ᠤᠪᠤᠭ᠎ᠠ  ᠬᠠᠶᠢᠷᠬᠠᠳ —  ᠬᠦᠯᠦ ᠬᠦᠬᠡ ᠶᠢᠨ ᠪᠤᠭᠳᠠ
ᠨᠡᠶᠢᠲᠡᠯᠡᠭᠰᠡᠨ ᠴᠠᠭ᠄
2023/2/22
   ᠲᠠᠶᠢᠹᠤᠰᠧ ᠵᠡᠬᠦᠨ ᠭᠠᠷ ᠰᠦᠷᠦᠭ ᠲᠤ ᠢᠷᠡᠭᠰᠡᠨ ᠬᠦᠯᠦ ᠬᠦᠬᠡ ᠬᠤᠰᠢᠭᠤᠨ ᠤ ᠬᠦᠮᠦᠰ ᠤᠨ ᠲᠠᠬᠢᠳᠠᠭ ᠤᠪᠤᠭ᠎ᠠ᠃  ᠾᠧᠪᠸᠢ ᠮᠤᠵᠢ ᠶᠢᠨ ᠬᠦᠶᠤᠸᠠᠨ ᠰᠢᠶᠠᠨ ᠤ ᠲᠦᠪ ᠪᠢᠩᠳᠦ ᠪᠠᠯᠭᠠᠰᠤᠨ ︵ ᠬᠢᠳᠠᠳ ᠢᠶᠠᠷ ᠫᠢᠩ ᠳ᠋ᠢᠩ ᠪᠤᠤ ᠬᠡᠳᠡᠭ︶  ᠎ ᠤ ᠪᠠᠷᠠᠭᠤᠨ ᠲᠠᠯ᠎ᠠ ᠳᠤ ᠪᠤᠢ᠃ ᠠᠮᠠᠨ ᠶᠠᠷᠢᠶᠠᠨ ᠳᠤ ᠬᠦᠯᠦ ᠬᠦᠭᠡ  ᠎ ᠶᠢᠨ ᠪᠤᠭᠳᠠ ᠪᠤᠯ ᠡᠵᠡᠨ ᠴᠢᠩᠬᠢᠰ ᠤᠨ  ᠭᠡᠬᠦᠦ ᠰᠠᠭᠠᠵᠤ ᠪᠠᠶᠢᠭᠰᠠᠨ ᠭᠠᠵᠠᠷ ᠬᠡᠵᠦ ᠭᠡᠯᠡᠯᠴᠡᠳᠡᠭ᠃ ᠬᠦᠯᠦ ᠬᠦᠭᠡ ᠶᠢᠨ ᠪᠤᠭᠳᠠ ᠶᠢᠨ ᠪᠠᠶᠢᠷᠢᠰᠢᠯ ᠨᠢ ᠨᠡᠯᠢᠶᠡᠳ ᠦᠨᠳᠦᠷ᠂ ᠤᠷᠤᠢ ᠨᠢ ᠡᠬᠦᠯᠡᠨ ᠳᠤ  ᠰᠢᠷᠭᠤᠵᠤ ᠪᠠᠯ ᠢᠶᠠᠷ ᠨᠢ ᠮᠠᠨᠠᠨ ᠲᠤᠨᠤᠷᠠᠨ᠎ᠠ᠃ ︽ᠬᠦᠯᠦ ᠬᠦᠭᠡ ᠶᠢᠨ ᠪᠤᠭᠳᠠ ᠶᠢᠨ ᠮᠠᠨᠠᠨ ᠲᠡᠭᠡᠭᠰᠢᠯᠡᠪᠡᠯ ᠨᠠᠷᠠᠨ ᠭᠠᠷᠴᠤ᠂ ᠲᠤᠷᠤᠭᠰᠢᠯᠠᠪᠠᠯ ᠪᠤᠷᠤᠭᠠᠨ ᠤᠷᠤᠨ᠎ᠠ︾ ᠭᠡᠵᠦ ᠨᠤᠳᠤᠭ ᠤᠨ ᠮᠠᠯᠴᠢᠳ ᠶᠡᠭᠡ ᠰᠦᠵᠢᠭᠳᠡᠢ ᠶᠠᠷᠢᠳᠠᠭ᠃ ᠬᠦᠯᠦ ᠬᠦᠭᠡ ᠶᠢᠨ ᠪᠤᠭᠳᠠ ᠳᠤ ᠵᠡᠬᠦᠨ ᠪᠠᠷᠠᠭᠤᠨ ᠬᠤᠶᠠᠷ ᠤᠪᠤᠭ᠎ᠠ ᠲᠠᠢ᠂ ᠤᠪᠤᠭ᠎ᠠ ᠪᠦᠷᠢ ᠶᠢᠨ ᠤᠷᠤᠢ ᠲᠡᠭᠡᠷ᠎ᠡ ᠮᠤᠷᠢᠨ ᠲᠤᠭᠤᠷᠠᠢ ᠶᠢᠨ ᠤᠷᠤᠮ ᠰᠢᠭ᠋ ᠵᠢᠵᠢᠭ ᠴᠤᠩᠬᠢᠶᠠᠯ ᠲᠠᠢ ᠴᠢᠯᠠᠭᠤ ᠪᠤᠢ᠂ ᠡᠬᠦᠨ ᠢ ᠮᠦᠨ ︽ᠪᠤᠭᠳᠠ ᠴᠢᠩᠬᠢᠰ ᠤᠨ ᠮᠤᠷᠢᠨ ᠲᠤᠭᠤᠷᠠᠢ ᠶᠢᠨ ᠤᠷᠤᠮ  ︾  ᠭᠡᠳᠡᠭ᠃ ᠤᠪᠤᠭ᠎ᠠ ᠪᠦᠷᠢ ᠳᠤ ᠨᠢᠬᠡᠨ ᠲᠤᠮᠤ ᠤᠷᠭᠤᠭ᠎ᠠ ᠬᠠᠶᠢᠯᠠᠰᠤ ᠪᠤᠢ᠂ ᠡᠬᠦᠨ ᠢ ︽ᠵᠡᠬᠦᠨ ᠭᠠᠭᠴᠠ ᠮᠤᠳᠤ︾ ᠪᠠ ︽ᠪᠠᠷᠠᠭᠤᠨ ᠭᠠᠭᠴᠠ ᠮᠤᠳᠤ︾ ᠬᠡᠳᠡᠭ ᠪᠦᠬᠡᠳ ᠪᠤᠭᠳᠠ ᠡᠵᠡᠨ ᠤ ᠬᠡᠬᠦᠦ ᠶᠢᠨ ᠵᠡᠯ᠎ᠡ ᠶᠢᠨ ᠬᠤᠶᠠᠷ ᠦᠵᠦᠬᠦᠷ ᠎ ᠤᠨ ᠭᠠᠳᠠᠰᠤ ᠭᠡᠳᠡᠭ᠃ ᠲᠤᠰ ᠤᠪᠤᠭᠠᠨ ᠤ ᠲᠠᠬᠢᠯᠭ᠎ᠠ ᠪᠤᠯ ᠪᠤᠰᠤᠳ ᠤᠪᠤᠭ᠎ᠠ ᠪᠤᠩᠬᠤᠨ ᠤ ᠲᠠᠬᠢᠯᠭ᠎ᠠ ᠶᠢ ᠪᠤᠳᠤᠪᠠᠯ ᠨᠡᠯᠢᠶᠡᠳ ᠤᠨᠴᠠᠭᠠᠢ᠂  ᠪᠦᠬᠡ ᠶᠢᠨ ᠲᠠᠬᠢᠯᠭ᠎ᠠ ᠲᠠᠢ ᠤᠪᠤᠭ᠎ᠠ ᠪᠤᠯᠤᠨ᠎ᠠ ︵ᠲᠠᠬᠢᠯᠭ᠎ᠠ ᠶᠢᠨ ᠨᠠᠷᠢᠨ ᠪᠠᠶᠢᠳᠠᠯ ᠢ  ︽ᠵᠠᠩ ᠦᠢᠯᠡ︾ ᠪᠤᠯᠤᠩ ᠳᠤ ᠲᠠᠨᠢᠯᠴᠠᠭᠤᠯᠤᠨ᠎ᠠ︶᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号