︽ᠲᠠᠶᠢᠹᠤᠰᠧ ᠵᠡᠬᠦᠨ ᠭᠠᠷ ᠤᠨ ᠭᠡᠦᠭᠡᠳ ᠤᠨ ᠤᠪᠤᠭ᠎ᠠ ᠶᠢ ᠬᠠᠰᠢᠶᠠᠳᠤ ᠳᠤ ᠰᠦᠭᠯᠡᠭᠰᠡᠨ ᠴᠢᠨᠢ  ᠬᠡᠦᠭᠡᠳ ᠨᠢ ᠪᠦᠷ ᠬᠠᠰᠢᠶᠠᠳᠤ ᠳᠤ ᠲᠦᠷᠦᠴᠢᠭᠡᠭᠰᠡᠨ ᠶᠤᠮ ᠪᠤᠯᠪᠠᠤ︾ ᠭᠡᠵᠦ ᠪᠠᠶᠠᠷᠯᠠᠨ ᠬᠦᠭᠰᠡᠯ᠎ᠡ ᠬᠡᠵᠦ ᠨᠠᠰᠤᠳᠠᠶᠢᠴᠤᠳ ᠬᠠᠭᠤᠴᠢᠯᠠᠳᠠᠭ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号