ᠤᠪᠤᠭ᠎ᠠ  ᠬᠠᠶᠢᠷᠬᠠᠳ —  ᠦᠷᠳᠡᠭᠡᠨ ᠤᠪᠤᠭ᠎ᠠ
ᠨᠡᠶᠢᠲᠡᠯᠡᠭᠰᠡᠨ ᠴᠠᠭ᠄
2023/4/11
     ᠦᠷᠳᠡᠭᠡ ᠭᠡᠳᠡᠭ ᠪᠤᠯ ᠡᠷᠳᠡᠨ ᠤ ᠤᠷᠳᠤᠨ ᠤ ᠪᠢᠴᠢᠭ ᠴᠢᠮᠡᠭᠡ ᠬᠦᠷᠭᠡᠭᠴᠢ ᠶᠢᠨ ᠨᠠᠰᠢ ᠴᠠᠰᠢ ᠶᠠᠪᠤᠬᠤ ᠎ ᠳᠠᠭᠠᠨ ᠪᠤᠳᠠᠭᠠᠯᠠᠵᠤ  ᠠᠮᠠᠷᠠᠨ᠂ ᠤᠨᠤᠭ᠎ᠠ ᠰᠤᠯᠢᠬᠤ ᠭᠠᠵᠠᠷ ᠪᠤᠯᠤᠨ᠎ᠠ᠃  ᠲᠡᠦᠬᠡᠨ ᠲᠡᠮᠳᠡᠭᠯᠡᠯ ᠠᠴᠠ ᠦᠵᠡᠪᠡᠯ ᠲᠤᠮᠳᠠᠳᠤ ᠤᠯᠤᠰ  ᠎ ᠲᠤ ᠱᠠᠩ᠂  ᠵᠸᠦ ᠶᠢᠨ ᠦᠶ᠎ᠡ ᠠᠴᠠ ᠡᠬᠢᠯᠡᠵᠦ ᠠᠯᠪᠠᠨ ᠤ ᠲᠠᠮᠵᠢᠭᠤᠯᠬᠤ ᠵᠤᠭᠰᠤᠯᠳᠠ ᠪᠤᠢ ᠪᠤᠯᠵᠠᠢ᠃ ᠶᠤᠸᠠᠨ ᠤᠯᠤᠰ ᠤᠨ ᠦᠶ᠎ᠡ ᠳᠤ  ᠦᠷᠳᠡᠭᠡ ᠶᠢ ᠵᠠᠮᠴᠢ ᠬᠡᠵᠦ ᠨᠡᠷᠡᠯᠡᠳᠡᠭ᠃  ᠬᠤᠵᠢᠮ ᠨᠢ ᠠᠭᠠᠵᠢᠮ ᠎ ᠢᠶᠠᠷ ᠦᠷᠳᠡᠭᠡ ᠬᠡᠬᠦ ᠪᠤᠯᠵᠠᠢ᠃ ᠴᠢᠩᠬᠢᠰ ᠬᠠᠭᠠᠨ ᠤ ᠦᠶ᠎ᠡ ᠳᠤ ᠨᠢᠬᠡᠨᠳᠡ ᠴᠢᠮᠡᠭᠡ ᠲᠠᠮᠵᠢᠭᠤᠯᠬᠤ ᠦᠷᠳᠡᠭᠡ ᠪᠠᠶᠢᠭᠰᠠᠨ᠃  ᠴᠠᠭᠠᠳᠠᠢ ᠬᠠᠭᠠᠨ ᠤ ᠦᠶᠡᠰ᠂ ᠱᠠᠨ ᠲᠠᠨ ᠵᠸᠦ ᠠᠴᠠ ᠡᠬᠢᠯᠡᠨ ᠾᠧ ᠰᠢ ᠬᠠᠪᠴᠢᠯ ᠢᠶᠠᠷ ᠲᠠᠮᠵᠢᠵᠤ ᠂ ᠦᠪᠡᠷᠦᠨ ᠬᠠᠷᠢᠶᠠᠨ ᠤ ᠤᠯᠤᠰ ᠲᠠᠭᠠᠨ ᠬᠦᠷᠳᠡᠯ᠎ᠡ ᠦᠷᠳᠡᠭᠡ ᠪᠠᠶᠢᠭᠤᠯᠤᠭᠰᠠᠨ ᠪᠠᠶᠢᠪᠠ᠃ ᠬᠤᠪᠢᠯᠠᠢ ᠬᠠᠭᠠᠨ ᠤ ᠦᠶᠡᠰ  ᠰᠢᠤᠳᠠᠨ ᠦᠷᠳᠡᠭᠡ ᠶᠢ ᠶᠡᠬᠡᠪᠡᠷ ᠪᠠᠶᠢᠭᠤᠯᠵᠤ᠂ ᠮᠤᠩᠭᠤᠯ ᠤᠨ ᠨᠡᠶᠢᠰᠯᠡᠯ ᠶᠢᠨ ᠶᠠᠨᠵᠢᠩ ︵ᠤᠳᠤ ᠶᠢᠨ ᠪᠡᠭᠡᠵᠢᠩ︶᠎ ᠳᠤ ᠨᠡᠬᠦᠯᠭᠡᠭᠰᠡᠨ ᠤ ᠲᠠᠷᠠᠭ᠎ᠠ ᠬᠢᠳᠠᠳ ᠤᠨ ᠲᠠᠮᠵᠢᠭᠤᠯᠬᠤ ᠵᠤᠭᠰᠤᠯᠳᠠ ᠪᠤᠯᠤᠨ ᠮᠤᠩᠭᠤᠯ ᠤᠨ ᠵᠠᠮᠴᠢ ᠎ ᠶᠢᠨ ᠲᠦᠷᠢᠮ ᠢ ᠨᠢᠬᠡᠳᠭᠡᠨ ︽ᠵᠠᠮᠴᠢ ᠶᠢᠨ ᠲᠤᠭᠳᠠᠭᠠᠯ︾᠎ ᠢ ᠨᠡᠶᠢᠳᠡᠯᠡᠵᠦ᠂ ᠨᠡᠶᠢᠰᠯᠡᠯ ᠢᠶᠠᠷ ᠲᠦᠪ ᠪᠤᠯᠭᠠᠭᠰᠠᠨ ᠰᠢᠤᠳᠠᠨ ᠦᠷᠳᠡᠭᠡᠨ ᠤ ᠰᠢᠰᠲ᠋ᠧᠮ ᠢ ᠪᠠᠶᠢᠭᠤᠯᠵᠠᠢ᠃ ᠡᠬᠦᠨ ᠠᠴᠠ ᠬᠤᠶᠢᠰᠢ ᠦᠷᠳᠡᠭᠡ ᠨᠢ  ᠰᠦᠨᠢ ᠶᠢᠨ ᠤᠳᠤᠨ ᠮᠡᠳᠦ ᠲᠦᠭᠡᠵᠦ᠂ ᠦᠷᠳᠡᠭᠡᠨ ᠤ ᠠᠵᠢᠯ ᠡᠳᠦᠷ ᠰᠦᠨᠢ ᠦᠬᠡᠢ ᠶᠠᠪᠤᠭᠳᠠᠵᠤ᠂ ᠲᠦᠪ ᠪᠠ ᠤᠷᠤᠨ ᠨᠤᠳᠤᠭ᠂  ᠤᠷᠤᠨ ᠨᠤᠳᠤᠭ ᠪᠠ ᠤᠷᠤᠨ ᠨᠤᠳᠤᠭ ᠤᠨ  ᠬᠤᠭᠤᠷᠤᠨᠳᠤᠬᠢ ᠬᠤᠯᠪᠤᠭ᠎ᠠ ᠬᠠᠷᠢᠴᠠᠭ᠎ᠠ ᠲᠦᠬᠦᠮ ᠲᠦᠳᠡ ᠪᠤᠯᠪᠠ᠃ ᠮᠠᠨᠵᠤ ᠶᠢᠨ  ᠦᠶ᠎ᠡ ᠬᠦᠷᠦᠭᠡᠳ ᠨᠡᠩ ᠬᠦᠭᠵᠢᠵᠦ᠂  ᠴᠡᠷᠢᠭ ᠤᠨ ᠴᠢᠮᠡᠭᠡ ᠵᠠᠩᠬᠢ ᠶᠢᠨ ᠦᠷᠳᠡᠭᠡ᠂ ᠲᠤᠳᠤᠭᠠᠳᠤ ᠬᠠᠷᠢᠯᠴᠠᠭᠠᠨ ᠤ ᠦᠷᠳᠡᠭᠡ᠂ ᠤᠷᠳᠤᠨ ᠤ ᠪᠤᠳᠠᠰ ᠢ ᠬᠦᠷᠭᠡᠬᠦ ᠦᠷᠳᠡᠭᠡ᠂ ᠭᠠᠳᠠᠭᠠᠳᠤ ᠬᠠᠷᠢᠴᠠᠭᠠᠨ ᠤ ᠦᠷᠳᠡᠭᠡ᠂ ᠵᠠᠷᠯᠢᠭ ᠪᠢᠴᠢᠭ ᠲᠠᠮᠵᠢᠭᠤᠯᠬᠤ ᠦᠷᠳᠡᠭᠡ ᠵᠡᠷᠭᠡ ᠤᠯᠠᠨ ᠬᠤᠪᠢᠶᠠᠷᠢ ᠭᠠᠷᠴᠤ ᠬᠦᠭᠵᠢᠵᠡᠢ᠃ ᠦᠷᠳᠡᠭᠡᠨ ᠳᠤ ᠲᠤᠰᠬᠠᠢ ᠠᠶᠢᠯ ᠡᠷᠦᠬᠡ ᠲᠤᠬᠢᠷᠠᠭᠤᠯᠵᠤ᠂ ᠲᠤᠰ ᠲᠤᠰ ᠤᠨ ᠠᠵᠢᠯ ᠤᠨ ᠬᠤᠪᠢᠶᠠᠷᠢ ᠲᠠᠢ ᠪᠠᠶᠢᠳᠠᠭ᠃  ᠲᠠᠶᠢᠹᠤᠰᠧ ᠨᠤᠳᠤᠭ ᠤᠨ ᠡᠨᠡᠬᠦ ᠦᠷᠳᠡᠭᠡᠨ ᠤᠪᠤᠭ᠎ᠠ ᠪᠤᠯ ᠲᠠᠷᠤᠢ ᠠᠯᠪᠠ ᠬᠦᠢᠴᠡᠳᠭᠡᠭᠴᠢ ᠮᠠᠯᠴᠢᠨ ᠡᠷᠦᠬᠡ ᠨᠢ ᠦᠷᠳᠡᠭᠡᠨ ᠤ ᠠᠵᠢᠯ ᠦᠢᠯᠡᠰ ᠬᠢᠭᠡᠳ  ᠠᠵᠤ ᠠᠮᠢᠳᠤᠷᠠᠯ ᠢᠶᠠᠨ ᠠᠭᠤᠯᠠ ᠤᠰᠤᠨ ᠤ ᠰᠠᠪᠳᠠᠭ ᠰᠠᠬᠢᠭᠤᠯᠰᠤᠨ ᠳᠠᠭᠠᠨ ᠲᠠᠭᠠᠳᠬᠠᠵᠤ ᠪᠤᠰᠬᠠᠭᠰᠠᠨ ᠤᠪᠤᠭ᠎ᠠ ᠪᠤᠯᠤᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号