ᠦᠷᠬᠦᠯᠵᠢ ᠳᠤᠬᠢᠶᠠᠯᠳᠤᠳᠠᠬ ᠬᠤᠳᠤᠭᠤᠳᠤ ᠬᠡᠳᠡᠰᠤᠨ ᠤ ᠡᠪᠡᠳᠴᠢᠨ ᠢ ᠬᠡᠷᠬᠢᠨ ᠰᠡᠷᠬᠡᠶᠢᠯᠡᠬᠦ ᠪᠤᠢ︖
ᠨᠡᠶᠢᠲᠡᠯᠡᠭᠰᠡᠨ ᠴᠠᠭ᠄
2023/4/28
ᠦᠷᠬᠦᠯᠵᠢ ᠳᠤᠬᠢᠶᠠᠯᠳᠤᠳᠠᠬ ᠬᠤᠳᠤᠭᠤᠳᠤ ᠬᠡᠳᠡᠰᠤᠨ ᠤ ᠡᠪᠡᠳᠴᠢᠨ ᠢ ᠬᠡᠷᠬᠢᠨ ᠰᠡᠷᠬᠡᠶᠢᠯᠡᠬᠦ ᠪᠤᠢ︖                    — ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠳᠡᠯᠢᠬᠦᠤ ᠬᠤᠳᠤᠭᠤᠳᠤᠨ ᠰᠠᠯᠠᠭᠠᠨ ᠤ ᠭᠤᠤᠯᠯᠠᠬᠴᠢ ᠡᠮᠴᠢ ᠪᠠᠢ ᠠᠷᠢᠭᠤᠨ᠎ᠠ ᠶᠢ ᠰᠤᠷᠪᠦᠯᠵᠢᠯᠠᠭᠠᠳ                                ᠬᠠᠮ ᠵᠠᠭᠤᠴᠢᠯᠠᠭᠤᠷ ᠤᠨ ᠰᠤᠷᠪᠤᠯᠵᠢᠯᠠᠬᠴᠢ ᠤᠶᠠᠬᠠᠨ   ᠬᠤᠳᠤᠭᠤᠳᠤ ᠭᠡᠳᠡᠰᠤᠨ ᠤ ᠡᠪᠡᠳᠴᠢᠨ ᠪᠤᠯ ᠪᠢᠳᠡᠨ ᠤ ᠡᠳᠤᠷ ᠳᠤᠳᠤᠮ ᠤᠨ ᠠᠮᠢᠳᠤᠷᠠᠯ ᠳᠤ ᠦᠷᠬᠦᠯᠵᠢ ᠳᠤᠬᠢᠶᠠᠯᠳᠤᠳᠠᠬ ᠨᠢᠬᠡ ᠵᠦᠢᠯ ᠤᠨ ᠡᠪᠡᠳᠴᠢᠨ ᠪᠤᠯᠤᠨ᠎ᠠ᠃ ᠨᠡᠩ ᠴᠤ ᠤᠢᠢᠷ ᠎ᠠ ᠶᠢᠨ ᠵᠢᠯ ᠠᠴᠠ ᠵᠠᠯᠠᠭᠤᠴᠤᠳ ᠪᠠᠭᠠᠴᠤᠳ ᠤᠨ ᠬᠤᠳᠤᠭᠤᠳᠤ ᠭᠡᠳᠡᠰᠤᠨ ᠤ ᠡᠪᠡᠳᠴᠢᠨ ᠳᠤ ᠨᠡᠷᠪᠡᠭᠳᠡᠵᠤ ᠪᠠᠶᠢᠭ᠎ᠠ ᠨᠢ ᠤᠯᠠᠰᠢᠷᠠᠵᠤ ᠪᠠᠶᠢᠭ᠎ᠠ ᠪᠠᠶᠢᠳᠠᠯ ᠳᠤ ᠬᠠᠨᠳᠤᠭᠤᠯᠤᠨ ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠳᠡᠯᠢᠬᠦᠤ ᠬᠤᠳᠤᠭᠤᠳᠤᠨ ᠰᠠᠯᠠᠭᠠᠨ ᠤ ᠭᠤᠤᠯᠯᠠᠬᠴᠢ ᠡᠮᠴᠢ ᠪᠠᠢ ᠠᠷᠢᠭᠤᠨ᠎ᠠ ᠶᠢᠨ ᠦᠷᠬᠦᠯᠵᠢ ᠳᠤᠬᠢᠶᠠᠯᠳᠤᠳᠠᠬ ᠬᠤᠳᠤᠭᠤᠳᠤ ᠭᠡᠳᠡᠰᠤᠨ ᠤ ᠡᠪᠡᠳᠴᠢᠨ ᠢ ᠬᠡᠷᠬᠢᠨ ᠰᠡᠷᠭᠡᠶᠢᠯᠡᠬᠦ ᠳᠤᠬᠠᠢ ᠶᠠᠷᠢᠬᠰᠠᠨ ᠰᠠᠨᠠᠭᠤᠯᠭ᠎ᠠ ᠶᠢ ᠠᠳᠡ ᠬᠤᠪᠢᠶᠠᠯᠴᠠᠬᠤ ᠪᠤᠯᠤᠯ᠎ᠠ   ᠰᠤᠷᠪᠦᠯᠵᠢᠯᠠᠬᠴᠢ᠄ ᠰᠠᠶᠢᠨ ᠪᠠᠶᠢᠨ᠎ᠠ ᠤᠤ᠂ ᠦᠨᠤᠳᠤᠷ ᠠᠳᠡ ᠳᠠ ᠦᠷᠬᠦᠯᠵᠢ ᠳᠤᠬᠢᠶᠠᠯᠳᠤᠳᠠᠬ ᠬᠤᠳᠤᠭᠤᠳᠤ ᠭᠡᠳᠡᠰᠤᠨ ᠤ ᠡᠪᠡᠳᠴᠢᠨ ᠢ ᠬᠡᠷᠬᠢᠨ ᠰᠡᠷᠭᠡᠶᠢᠯᠡᠬᠦ ᠳᠤᠬᠠᠢ ᠰᠠᠨᠠᠭᠤᠯᠭ᠎ᠠ ᠦᠭᠭᠦ ᠪᠤᠯᠤᠬᠰᠠᠨ ᠳᠤ ᠪᠠᠶᠠᠷᠯᠠᠵᠤ ᠪᠠᠶᠢᠨ᠎ᠠ᠃ ᠳᠡᠭᠡᠪᠡᠯ ᠬᠤᠳᠤᠭᠤᠳᠤ ᠭᠡᠳᠡᠰᠤᠨ ᠤ ᠡᠪᠡᠳᠴᠢᠨ ᠤ ᠳᠠᠯ᠎ᠠ ᠪᠠᠷ ᠲᠠ ᠶᠠᠷᠢᠭᠠᠳ ᠦᠭᠭᠦᠨ᠎ᠠ ᠤᠤ︖   ᠪᠠᠢ ᠠᠷᠢᠭᠤᠨ᠎ᠠ ᠡᠮᠴᠢ᠄ ᠬᠤᠳᠤᠭᠤᠳᠤ ᠭᠡᠳᠡᠰᠤ ᠭᠡᠪᠡᠯ ᠪᠢᠳᠡ ᠪᠦᠬᠦᠳᠡᠭᠡᠷ ᠮᠡᠳᠡᠵᠤ ᠪᠠᠶᠢᠭ᠎ᠠ᠂ ᠡᠨᠡᠬᠦ ᠡᠷᠭᠡᠳᠡᠨ ᠨᠢ ᠬᠦᠮᠦᠨ ᠤ ᠢᠳᠡᠵᠤ ᠤᠤᠭᠤᠬᠤ ᠶᠢ ᠬᠠᠮᠢᠶᠠᠷᠬᠤ ᠰᠢᠩᠭᠡᠭᠡᠯᠳᠡ ᠶᠢᠨ ᠡᠷᠭᠡᠳᠡᠨ ᠪᠤᠯᠤᠨ᠎ᠠ᠃ ᠡᠶᠢᠮᠤ ᠠᠴᠠ ᠪᠢᠳᠡ ᠬᠤᠳᠤᠭᠤᠳᠤ ᠭᠡᠳᠡᠰᠤᠨ ᠤ ᠦᠷᠬᠦᠯᠵᠢ ᠳᠤᠬᠢᠶᠠᠯᠳᠤᠬᠤ ᠡᠪᠡᠳᠴᠢᠨ ᠢ ᠰᠡᠷᠭᠡᠶᠢᠯᠡᠶ᠎ᠠ ᠭᠡᠪᠡᠯ ᠢᠳᠡᠭᠡᠨ ᠤᠮᠳᠠᠭᠠᠨ ᠤ ᠳᠤᠬᠠᠢ ᠶᠠᠷᠢᠬᠤ ᠴᠢᠬᠤᠯᠠᠳᠡᠢ ᠪᠤᠯᠤᠯ᠎ᠠ᠃   ᠰᠤᠷᠪᠦᠯᠵᠢᠯᠠᠬᠴᠢ᠄ ᠳᠡᠭᠡᠪᠡᠯ ᠢᠳᠡᠭᠡᠨ ᠤᠮᠳᠠᠭᠠᠨ ᠤ ᠳᠠᠯ᠎ᠠ ᠪᠠᠷ ᠶᠠᠭᠠᠬᠢᠵᠤ ᠠᠩᠬᠠᠷᠬᠤ ᠴᠢᠬᠤᠯᠠᠳᠡᠢ ᠪᠤᠢ︖   ᠪᠠᠢ ᠠᠷᠢᠭᠤᠨ᠎ᠠ ᠡᠮᠴᠢ᠄ ᠢᠳᠡᠭᠡᠨ ᠤᠮᠳᠠᠭᠠᠨ ᠤ ᠳᠠᠯ᠎ᠠ ᠪᠠᠷ ᠪᠢᠳᠡ ᠬᠠᠮᠤᠬ ᠳᠡᠷᠢᠬᠦᠨ ᠳᠤ ᠬᠦᠢᠳᠡᠨ ᠢᠳᠡᠭᠡᠨ ᠤᠮᠳᠠᠭᠠᠨ ᠢ ᠠᠷᠪᠢᠨ ᠡᠳ᠋ᠯᠡᠵᠤ ᠪᠤᠯᠬᠤ ᠦᠬᠡᠢ᠃ ᠬᠤᠳᠤᠭᠤᠳᠤ ᠭᠡᠳᠡᠰᠤ ᠬᠦᠢᠳᠡᠨ ᠠᠴᠠ ᠠᠶᠤᠳᠠᠬ᠃ ᠨᠡᠩ ᠴᠤ ᠬᠠᠯᠠᠭᠤᠨ ᠤ ᠴᠠᠬ ᠲᠤ ᠬᠦᠢᠳᠡᠨ ᠤᠮᠳᠠᠭᠠᠨ ᠢ ᠠᠷᠪᠢᠨ ᠢᠳᠡᠵᠤ ᠪᠤᠯᠬᠤ ᠦᠬᠡᠢ᠂ ᠹᠦ᠋ ᠶᠢᠨ ᠬᠠᠯᠠᠭᠤᠨ ᠳᠤ ᠨᠢᠬᠡ ᠴᠤ ᠢᠳᠡᠬᠦ ᠦᠬᠡᠢ ᠪᠤᠯ ᠨᠡᠩ ᠰᠠᠶᠢᠨ ᠪᠠᠶᠢᠳᠠᠬ᠃ ᠵᠠᠷᠢᠮ ᠬᠦᠮᠦᠰ ᠵᠤᠨ ᠤ ᠬᠠᠯᠠᠭᠤᠨ ᠳᠤ ᠬᠠᠯᠠᠭᠤᠴᠠᠵᠤ ᠪᠠᠶᠢᠨ᠎ᠠ ᠭᠡᠳ ᠬᠦᠢᠳᠡᠨ ᠤᠮᠳᠠᠭᠠᠨ ᠤᠤᠭᠤᠳᠠᠬ ᠬᠦᠮᠦᠨ ᠤᠯᠠᠨ ᠪᠠᠶᠢᠳᠠᠬ᠃ ᠡᠨᠡ ᠨᠢ ᠬᠤᠳᠤᠭᠤᠳᠤ ᠭᠡᠳᠡᠰᠤᠨ ᠳᠤ ᠬᠠᠯᠠᠳᠡᠢ ᠪᠠᠶᠢᠳᠠᠬ᠃ ᠤᠮᠳᠠᠭᠠᠰᠪᠠᠯ ᠤᠰᠤ ᠤᠤᠭᠤᠪᠠᠯ ᠳᠠᠭᠠᠷᠠᠨ᠎ᠠ᠂ ᠬᠠᠷᠢᠨ ᠬᠦᠢᠳᠡᠨ ᠤᠮᠳᠠᠭᠠᠨ ᠤᠤᠭᠤᠵᠤ ᠤᠮᠳᠠᠭᠠᠰᠬᠤ ᠪᠠᠨ ᠳᠠᠷᠤᠵᠤ ᠪᠤᠯᠬᠤ ᠦᠬᠡᠢ᠃ ᠳᠠᠷᠠᠭ᠎ᠠ ᠨᠢ ᠰᠢᠩᠭᠡᠬᠦ ᠳᠤ ᠠᠮᠠᠷᠬᠠᠨ ᠢᠳᠡᠭᠡᠨ ᠢᠳᠡᠨ᠎ᠠ᠃ ᠨᠡᠩ ᠴᠤ ᠤᠨᠳᠠᠬᠤ ᠠᠴᠠ ᠪᠠᠨ ᠡᠮᠤᠨ᠎ᠠ ᠰᠢᠷᠠᠮᠠᠯ ᠢᠳᠡᠬᠡᠨ ᠢᠳᠡᠵᠤ ᠪᠤᠯᠬᠤ ᠦᠬᠡᠢ᠂ ᠤᠷᠳᠤ ᠬᠤᠭᠤᠴᠠᠭ᠎ᠠ ᠪᠠᠷ ᠤᠨᠳᠠᠬᠤ ᠠᠴᠠ ᠡᠮᠤᠨ᠎ᠠ ᠰᠢᠷᠠᠮᠠᠯ ᠢᠳᠡᠭᠡᠨ ᠢᠳᠡᠪᠡᠯ ᠬᠤᠳᠤᠭᠤᠳᠤᠨ ᠳᠤ ᠳᠠᠷᠤᠯᠳᠠ ᠦᠭᠴᠤ᠂ ᠬᠤᠳᠤᠭᠤᠳᠤᠨ ᠰᠢᠷᠬᠠᠯᠠᠭ᠎ᠠ ᠵᠡᠷᠭᠡ ᠡᠪᠡᠳᠴᠢᠨ ᠢ ᠡᠬᠦᠰᠭᠡᠳᠡᠭ᠃ ᠡᠶᠢᠮᠤ ᠠᠴᠠ ᠤᠨᠴᠠ ᠠᠩᠬᠠᠷᠬᠤ ᠨᠢ ᠤᠨᠳᠠᠬᠤ ᠠᠴᠠ ᠪᠠᠨ ᠡᠮᠤᠨ᠎ᠠ ᠵᠦᠬᠡᠯᠡᠨ᠂ ᠰᠢᠩᠭᠡᠬᠦ ᠳᠤ ᠬᠢᠯᠪᠠᠷ ᠢᠳᠡᠭᠡᠨ ᠢ ᠢᠳᠡᠪᠡᠯ ᠳᠤᠬᠢᠷᠠᠮᠵᠢᠳᠡᠢ᠃ ᠪᠠᠰᠠ ᠢᠳᠡᠬᠡᠨ ᠤ ᠳᠠᠷᠠᠭ᠎ᠠ ᠲᠤᠬᠢᠷᠠᠮᠵᠢᠳᠡᠢ ᠬᠦᠳᠡᠯᠭᠡᠭᠡᠨ ᠬᠢᠬᠦ ᠬᠡᠷᠡᠭᠳᠡᠢ᠃ ᠭᠤᠷᠪᠠ ᠳᠤ᠂ ᠦᠷᠯᠦᠬᠡ ᠶᠢᠨ ᠬᠤᠭᠤᠯᠠ ᠶᠢ ᠤᠮᠳᠤᠭᠠᠢᠢᠯᠠᠵᠤ ᠪᠤᠯᠬᠤ ᠦᠬᠡᠢ᠃ ᠮᠠᠨ ᠤ ᠵᠠᠷᠢᠮ ᠵᠠᠯᠠᠭᠤᠴᠤᠳ ᠨᠢ ᠤᠷᠤᠢ ᠤᠨᠳᠠᠵᠤ ᠤᠷᠤᠢ ᠪᠤᠰᠬᠤ ᠳᠠᠳᠬᠠᠯ ᠲᠠᠢ ᠪᠠᠶᠢᠵᠤ ᠦᠷᠯᠦᠬᠡ ᠶᠢᠨ ᠴᠠᠢ ᠬᠤᠭᠤᠯᠠ ᠶᠢ ᠢᠳᠡᠵᠤ ᠤᠤᠭᠤᠬᠤ ᠪᠠᠨ ᠤᠮᠳᠤᠭᠠᠢᠢᠯᠠᠳᠠᠬ ᠪᠠᠶᠢᠨ᠎ᠠ᠃ ᠡᠨᠡ ᠪᠤᠯ ᠨᠢᠭᠡ ᠲᠦᠢᠯ ᠤᠨ ᠮᠠᠭᠤ ᠳᠠᠳᠬᠠᠯ ᠪᠤᠯᠤᠨ᠎ᠠ᠃ ᠤᠷᠳᠤ ᠬᠤᠭᠤᠴᠠᠭ᠎ᠠ ᠪᠠᠷ ᠦᠷᠯᠦᠬᠡ ᠶᠢᠨ ᠬᠤᠭᠤᠯᠠ ᠤᠮᠳᠠᠭᠠᠨ ᠢᠶᠠᠨ ᠤᠮᠳᠤᠭᠠᠢᠢᠯᠠᠪᠠᠯ ᠰᠦᠰᠦᠨ ᠤ ᠴᠢᠯᠠᠭᠤᠵᠢᠯ᠂ ᠬᠤᠳᠤᠭᠤᠳᠤ ᠡᠰᠡ ᠰᠢᠩᠭᠡᠭᠰᠡᠨ᠂ ᠭᠡᠳᠡᠰᠤ ᠰᠠᠭᠤᠯᠭᠠᠬᠤ ᠵᠡᠷᠭᠡ ᠡᠪᠡᠳᠴᠢᠨ ᠢ ᠡᠭᠦᠰᠭᠡᠳᠡᠭ᠃ ᠶᠠᠭᠤ ᠴᠤ ᠪᠤᠯᠤᠬᠰᠠᠨ ᠪᠢᠳᠡ ᠦᠷᠯᠦᠬᠡ ᠪᠤᠰᠪᠠᠯ ᠠᠵᠢᠯ ᠳᠤ ᠭᠠᠷᠬᠤ ᠠᠴᠠ ᠡᠮᠤᠨ᠎ᠠ ᠴᠠᠢ ᠬᠤᠭᠤᠯᠠ ᠪᠠᠨ ᠢᠳᠡᠵᠤ ᠤᠤᠭᠤᠪᠠᠯ ᠰᠠᠶ᠋ᠢ ᠪᠡᠶ᠎ᠠ ᠶᠢᠨ ᠡᠷᠡᠬᠦᠯ ᠮᠡᠨᠳᠤ ᠪᠠᠨ ᠪᠠᠳᠤᠯᠠᠵᠤ ᠴᠢᠳᠠᠨ᠎ᠠ᠃ ᠲᠦᠷᠪᠡ ᠳᠤ᠂ ᠬᠡᠳᠤᠷᠬᠡᠢ ᠦᠯᠦᠰᠦᠭᠰᠡᠨ ᠪᠠᠶᠢᠳᠠᠯ ᠳᠤᠤᠷ᠎ᠠ ᠨᠢᠬᠡ ᠯᠡ ᠤᠳᠠᠭ᠎ᠠ ᠳᠤ ᠭᠡᠳᠤᠷᠡᠳᠡᠯ᠎ᠠ ᠴᠠᠳᠳᠠᠯ᠎ᠠ ᠢᠳᠡᠬᠦ ᠪᠤᠶᠤ ᠡᠷᠢᠨ ᠪᠤᠯᠭᠠᠨ ᠤ ᠬᠤᠭᠤᠯᠠ ᠶᠢ ᠴᠠᠳᠳᠠᠯ᠎ᠠ ᠢᠳᠡᠵᠤ ᠪᠤᠯᠬᠤ ᠦᠬᠡᠢ᠃ ᠢᠡᠭᠭᠢᠪᠡᠯ ᠪᠠᠰᠠ ᠬᠤᠳᠤᠭᠤᠳᠤ ᠭᠡᠳᠡᠰᠤᠨ ᠳᠤ ᠳᠠᠷᠤᠯᠳᠠ ᠦᠭᠴᠤ ᠡᠪᠡᠳᠴᠢᠨ ᠡᠬᠦᠰᠭᠡᠳᠡᠭ᠃ ᠳᠠᠪᠤ ᠳᠤ᠂ ᠴᠢᠬᠢᠭ ᠨᠦᠢᠳᠠᠨ ᠭᠠᠵᠠᠷ ᠤᠷᠳᠤ ᠬᠤᠭᠤᠴᠠᠭ᠎ᠠ ᠪᠠᠷ ᠪᠠᠶᠢᠵᠤ ᠪᠤᠯᠬᠤ ᠦᠬᠡᠢ᠃ ᠬᠤᠳᠤᠭᠤᠳᠤ ᠭᠡᠳᠡᠰᠤ ᠨᠢ ᠶᠡᠷᠤ ᠨᠢ ᠳᠤᠯᠠᠭᠠᠨ ᠬᠠᠭᠤᠷᠠᠢ ᠤᠷᠴᠢᠨ ᠳᠤ ᠳᠤᠬᠢᠷᠠᠳᠠᠬ᠃ ᠬᠠᠷᠢᠨ ᠴᠢᠬᠢᠭ ᠨᠦᠢᠳᠠᠨ ᠭᠠᠵᠠᠷ ᠤᠷᠳᠤ ᠬᠤᠭᠤᠴᠠᠭ᠎ᠠ ᠪᠠᠷ ᠪᠠᠶᠢᠪᠠᠯ ᠠᠮᠠᠷᠬᠠᠨ ᠳᠠᠭᠠᠷᠠᠵᠤ ᠵᠢᠩᠬᠢᠨᠡᠬᠦ ᠠᠴᠠ ᠪᠤᠯᠵᠤ ᠰᠠᠭᠤᠯᠭᠠᠵᠥ ᠭᠡᠳᠡᠰᠤ ᠬᠤᠳᠤᠭᠤᠳᠤ ᠡᠪᠡᠳᠬᠦ ᠪᠠᠶᠢᠳᠠᠯ ᠢᠯᠡᠷᠡᠳᠡᠭ᠃ ᠡᠶᠢᠮᠤ ᠠᠴᠠ ᠪᠢᠳᠡ ᠬᠡᠪᠡᠯᠢ ᠶᠢᠨ ᠭᠡᠰᠡᠭ ᠢᠶᠠᠨ ᠦᠷᠭᠦᠯᠵᠢ ᠶᠢᠨ ᠴᠢᠨᠠᠷᠳᠡᠢ ᠳᠤᠯᠠᠭᠠᠨ ᠳᠤᠬᠢᠳᠡᠢ ᠪᠠᠶᠢᠯᠭᠠᠬᠤ ᠬᠡᠷᠡᠭᠳᠡᠢ   ᠦᠨᠡᠨᠳᠡᠭᠡᠨ ᠬᠤᠳᠤᠭᠤᠳᠤ ᠬᠡᠳᠡᠰᠤ ᠪᠠᠰᠠ ᠳᠤᠬᠳᠠᠬᠰᠠᠨ ᠠᠮᠠᠷᠠᠬᠤ ᠴᠠᠬ ᠲᠠᠢ᠂ ᠡᠶᠢᠮᠤ ᠠᠴᠠ ᠪᠢᠳᠡ ᠳᠤᠬᠳᠠᠬᠰᠠᠨ ᠴᠠᠬ ᠲᠤ ᠪᠠᠨ ᠢᠳᠡᠵᠤ ᠤᠤᠭᠤᠵᠤ᠂ ᠠᠮᠠᠷᠠᠵᠤ ᠬᠡᠪᠳᠡᠬᠦ ᠶᠢ ᠠᠩᠬᠠᠷᠬᠤ ᠬᠡᠷᠡᠭᠳᠡᠢ᠃ ᠤᠷᠤᠢ ᠵᠠᠪᠠᠯ ᠶᠢᠰᠤ ᠠᠴᠠ ᠠᠷᠪᠠᠨ ᠴᠠᠬ ᠤᠨ ᠬᠤᠭᠤᠷᠳᠳᠤ ᠤᠨᠳᠠᠪᠠᠯ ᠬᠤᠳᠤᠭᠤᠳᠤ ᠬᠡᠳᠡᠰᠤᠨ ᠤ ᠠᠮᠠᠷᠠᠬᠤ ᠴᠠᠬ ᠢ ᠬᠠᠷᠰᠢᠯᠠᠬᠤ ᠦᠬᠡᠢ ᠪᠤᠯᠵᠤ ᠬᠡᠪ ᠤᠨ ᠪᠠᠶᠢᠳᠠᠯ ᠢᠶᠠᠨ ᠪᠠᠳᠤᠯᠠᠵᠤ ᠴᠢᠳᠠᠳᠠᠬ᠃ ᠬᠠᠷᠢᠨ ᠤᠨᠳᠠᠵᠤ ᠠᠮᠠᠷᠠᠬᠤ ᠴᠠᠬ ᠢᠶᠠᠨ ᠳᠤᠬᠢᠷᠠᠭᠤᠯᠬᠤ ᠦᠬᠡᠢ᠂ ᠳᠠᠷᠤᠢ ᠦᠪᠡᠷ ᠤᠨ ᠪᠡᠶ᠎ᠠ ᠶᠢᠨ ᠠᠮᠢᠳᠤ ᠪᠤᠳᠠᠰ ᠤᠨ ᠴᠠᠬ ᠢᠶᠠᠨ ᠪᠠᠷᠢᠮᠳᠠᠯᠠᠬᠤ ᠦᠬᠡᠢ ᠤᠷᠳᠤ ᠬᠤᠭᠤᠴᠠᠭ᠎ᠠ ᠪᠠᠷ ᠵᠦᠷᠢᠴᠡᠵᠤ ᠶᠠᠪᠤᠪᠠᠯ ᠬᠤᠳᠤᠭᠤᠳᠤ ᠭᠡᠳᠡᠰᠤᠨ ᠤ ᠡᠷᠡᠬᠦᠯᠵᠢᠯ ᠴᠤ ᠬᠡᠪ ᠤᠨ ᠪᠠᠶᠢᠳᠠᠯ ᠢᠶᠠᠨ ᠠᠯᠳᠠᠳᠠᠭ ᠪᠠᠶᠢᠨ᠎ᠠ᠃ ᠢᠡᠭᠭᠢᠭᠡᠳ ᠦᠵᠡᠬᠦ ᠳᠤ ᠪᠢᠳᠡ ᠬᠠᠮᠤᠬ ᠴᠢᠬᠤᠯᠠ ᠨᠢ ᠬᠠᠰᠢᠯᠠ ᠢᠳᠡᠵᠤ ᠤᠤᠭᠤᠬᠤ ᠵᠦᠢᠯ ᠢᠶᠠᠨ ᠠᠩᠬᠠᠷᠴᠤ᠂ ᠤᠨᠳᠠᠵᠤ ᠠᠮᠠᠷᠠᠬᠤ ᠪᠠᠨ ᠳᠤᠬᠢᠷᠠᠭᠤᠯᠪᠠᠯ ᠬᠤᠳᠤᠭᠤᠳᠤ ᠬᠡᠳᠡᠰᠤᠨ ᠤ ᠡᠷᠡᠬᠦᠯ ᠮᠡᠨᠳᠤ ᠪᠠᠨ ᠪᠠᠳᠤᠯᠠᠵᠤ ᠪᠤᠯᠤᠨ᠎ᠠ᠃   ᠰᠤᠷᠪᠦᠯᠵᠢᠯᠠᠬᠴᠢ᠄ ᠳᠡᠭᠡᠪᠡᠯ ᠪᠢᠳᠡ ᠬᠤᠳᠤᠭᠤᠳᠤ ᠭᠡᠳᠡᠰᠤᠨ ᠤ ᠪᠠᠶᠢᠴᠠᠭᠠᠯᠳᠠ ᠶᠢ ᠶᠠᠮᠠᠷ ᠪᠠᠶᠢᠳᠠᠯ ᠳᠤᠤᠷ᠎ᠠ ᠬᠢᠬᠦ ᠴᠢᠬᠤᠯᠠᠳᠡᠢ ᠪᠤᠢ︖   ᠪᠠᠢ ᠠᠷᠢᠭᠤᠨ᠎ᠠ ᠡᠮᠴᠢ᠄ ᠬᠤᠳᠤᠭᠤᠳᠤ ᠭᠡᠳᠡᠰᠤᠨ ᠤ ᠪᠠᠶᠢᠴᠠᠭᠠᠯᠳᠠ ᠶᠢ ᠬᠢᠯᠬᠡᠬᠦ ᠳᠤ ᠦᠪᠡᠷ ᠤᠨ ᠪᠡᠶ᠎ᠠ ᠶᠢᠨ ᠪᠤᠳᠠᠳᠤ ᠪᠠᠶᠢᠳᠠᠯ ᠢᠶᠠᠨ ᠦᠵᠡᠬᠦ ᠬᠡᠷᠡᠭᠳᠡᠢ᠃ ᠶᠡᠷᠦ ᠨᠢ ᠭᠦᠮᠦᠰ ᠵᠢᠯ ᠳᠤ ᠨᠢᠭᠡ ᠤᠳᠠᠭ᠎ᠠ ᠪᠡᠶ᠎ᠠ ᠶᠢᠨ ᠪᠠᠶᠢᠴᠠᠭᠠᠯᠳᠠ ᠬᠢᠭᠦ ᠲᠠᠳᠬᠠᠯ ᠲᠠᠢ ᠪᠤᠯᠬᠤ ᠶᠡᠭᠡ ᠴᠢᠬᠤᠯᠠ᠃ ᠶᠡᠷᠦ ᠨᠢ ᠬᠤᠳᠤᠭᠤᠳᠤ ᠭᠡᠳᠡᠰᠦ ᠪᠤᠰᠤᠳ ᠡᠷᠭᠡᠳᠡᠨ ᠢ ᠪᠤᠳᠤᠪᠠᠯ ᠡᠪᠡᠳᠴᠢᠯᠡᠵᠦ ᠭᠡᠮᠳᠦᠭᠰᠡᠨ ᠴᠦ ᠵᠠᠷᠢᠮ ᠳᠤ ᠪᠠᠨ ᠭᠦᠮᠦᠰ ᠲᠤ ᠲᠡᠮᠡᠢ ᠮᠡᠳᠡᠭᠳᠡᠭᠦ ᠦᠭᠡᠢ ᠤᠴᠢᠷ ᠠᠴᠠ ᠬᠤᠳᠤᠭᠤᠳᠤ ᠭᠡᠳᠡᠰᠦᠨ ᠤ ᠡᠪᠡᠳᠴᠢᠨ ᠢ ᠭᠦᠮᠦᠰ ᠠᠮᠠᠷᠬᠠᠨ ᠤᠮᠳᠤᠭᠠᠢᠢᠯᠠᠳᠠᠭ᠃ ᠲᠡᠭᠡᠪᠡᠯ ᠬᠤᠳᠤᠭᠤᠳᠤ ᠭᠡᠳᠡᠰᠦᠨ ᠤ ᠦᠮᠡᠨ ᠭᠡᠵᠦ ᠶᠠᠷᠢᠪᠠᠯ ᠤᠳᠤ ᠵᠠᠯᠠᠭᠤ ᠭᠦᠮᠦᠨ ᠪᠠᠰᠠ ᠡᠨᠡᠭᠦ ᠡᠪᠡᠳᠴᠢᠨ ᠳᠤ ᠨᠡᠷᠪᠡᠭᠳᠡᠵᠦ ᠪᠠᠶᠢᠳᠠᠭ᠃ ᠡᠨᠡ ᠨᠢ ᠶᠠᠷᠢᠶᠠᠨ ᠦᠬᠡᠢ 50% ᠨᠢ ᠤᠳᠤᠮᠰᠢᠯ ᠲᠠᠢ ᠬᠤᠯᠪᠤᠭ᠎ᠠ ᠲᠠᠢ ᠪᠠᠶᠢᠳᠠᠬ᠃ ᠡᠶᠢᠮᠤ ᠠᠴᠠ ᠬᠤᠳᠤᠭᠤᠳᠤ ᠭᠡᠳᠡᠰᠤᠨ ᠤ ᠡᠪᠡᠳᠴᠢᠨ ᠤ ᠤᠳᠤᠮᠰᠢᠯ ᠲᠠᠢ ᠬᠦᠮᠦᠰ ᠪᠤᠯ ᠳᠤᠬᠳᠠᠬᠰᠠᠨ ᠬᠤᠭᠤᠴᠠᠭ᠎ᠠ ᠲᠠᠢ ᠪᠠᠶᠢᠴᠠᠭᠠᠯᠳᠠ ᠬᠢᠯᠭᠡᠪᠡᠯ ᠰᠠᠶᠢᠨ ᠪᠠᠶᠢᠳᠠᠬ᠃ ᠶᠡᠷᠤ ᠳᠤ ᠪᠠᠨ ᠬᠤᠳᠤᠭᠤᠳᠤ ᠭᠡᠳᠡᠰᠤ ᠤᠷᠳᠤ ᠬᠤᠭᠤᠴᠠᠭ᠎ᠠ ᠪᠠᠷ ᠳᠠᠷᠤᠢ ᠬᠠᠭᠠᠰ ᠵᠢᠯ ᠠᠴᠠ ᠨᠢᠭᠡ ᠵᠢᠯ ᠤᠨ ᠬᠤᠭᠤᠴᠠᠭ᠎ᠠ ᠲᠠᠢ ᠦᠷᠬᠦᠯᠵᠢ ᠶᠢᠨ ᠴᠢᠨᠠᠷᠳᠡᠢ ᠡᠪᠡᠳᠪᠡᠯ ᠪᠢᠳᠡ ᠡᠮᠨᠡᠯᠭᠡ ᠳᠤ ᠬᠦᠷᠴᠤ ᠬᠤᠳᠤᠭᠤᠳᠤᠨ ᠳᠤᠷᠠᠨ ᠤ ᠪᠠᠶᠢᠴᠠᠭᠠᠯᠳᠠ ᠬᠢᠯᠬᠡᠵᠤ ᠦᠵᠡᠪᠡᠯ ᠲᠠᠭᠠᠷᠠᠨ᠎ᠡ᠃ ᠪᠢᠳᠡ ᠡᠷᠳᠡ ᠪᠠᠶᠢᠴᠠᠭᠠᠯᠳᠠ ᠬᠢᠯᠬᠡᠵᠤ᠂ ᠡᠷᠳᠡ ᠮᠡᠳᠡᠵᠤ᠂ ᠡᠷᠳᠡ ᠡᠮᠨᠡᠬᠦᠯᠪᠡᠯ ᠪᠡᠶ᠎ᠠ ᠶᠢᠨ ᠡᠷᠡᠬᠦᠯ ᠮᠡᠨᠳᠤ ᠳᠤ ᠠᠰᠢᠭᠳᠠᠢ᠃ ᠬᠡᠬᠦ ᠳᠤ ᠪᠠᠨ ᠡᠩ ᠤᠨ ᠴᠠᠬ ᠤᠨ ᠪᠢᠳᠡᠨ ᠤ ᠠᠮᠢᠳᠤᠷᠠᠯ ᠤᠨ ᠳᠠᠳᠬᠠᠯ ᠮᠠᠰᠢ ᠴᠢᠬᠤᠯᠠ ᠶᠤᠮ᠃ ᠳᠠᠷᠤᠢ ᠡᠷᠳᠡ ᠤᠨᠳᠠᠵᠤ ᠡᠷᠳᠡ ᠪᠤᠰᠴᠤ᠂ ᠳᠤᠬᠳᠠᠬᠰᠠᠨ ᠴᠠᠬ ᠲᠤ ᠪᠠᠨ ᠳᠤᠬᠢᠷᠠᠮᠵᠢᠳᠡᠢ ᠪᠠᠷ ᠬᠤᠭᠤᠯᠠᠯᠠᠬᠤ ᠶᠢ ᠪᠠᠷᠢᠮᠳᠠᠯᠠᠬᠤ ᠳᠠᠳᠬᠠᠯ ᠲᠠᠢ ᠪᠤᠯᠪᠠᠯ ᠦᠷᠬᠦᠯᠵᠢ ᠳᠤᠬᠢᠶᠠᠯᠳᠤᠳᠠᠬ ᠬᠤᠳᠤᠭᠤᠳᠤ ᠭᠡᠳᠡᠰᠤᠨ ᠡᠪᠡᠳᠴᠢᠨ ᠢ ᠪᠦᠷ ᠰᠡᠷᠭᠡᠶᠢᠯᠡᠵᠤ ᠪᠤᠯᠤᠨ᠎ᠠ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号