ᠡᠮᠴᠢᠯᠡᠭᠡ ᠳᠤ ᠴᠡᠭᠡ ᠶᠢᠨ ᠵᠠᠰᠠᠯ ᠢ ᠭᠡᠷᠭᠢᠡ ᠶᠠᠪᠤᠭᠳᠠᠭᠤᠯᠳᠠᠭ ᠪᠤᠢ︖
ᠨᠡᠶᠢᠲᠡᠯᠡᠭᠰᠡᠨ ᠴᠠᠭ᠄
2023/4/28
 ᠡᠮᠴᠢᠯᠡᠭᠡ ᠳᠤ ᠴᠡᠭᠡ ᠶᠢᠨ ᠵᠠᠰᠠᠯ ᠢ ᠭᠡᠷᠭᠢᠡ ᠶᠠᠪᠤᠭᠳᠠᠭᠤᠯᠳᠠᠭ ᠪᠤᠢ︖               — ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠳᠠᠪᠤᠨ ᠵᠠᠰᠠᠯ ᠤᠨ ᠠᠨᠠᠭᠠᠨ ᠡᠷᠡᠬᠦᠯᠵᠢᠬᠦᠯᠬᠦ ᠰᠠᠯᠠᠭᠠᠨ ᠤ ᠡᠷᠬᠢᠯᠡᠭᠴᠢ ᠡᠮᠴᠢ ᠦ᠊ · ᠰᠠᠴᠤᠷᠠ ᠶᠢ ᠰᠤᠷᠪᠦᠯᠵᠢᠯᠠᠭᠠᠳ                                            ᠬᠠᠮ ᠵᠠᠭᠤᠴᠢᠯᠠᠭᠤᠷ ᠤᠨ ᠰᠤᠷᠪᠦᠯᠵᠢᠯᠠᠬᠴᠢ ᠳᠤᠩᠭᠠᠯᠠᠬ   ᠴᠡᠭᠡ ᠪᠣᠯ ᠮᠣᠩᠭᠤᠯ ᠦᠨᠳᠣᠰᠣᠲᠡᠨ ᠤ ᠣᠶᠢᠯᠡᠳᠪᠣᠷᠢᠯᠡᠯ ᠠᠮᠢᠳᠣᠷᠠᠯ ᠤᠨ ᠳᠣᠮᠳᠠ ᠠᠴᠠ ᠪᠣᠢ ᠪᠣᠯᠣᠭᠰᠠᠨ ᠣᠨᠴᠠᠭᠠᠢ ᠵᠠᠰᠠᠯ ᠶᠤᠮ᠃ ᠲᠡᠣᠬᠡᠨ ᠠᠴᠠ ᠠᠪᠣᠭᠠᠳ ᠮᠣᠩᠭᠤᠯᠴᠣᠳ ᠴᠡᠭᠡ ᠶᠢ ᠢᠳᠡᠭᠡᠨ ᠣᠮᠳᠠᠭᠠᠨ ᠤ ᠣᠬᠢ ᠮᠠᠩᠯᠠᠢ᠂ ᠪᠠᠶᠠᠷ ᠵᠢᠷᠭᠠᠯ ᠤᠨ ᠪᠡᠯᠭᠡ ᠲᠡᠮᠳᠡᠭ ᠪᠣᠯᠭᠠᠨ ᠬᠡᠷᠡᠭᠯᠡᠵᠦ᠂ ︽ᠴᠢᠨᠠᠷ ᠠᠨᠤ ᠬᠥᠢᠲᠡᠨ᠂ ᠤᠮᠳᠠᠭᠠᠰᠬᠤ ᠶᠢ ᠵᠣᠭᠰᠣᠭᠠᠬᠤ᠂ ᠬᠠᠯᠠᠭᠤᠨ ᠢ ᠲᠠᠷᠣᠬᠤ︾ ᠴᠢᠳᠠᠯ ᠲᠠᠢ ᠭᠡᠳ ᠪᠡᠶ᠎ᠡ ᠶᠢᠨ ᠡᠪᠡᠳᠴᠢᠨ ᠬᠠᠭᠤᠴᠢᠨ ᠢ ᠴᠦ ᠵᠠᠰᠠᠵᠤ ᠪᠠᠶᠢᠳᠠᠭ᠃ ᠦᠨᠤᠳᠤᠷ ᠠᠳᠡ ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠳᠠᠪᠤᠨ ᠵᠠᠰᠠᠯ ᠤᠨ ᠰᠠᠯᠠᠭᠠᠨ ᠤ ᠡᠷᠬᠢᠯᠡᠭᠴᠢ ᠡᠮᠴᠢ ᠦ᠊ · ᠰᠠᠴᠤᠷᠠ ᠶᠢᠨ ᠴᠡᠭᠡᠨ ᠵᠠᠰᠠᠯ ᠤᠨ ᠳᠤᠬᠠᠢ ᠶᠠᠷᠢᠯᠴᠠᠭ᠎ᠠ ᠶᠢ ᠬᠤᠪᠢᠶᠠᠯᠴᠠᠶ᠎ᠠ᠃  ᠰᠤᠷᠪᠦᠯᠵᠢᠯᠠᠬᠴᠢ᠄ ᠰᠠᠶᠢᠨ ᠪᠠᠶᠢᠨ᠎ᠠ ᠤᠤ︖ ᠴᠡᠭᠡᠨ ᠵᠠᠰᠠᠯ ᠨᠢ ᠤᠢᠢᠷ᠎ᠠ ᠶᠢᠨ ᠵᠢᠯ ᠳᠤ ᠮᠤᠩᠭᠤᠯ ᠡᠮᠨᠡᠯᠭᠡ ᠳᠤ ᠪᠡᠶ᠎ᠠ ᠰᠤᠪᠢᠯᠠᠬᠤ ᠶᠢᠨ ᠨᠢᠭᠡᠨ ᠴᠢᠬᠤᠯᠠ ᠠᠷᠭ᠎ᠠ ᠪᠤᠯᠤᠬᠰᠠᠨ ᠪᠠᠶᠢᠨ᠎ᠠ᠃ ᠳᠡᠭᠡᠪᠡᠯ ᠴᠡᠭᠡᠨ ᠵᠠᠰᠠᠯ ᠨᠢ ᠶᠠᠮᠠᠷᠰᠢᠤ ᠡᠪᠡᠳᠴᠢᠨ ᠬᠠᠭᠤᠴᠢᠨ ᠳᠤ ᠳᠤᠬᠢᠷᠠᠳᠠᠬ ᠪᠤᠯ︖   ᠦ᠊ · ᠰᠠᠴᠤᠷᠠ ᠡᠮᠴᠢ᠄ ᠴᠡᠭᠡ ᠨᠢ ᠮᠣᠩᠭᠤᠯᠴᠣᠳ ᠤᠨ ᠠᠮᠢᠳᠣᠷᠠᠯ ᠳᠤ ᠲᠣᠲᠠᠭᠳᠠᠵᠣ ᠪᠣᠯᠣᠰᠢ ᠦᠭᠡᠢ ᠣᠮᠳᠠᠭᠠᠨ ᠪᠣᠯᠬᠤ ᠪᠠᠷ ᠦᠯᠦ ᠪᠠᠷᠠᠮ᠂ ᠡᠪᠡᠳᠴᠢᠨ ᠡᠮᠬᠡᠭ ᠢ ᠣᠷᠢᠳᠴᠢᠯᠠᠨ ᠰᠡᠷᠭᠡᠶᠢᠯᠡᠬᠦ ᠪᠠ ᠣᠷᠢᠳᠴᠢᠯᠠᠨ ᠵᠠᠰᠬᠠᠤ ᠳᠤ ᠮᠠᠰᠢ ᠰᠠᠶᠢᠨ ᠣᠶᠢᠯᠡᠳᠣᠯ ᠲᠠᠢ ᠶᠤᠮ᠃ ᠴᠡᠭᠡ ᠳᠤ ᠣᠭᠤᠷᠠᠭ᠂ ᠥᠬᠡᠭᠦᠯᠢᠭ ᠡᠳ᠋᠂ ᠰᠢᠬᠢᠷ᠂ ᠸᠢᠲ᠋ᠠᠮᠢᠨ ᠂ ᠰᠦᠨ ᠬᠦᠴᠢᠯ᠂ ᠪᠠᠭ᠎ᠠ ᠬᠡᠮᠵᠢᠶᠡᠨ ᠤ ᠰᠫᠢᠷᠲ ᠠᠭᠤᠯᠣᠭᠳᠠᠬᠤ ᠠᠴᠠ ᠭᠠᠳᠠᠨ᠎ᠠ ᠮᠠᠬᠨᠢ᠂ ᠺᠠᠯᠢ᠂ ᠺᠠᠯᠼ᠂ ᠨᠠᠳ᠋ᠷᠢ ᠵᠡᠷᠭᠡ ᠣᠯᠠᠨ ᠵᠥᠢᠯ ᠤᠨ ᠡᠷᠣᠳᠡᠰᠣ ᠡᠯᠧᠮᠧᠨ᠋ᠲ ᠠᠭᠤᠯᠣᠭᠳᠠᠵᠣ ᠪᠠᠶᠢᠳᠠᠭ᠃ ᠰᠢᠯᠢ ᠶᠢᠨ ᠭᠤᠣᠯ ᠠᠶᠢᠮᠠᠭ ᠤᠨ ᠮᠣᠩᠭᠤᠯ ᠡᠮᠨᠡᠯᠭᠡ ᠶᠢᠨ ᠬᠤᠷᠢᠶᠠᠨ ᠤ ᠲᠠᠪᠣᠨ ᠵᠠᠰᠠᠯ ᠤᠨ ᠠᠨᠠᠭᠠᠨ ᠡᠷᠡᠭᠦᠯᠵᠢᠭᠦᠯᠬᠦ ᠰᠠᠯᠠᠭ᠎ᠠ ᠨᠢ ᠴᠡᠭᠡᠨ ᠵᠠᠰᠠᠯ ᠤᠨ ᠡᠮᠴᠢᠯᠡᠭᠡ ᠦᠷᠨᠢᠭᠦᠯᠣᠭ᠍ᠰᠡᠨ ᠠᠴᠠ ᠨᠠᠭᠠᠰᠢ ᠪᠣᠳᠠᠳᠣ ᠡᠮᠴᠢᠯᠡᠭᠡᠨ ᠤ ᠦᠷ᠎ᠡ ᠠᠰᠢᠭ ᠢ ᠳ᠋ᠦᠡᠭᠨᠡᠭᠰᠡᠨ ᠳᠤ ᠴᠡᠭᠡᠨ ᠵᠠᠰᠠᠯ ᠨᠢ ᠴᠢᠰᠦᠨ ᠳᠠᠷᠣᠯᠲᠠ ᠦᠨᠳᠣᠷ ᠡᠪᠡᠳᠴᠢᠨ᠂ ᠰᠠ ᠡᠪᠡᠳᠴᠢᠨ᠂ ᠵᠢᠷᠣᠬᠡᠨ ᠲᠢᠳᠢᠮᠯᠢᠭ ᠯᠣᠭᠰᠢᠭᠤᠨ ᠰᠣᠳᠠᠯ ᠤᠨ ᠥᠬᠡᠭᠦᠵᠢᠨ ᠬᠠᠳᠠᠭᠤᠷᠠᠭᠰᠠᠨ ᠡᠪᠡᠳᠴᠢᠨ᠂ ᠠᠭᠤᠰᠬᠢᠨ ᠰᠦᠷᠢᠶ᠎ᠡ᠂ ᠬᠤᠳᠤᠭᠤᠳᠤ ᠭᠡᠳᠡᠰᠣᠨ ᠤ ᠠᠷᠬᠠᠭ ᠭᠡᠮ᠂ ᠬᠤᠳᠣᠭᠤᠳᠤ ᠨᠣᠭᠤᠯᠤᠭᠤᠷ ᠭᠡᠳᠡᠰᠣᠨ ᠤ ᠰᠢᠷᠬᠠᠯᠠᠭ᠎ᠠ᠂ ᠬᠤᠳᠣᠭᠤᠳᠤ ᠭᠡᠳᠡᠰᠣᠨ ᠤ ᠮᠡᠳᠡᠷᠡᠯ ᠤᠨ ᠠᠵᠢᠯᠯᠠᠭᠠᠨ ᠤ ᠭᠡᠮ᠂ ᠬᠤᠳᠣᠷᠢᠩᠬᠠᠢ ᠭᠡᠳᠡᠰᠣᠨ ᠤ ᠣᠢᠷᠪᠢᠰᠣᠯ᠂ ᠭᠡᠳᠡᠰᠣᠨ ᠤ ᠰᠦᠷᠢᠶ᠎ᠡ᠂ ᠪᠠᠺᠲ᠋ᠧᠷᠢ ᠶᠢᠨ ᠴᠢᠨᠠᠷᠲᠠᠢ ᠣᠯᠠᠭᠠᠨ ᠰᠠᠭᠤᠯᠭ᠎ᠠ᠂ ᠭᠡᠳᠡᠰᠣᠨ ᠤ ᠬᠢᠵᠢᠭ᠂ ᠴᠢᠰᠣ ᠪᠠᠷᠠᠭᠳᠠᠬᠤ ᠡᠪᠡᠳᠴᠢᠨ᠂ ᠰᠢᠬᠢᠷ ᠰᠢᠵᠢᠩ ᠡᠪᠡᠳᠴᠢᠨ᠂ ᠮᠡᠳᠡᠷᠡᠯ ᠤᠨ ᠳᠣᠷᠦ᠋ᠢᠲᠠᠯ᠂ ᠪᠠᠮ ᠡᠪᠡᠳᠴᠢᠨ᠂ ᠮᠡᠳᠡᠷᠡᠯ ᠤᠨ ᠴᠢᠨᠠᠷᠲᠠᠢ ᠲᠣᠯᠣᠭᠠᠢ ᠡᠪᠡᠳᠬᠦ᠂ ᠬᠤᠷᠭᠤᠰᠤᠯᠠᠬᠤ᠂ ᠠᠭᠤᠰᠬᠢᠨ ᠤ ᠬᠡᠢ ᠬᠠᠪᠣᠩ᠂ ᠠᠭᠤᠰᠬᠢᠨ ᠠᠴᠠ ᠰᠢᠯᠲᠠᠭᠠᠯᠠᠭᠳᠠᠭᠰᠠᠨ ᠵᠢᠷᠣᠬᠡᠨ ᠤ ᠠᠷᠬᠠᠭ ᠡᠪᠡᠳᠴᠢᠨ ᠵᠡᠷᠭᠡ ᠡᠪᠡᠳᠴᠢᠨ ᠢ ᠡᠮᠨᠡᠨ ᠵᠠᠰᠬᠠᠤ ᠳᠤ ᠣᠨᠴᠠ ᠲᠤᠰᠠᠲᠠᠢ ᠪᠠᠶᠢᠳᠠᠭ᠃ ᠡᠬᠦᠨ ᠤ ᠬᠠᠮᠳᠤ ᠭᠡᠭᠦᠣ ᠶᠢᠨ ᠰᠦ ᠶᠢ ᠪᠣᠰᠣᠳ ᠮᠠᠯ ᠤᠨ ᠰᠦ ᠲᠠᠢ ᠬᠠᠷᠢᠴᠠᠭᠤᠯᠪᠠᠯ ᠰᠦᠨ ᠤ ᠰᠢᠬᠢᠷ᠂ ᠸᠢᠲ᠋ᠠᠮᠢᠨ ᠵᠡᠷᠭᠡ ᠪᠠᠶᠠᠯᠢᠭ ᠶᠤᠮ᠃ ᠭᠡᠭᠦᠤ ᠶᠢᠨ ᠰᠦ ᠨᠢ ᠪᠡᠶ᠎ᠡ ᠮᠠᠬᠠᠪᠣᠳ ᠤᠨ ᠵᠠᠶᠢᠯᠠᠰᠢ ᠦᠭᠡᠢ ᠬᠡᠷᠡᠭᠴᠡᠲᠥ ᠰᠢᠪᠲᠣᠷᠲᠣ ᠬᠦᠴᠢᠯ᠂ ᠲᠣᠰᠣᠨ ᠤ ᠬᠦᠴᠢᠯ᠂ ᠶᠠᠩᠵᠣ ᠪᠦᠷᠢ ᠶᠢᠨ ᠸᠢᠲ᠋ᠠᠮᠢᠨ ᠠᠭᠤᠯᠣᠭᠰᠠᠨ ᠤ ᠬᠤᠪᠢ ᠳᠤ ᠠᠯᠢ ᠴᠤ ᠲᠦᠷᠣᠯ ᠤᠨ ᠮᠠᠯ ᠤᠨ ᠰᠦᠨ ᠠᠴᠠ ᠲᠠᠪᠠᠳᠠᠭ ᠠᠴᠠ ᠰᠢᠮ᠎ᠡ ᠲᠡᠵᠢᠭᠡᠯ ᠢᠶᠠᠷ ᠬᠠᠮᠤᠭ ᠤᠨ ᠰᠠᠶᠢᠨ ᠪᠠᠶᠢᠳᠠᠭ ᠪᠦᠭᠡᠳ ᠰᠢᠷᠬᠡᠭ ᠰᠠᠪᠠᠭ᠋ᠠᠴᠢᠷ ᠪᠠᠺᠲ᠋ᠧᠷᠢ ᠶᠢ ᠳᠠᠷᠣᠬᠤ ᠣᠶᠢᠯᠡᠳᠣᠯ ᠲᠠᠢ ᠪᠠᠶᠢᠵᠤ᠂ ᠠᠭᠤᠰᠬᠢᠠ ᠤ ᠰᠦᠷᠢᠶ᠎ᠡ ᠡᠪᠡᠳᠴᠢᠨ᠂ ᠰᠣᠳᠠᠯ ᠬᠠᠲᠠᠭᠤᠷᠠᠭᠰᠠᠨ ᠂ ᠵᠢᠷᠣᠬᠡᠨ ᠤ ᠡᠪᠡᠳᠴᠢᠨ᠂ ᠴᠢᠰᠦᠨ ᠳᠠᠷᠣᠯᠲᠠ ᠦᠨᠳᠣᠷ ᠡᠪᠡᠳᠴᠢᠨ ᠵᠡᠷᠭᠡ ᠶᠢ ᠵᠠᠰᠬᠠᠤ ᠳᠤ ᠰᠠᠶᠢᠨ ᠭᠡᠰᠡᠨ ᠢ ᠣᠯᠡᠮ ᠨᠢᠭᠡ ᠠᠯᠬᠤᠮ ᠣᠯᠵᠣ ᠮᠡᠳᠡᠭᠰᠡᠨ ᠪᠠᠶᠢᠨ᠎ᠠ᠃ ᠶᠡᠷᠤ ᠳᠤ ᠪᠠᠨ ᠴᠡᠬᠡᠨ ᠵᠠᠰᠠᠯ ᠨᠢ ᠲᠠᠮᠢᠷ ᠳᠣᠷᠦ᠋ᠢᠲᠠᠭᠰᠠᠨ᠂ ᠠᠭᠤᠰᠬᠢᠨ ᠤ ᠠᠷᠬᠠᠭ᠂ ᠵᠢᠷᠣᠬᠡᠨ ᠡᠪᠡᠳᠴᠢᠨ᠂ ᠰᠥ ᠳᠤᠳᠠᠬᠳᠠᠬᠰᠠᠨ᠂ ᠬᠤᠳᠣᠭᠤᠳᠤ ᠭᠡᠳᠡᠰᠣᠨ ᠤ ᠡᠪᠡᠳᠴᠢᠨ᠂ ᠪᠠᠮ ᠡᠪᠡᠳᠴᠢᠨ᠂ ᠴᠠᠶᠢᠪᠣᠷ ᠬᠠᠪᠥᠩ᠂ ᠰᠢᠷ᠎ᠠ ᠣᠰᠣᠨ ᠤ ᠡᠪᠡᠳᠴᠢᠨ᠂ ᠪᠠᠤᠠᠭᠠᠨ ᠥᠭᠡᠬᠦ ᠠᠷᠪᠢᠳᠤᠭᠰᠠᠨ᠂ ᠨᠢᠷᠣᠭᠤ ᠪᠦᠭᠡᠷ᠎ᠡ᠂ ᠦᠶ᠎ᠡ ᠭᠡᠰᠢᠭᠦᠣ ᠶᠢᠨ ᠡᠪᠡᠳᠴᠢᠨ ᠵᠡᠷᠭᠡ ᠶᠢ ᠵᠠᠰᠬᠠᠤ ᠳᠤ ᠪᠠᠰᠠ ᠳᠤᠬᠢᠷᠠᠳᠠᠬ᠃    ᠰᠤᠷᠪᠦᠯᠵᠢᠯᠠᠬᠴᠢ᠄ ᠳᠡᠭᠡᠪᠡᠯ ᠡᠮᠴᠢᠯᠡᠭᠡ ᠳᠤ ᠴᠡᠭᠡᠨ ᠵᠠᠰᠠᠯ ᠢ ᠭᠡᠷᠭᠢᠡ ᠶᠠᠪᠤᠬᠳᠠᠭᠤᠯᠳᠠᠬ ᠪᠤᠢ︖   ᠦ᠊ · ᠰᠠᠴᠤᠷᠠ ᠡᠮᠴᠢ᠄ ᠮᠠᠨ ᠤ ᠡᠮᠨᠡᠯᠭᠡ ᠶᠢᠨ ᠬᠤᠷᠢᠶᠠᠨ ᠤ ᠰᠤᠳᠤᠯᠭᠠᠨ ᠤ ᠦᠷ᠎ᠠ ᠪᠦᠳᠤᠭᠡᠯ ᠠᠴᠠ ᠦᠵᠡᠪᠡᠯ ᠴᠡᠭᠡᠨ ᠵᠠᠰᠠᠯ ᠢ ᠵᠢᠯ ᠤᠨ ᠲᠦᠷᠪᠡᠨ ᠤᠯᠠᠷᠢᠯ ᠳᠤ ᠪᠦᠷ ᠶᠠᠪᠤᠬᠳᠠᠭᠤᠯᠵᠤ ᠪᠤᠯᠤᠨ᠎ᠠ᠃ ᠬᠡᠬᠦ ᠳᠤ ᠬᠠᠮᠤᠬ ᠤᠨ ᠳᠤᠬᠢᠷᠠᠮᠵᠢᠳᠡᠢ ᠴᠠᠬ ᠤᠯᠠᠷᠢᠯ ᠪᠤᠯ ᠬᠠᠪᠤᠷ ᠤᠨ ᠤᠯᠠᠷᠢᠯ ᠪᠤᠯᠤᠨ᠎ᠠ᠃ ᠪᠤᠳᠠᠳᠡᠢ ᠪᠠᠷ ᠶᠠᠷᠢᠪᠠᠯ ᠵᠢᠯ ᠪᠦᠷᠢ ᠶᠢᠨ ᠪᠢᠯᠢᠭ ᠤᠨ ᠳᠦᠷᠪᠡᠨ ᠰᠠᠷ᠎ᠠ ᠶᠢᠨ ᠠᠷᠪᠠᠳ ᠢᠶᠠᠷ ᠵᠥᠰᠠᠯᠠᠩ ᠳᠤ ᠪᠠᠭᠤᠭᠰᠠᠨ ᠤ ᠳᠠᠷᠠᠭ᠎ᠠ ᠭᠡᠭᠦᠥ ᠰᠠᠭᠠᠨ᠎ᠠ᠃ ᠡᠨᠡ ᠦᠶ᠎ᠠ ᠳᠤ ᠵᠣᠰᠠᠯᠠᠩ ᠳᠤ ᠭᠡᠭᠦᠣ ᠰᠠᠭᠠᠬᠤ ᠠᠯᠢᠪᠠ ᠪᠡᠯᠡᠳᠬᠡᠯ ᠢ ᠬᠢᠬᠦ ᠠᠴᠠ ᠭᠠᠳᠠᠨ᠎ᠠ᠂ ᠡᠪᠡᠳᠴᠢᠲᠡᠨ ᠴᠡᠭᠡ ᠣᠣᠭᠤᠵᠣ ᠰᠠᠭᠤᠬᠤ ᠰᠣᠪᠢᠯᠠᠬᠤ ᠭᠡᠷ ᠣᠷᠣᠨ ᠵᠡᠷᠭᠡ ᠶᠢ ᠪᠡᠯᠡᠳᠬᠡᠨ᠎ᠡ᠃ ᠴᠡᠭᠡ ᠢᠰᠬᠡᠬᠦ ᠪᠡᠯᠡᠳᠬᠡᠯ ᠳᠤ ᠲᠣᠮᠣ ᠭᠠᠩ ᠭᠤᠷᠪᠡ᠂ ᠨᠢᠭᠡᠳᠣᠭᠡᠷ ᠭᠠᠩ ᠢ ᠪᠣᠯ ᠬᠦᠷᠦᠩᠭᠡ ᠢᠰᠭᠡᠬᠦ ᠳᠤ ᠳᠣᠬᠢᠷᠠᠭᠤᠯᠣᠨ᠎ᠠ᠃ ᠬᠤᠶᠠᠳᠣᠭᠠᠷ ᠭᠠᠩ ᠢ ᠪᠣᠯ ᠴᠡᠭᠡ ᠪᠦᠯᠢᠬᠦ ᠪᠠᠷ ᠪᠦᠯᠢᠭᠦᠷ᠂ ᠬᠠᠪᠬᠠᠭᠠᠰᠤ ᠵᠡᠷᠭᠡ ᠶᠢ ᠠᠶᠢᠷᠠᠭ ᠪᠦᠯᠢᠬᠦ ᠡᠳ᠋ᠯᠡᠯ ᠲᠠᠢ ᠪᠦᠷᠢᠨ ᠪᠡᠯᠡᠳᠬᠡᠨ᠎ᠡ᠃ ᠭᠤᠷᠪᠠᠳᠤᠭᠠᠷ ᠭᠠᠩ ᠳᠤ ᠪᠣᠯ ᠪᠡᠯᠡᠨ ᠣᠣᠭᠤᠬᠤ ᠴᠡᠭᠡ ᠪᠠᠨ ᠶᠡᠭᠦᠯᠡᠨ᠎ᠡ᠃ ᠴᠡᠭᠡ ᠢᠰᠬᠡᠬᠦ ᠳᠤ ᠣᠷᠢᠳᠠᠪᠡᠷ ᠴᠡᠭᠡ ᠢᠰᠬᠡᠬᠦ ᠬᠦᠷᠦᠩᠭᠡ ᠭᠠᠷᠭᠠᠬᠤ ᠬᠡᠷᠡᠭᠲᠡᠢ᠃ ᠦᠨᠢᠶ᠎ᠡ ᠶᠢᠨ ᠰᠦ ᠪᠠᠷ ᠬᠢᠭᠰᠡᠨ ᠡᠬᠡ ᠬᠦᠷᠦᠩᠭᠡ ᠲᠡᠭᠡᠷ᠎ᠡ ᠭᠡᠭᠦᠣ ᠶᠢᠨ ᠰᠦ ᠶᠢ ᠰᠠᠶᠢᠨ ᠬᠦᠷᠣᠭᠡᠭᠡᠣᠨ ᠬᠢᠵᠥ᠂ ᠴᠡᠪᠡᠷ ᠭᠠᠩ ᠳᠤ ᠢᠰᠬᠡᠵᠣ ᠪᠣᠯᠣᠨ᠎ᠠ᠃ ᠡᠰᠡᠭᠦᠯ᠎ᠡ ᠪᠤᠰᠤᠳ ᠤᠨ ᠪᠣᠯᠪᠠᠰᠣᠷᠠᠭᠤᠯᠣᠭᠰᠠᠨ ᠴᠡᠭᠡ ᠶᠢᠨ ᠡᠬᠡ ᠬᠦᠷᠦᠩᠭᠡ ᠶᠢ ᠵᠠᠯᠠᠵᠣ ᠢᠰᠬᠡᠵᠣ ᠪᠣᠯᠣᠨ᠎ᠠ᠃ ᠪᠠᠰᠠ ᠮᠣᠩᠭᠤᠯ ᠠᠮᠥ᠂ ᠬᠤᠨᠤᠭ ᠪᠣᠳᠠᠭ᠎ᠠ ᠶᠢ ᠰᠢᠭᠦᠷᠬᠡᠢ ᠪᠤᠯᠭᠤᠭᠠᠳ ᠲᠡᠭᠡᠷ᠎ᠡ ᠨᠢ ᠬᠠᠷ᠎ᠠ ᠠᠷᠢᠬᠢ ᠶᠢ ᠪᠠᠭ᠎ᠠ ᠬᠢᠵᠣ᠂ ᠰᠠᠪᠠ ᠶᠢᠨ ᠠᠮᠠᠰᠠᠷ ᠢ ᠰᠠᠶᠢᠲᠣᠷ ᠪᠤᠭᠤᠵᠤ ᠲᠤᠯᠠᠭᠠᠨ ᠭᠠᠵᠠᠷ ᠲᠠᠯᠪᠢᠵᠣ ᠢᠰᠬᠡᠵᠣ ᠪᠣᠯᠣᠨ᠎ᠠ᠃ ᠴᠡᠭᠡ ᠶᠢᠨ ᠬᠦᠷᠦᠩᠭᠡ ᠶᠢ ᠢᠰᠬᠡᠬᠦ ᠳᠤ ᠪᠠᠨ · 22 ᠭᠷᠡᠳᠦ᠋ᠰ ᠤᠨ ᠳᠣᠯᠠᠭᠠᠨ ᠳᠤ 5 — 7 ᠬᠤᠨᠤᠭ ᠲᠠᠯᠪᠢᠪᠠᠯ ᠢᠰᠬᠦ ᠶᠣᠮ᠃ ᠶᠠᠭᠤ ᠴᠦ ᠭᠡᠰᠡᠨ ᠡᠬᠢᠨ ᠤ ᠬᠦᠷᠦᠩᠭᠡ ᠶᠢᠨ ᠢᠰᠣᠯᠲᠡ ᠶᠢ ᠵᠠᠪᠠᠯ ᠶᠡᠭᠡ ᠪᠠᠶᠢᠯᠭᠠᠬᠤ ᠬᠡᠷᠡᠭᠲᠡᠢ᠃ ᠡᠭᠦᠨ ᠢ ᠴᠡᠭᠡ ᠢᠰᠭᠡᠬᠦ ᠳᠤ ᠬᠡᠷᠡᠭᠯᠡᠬᠦ ᠨᠢᠭᠡᠳᠣᠭᠡᠷ ᠭᠠᠩ ᠳᠤ ᠢᠰᠭᠡᠨ᠎ᠠ᠃ ᠬᠤᠶᠠᠳᠣᠭᠠᠷ ᠭᠠᠩ ᠳᠤ ᠴᠡᠭᠡ ᠢᠰᠭᠡᠨ᠎ᠡ᠃ ᠡᠨᠡ ᠭᠠᠩ ᠤᠨ ᠴᠡᠭᠡ ᠶᠢ ᠪᠣᠯ ᠵᠠᠪᠠᠯ ᠰᠠᠶᠢᠲᠣᠷ ᠪᠦᠯᠢᠬᠦ ᠬᠡᠷᠡᠭᠲᠡᠢ᠃ ᠵᠦᠪ ᠢᠰᠦᠭᠰᠡᠨ ᠴᠡᠭᠡ ᠪᠣᠯ ᠲᠡᠭᠡᠷ᠎ᠡ ᠨᠢ ᠬᠦᠭᠡᠰᠣᠨ ᠲᠠᠪᠬᠤᠷᠭ᠎ᠠ ᠲᠠᠢ᠂ ᠪᠦᠯᠢᠭᠦᠷ ᠢᠶᠠᠷ ᠪᠦᠯᠢᠬᠦ ᠳᠤ ᠱᠠᠬᠢᠬᠤ ᠲᠠᠭᠤᠨ ᠭᠠᠷᠬᠤ ᠶᠣᠮ᠃ ᠪᠦᠯᠢᠯᠲᠡ ᠨᠢ ᠭᠥᠢᠴᠡᠪᠡᠯ ᠰᠠᠶ᠋ᠢ ᠢᠰᠣᠯᠲᠠ ᠨᠢ ᠲᠡᠩᠴᠡᠵᠣ᠂ ᠰᠠᠶᠢᠬᠠᠨ ᠦᠨᠣᠷ ᠲᠠᠢ ᠪᠣᠯᠳᠠᠭ᠃ ︽ᠴᠡᠭᠡ ᠶᠢ ᠪᠦᠯᠢᠵᠣ ᠲᠦᠮᠡ ᠶᠢᠨ ᠲᠣᠭᠠᠨ ᠳᠤ ᠬᠥᠷᠭᠡᠪᠡᠰᠣ ᠦᠨᠣᠷ ᠠᠮᠲᠠ ᠨᠢ ᠬᠡᠯᠡᠬᠦ ᠶᠢᠨ ᠠᠷᠭ᠎ᠠ ᠦᠭᠡᠢ︾ ᠭᠡᠳᠡᠭ ᠪᠣᠯ ᠬᠡᠳᠤᠢ ᠣᠯᠠᠨ ᠪᠦᠯᠢᠬᠦ ᠲᠣᠲᠣᠮ ᠠᠮᠲᠠ ᠦᠨᠣᠷ ᠨᠢ ᠠᠯᠢ ᠰᠠᠶᠢᠨ ᠪᠣᠯᠳᠠᠭ ᠢ ᠬᠡᠯᠡᠭᠰᠡᠨ ᠶᠤᠮ᠃ ᠢᠡᠭᠭᠢᠵᠤ ᠰᠠᠶᠢᠨ ᠢᠰᠭᠡᠭᠰᠡᠨ ᠴᠡᠭᠡ ᠨᠢ ᠠᠮᠲᠠᠯᠢᠭ᠂ ᠡᠰᠬᠡᠭᠦᠯ ᠠᠮᠲᠠ ᠲᠠᠢ᠂ ᠬᠥᠩᠭᠡᠨ᠂ ᠬᠤᠷᠴᠠᠯᠢᠭ᠂ ᠳᠡᠭᠰᠢ ᠴᠢᠨᠠᠷ ᠲᠠᠢ᠂ ᠬᠤᠳᠣᠭᠤᠳᠣᠨ ᠰᠢᠩᠭᠡᠭᠡᠯᠳᠡ ᠶᠢ ᠰᠠᠶᠢᠵᠢᠷᠠᠭᠤᠯᠵᠣ᠂ ᠬᠡᠢ ᠶᠢ ᠳᠠᠷᠣᠬᠤ᠂ ᠪᠠᠳᠭᠠᠨ ᠰᠢᠷ᠎ᠠ ᠶᠢ ᠠᠷᠢᠯᠭᠠᠬᠤ᠂ ᠪᠡᠶ᠎ᠡ ᠶᠢ ᠲᠦᠯᠣᠵᠢᠭᠦᠯᠬᠦ᠂ ᠲᠤᠷᠠᠩᠬᠠᠢ ᠶᠢ ᠮᠢᠬᠠᠯᠢᠬᠵᠢᠭᠤᠯᠬᠤ ᠂ ᠴᠢᠰᠣ ᠶᠢ ᠰᠢᠩᠭᠡᠷᠡᠬᠦᠯᠬᠦ᠂ ᠠᠭᠤᠰᠬᠢ ᠶᠢ ᠰᠢᠮᠡᠵᠢᠭᠦᠯᠬᠦ᠂ ᠬᠠᠪᠣᠩ ᠢ ᠲᠤᠭᠤᠯᠤᠭᠤᠯᠬᠤ᠂ ᠰᠢᠷ᠎ᠠ ᠣᠰᠤ ᠶᠢ ᠬᠠᠲᠠᠭᠠᠬᠤ ᠣᠶᠢᠯᠡᠳᠣᠯ ᠲᠠᠢ ᠪᠠᠶᠢᠳᠠᠬ᠃ ᠡᠶᠢᠮᠤ ᠠᠴᠠ ᠴᠡᠭᠡᠨ ᠵᠠᠰᠠᠯ ᠳᠤ ᠴᠡᠭᠡ ᠢᠰᠭᠡᠬᠦ ᠶᠠᠪᠤᠴᠠ ᠶᠡᠭᠡ ᠴᠢᠬᠤᠯᠠ ᠪᠠᠶᠢᠳᠠᠬ᠃   ᠰᠤᠷᠪᠦᠯᠵᠢᠯᠠᠭᠴᠢ᠄ ᠳᠡᠭᠡᠪᠡᠯ ᠮᠠᠨ ᠤ ᠵᠠᠷᠢᠮ ᠬᠦᠮᠦᠰ ᠨᠢ ᠴᠡᠭᠡ ᠶᠢ ᠡᠳᠤᠷ ᠤᠨ ᠤᠮᠳᠠᠭᠠᠨ ᠤ ᠤᠷᠤᠨ ᠳᠤ ᠡᠳ᠋ᠯᠡᠵᠤ ᠪᠠᠶᠢᠳᠠᠭ᠃ ᠪᠢᠳᠡ ᠪᠡᠶ᠎ᠠ ᠰᠤᠪᠢᠯᠠᠯᠳᠠ ᠳᠤ ᠴᠡᠭᠡ ᠶᠢ ᠶᠠᠮᠠᠷ ᠪᠠᠷᠢᠮᠵᠢᠶ᠎ᠠ ᠪᠠᠷ ᠤᠤᠭᠤᠵᠤ ᠡᠳ᠋ᠯᠡᠪᠡᠯ ᠵᠤᠬᠢᠬᠤ ᠪᠤᠢ︖   ᠦ᠊ · ᠰᠠᠴᠤᠷᠠ ᠡᠮᠴᠢ᠄ ᠴᠡᠭᠡ ᠶᠢ ᠶᠡᠷᠤ ᠨᠢ ᠡᠳᠣᠷ ᠲᠤ 2 ᠣᠳᠠᠭ᠎ᠠ᠂ ᠣᠳᠠᠭ᠎ᠠ ᠪᠦᠷᠢ 100ml ᠣᠷᠴᠢᠮ ᠣᠣᠭᠤᠵᠣ᠂ 7 — 40 ᠡᠳᠣᠷ ᠢ ᠨᠢᠬᠡ ᠰᠤᠪᠢᠯᠠᠯᠳᠠ ᠶᠢᠨ ᠬᠤᠭᠤᠴᠠᠭ᠎ᠠ ᠪᠤᠯᠭᠠᠳᠠᠬ᠃ ᠬᠡᠬᠦ ᠳᠤ ᠴᠡᠭᠡᠨ ᠵᠠᠰᠠᠯ ᠳᠤ ᠪᠠᠰᠠ ᠴᠡᠭᠡᠷ ᠰᠦᠢᠯᠭ᠎ᠠ ᠪᠠᠶᠢᠳᠠᠬ᠃ ᠳᠠᠷᠤᠢ ᠴᠡᠭᠡᠨ ᠵᠠᠰᠠᠯ ᠤᠨ ᠡᠮᠴᠢᠯᠡᠭᠡ ᠬᠢᠵᠤ ᠪᠠᠶᠢᠬᠤ ᠬᠤᠭᠤᠴᠠᠭᠠᠨ ᠳᠤ ᠬᠤᠨᠢᠨ ᠮᠢᠬ᠎ᠠ᠂ ᠰᠦ ᠴᠠᠭ᠎ᠠ᠂ ᠲᠣᠳᠣᠷᠭ᠎ᠠ᠂ ᠪᠣᠭᠤᠳᠠᠢ ᠶᠢᠨ ᠭᠤᠯᠢᠷ ᠵᠡᠷᠭᠡ ᠰᠢᠮ᠎ᠡ ᠲᠡᠵᠢᠭᠡᠯ ᠲᠠᠢ ᠢᠳᠡᠭᠡᠨ ᠢ ᠢᠳᠡᠵᠥ ᠣᠣᠭᠤᠬᠤ ᠬᠡᠷᠡᠭᠲᠡᠢ᠂ ᠶᠠᠮᠠᠷ ᠡᠪᠡᠳᠴᠢᠨ ᠪᠣᠯ ᠲᠡᠷᠨ ᠡᠪᠡᠳᠴᠢᠨ ᠤ ᠪᠠᠨ ᠲᠤᠬᠠᠢ ᠡᠮ ᠢ ᠣᠣᠭᠤᠵᠣ ᠰᠣᠪᠢᠯᠠᠨ᠎ᠠ᠃ ᠴᠡᠭᠡ ᠶᠢᠨ ᠵᠠᠰᠠᠯ ᠤᠨ ᠬᠤᠭᠤᠴᠠᠭᠠᠨ ᠳᠤ ᠴᠡᠭᠡ ᠶᠢ ᠬᠡᠲᠣᠷᠡᠲᠡᠯ᠎ᠡ ᠣᠣᠭᠤᠬᠤ᠂ ᠶᠠᠳᠠᠷᠠᠲᠠᠯ᠎ᠠ ᠠᠵᠢᠯᠯᠠᠬᠤ᠂ ᠪᠣᠷᠣᠭᠠᠨ ᠬᠤᠷ᠎ᠡ ᠳᠤ ᠨᠣᠷᠬᠤ ᠶᠢ ᠴᠡᠭᠡᠷᠯᠡᠵᠦ᠂ ᠠᠭᠤᠷᠯᠠᠵᠣ ᠤᠴᠠᠭᠠᠷᠳᠠᠬᠤ ᠦᠭᠡᠢ ᠪᠠᠶᠢᠵᠤ᠂ ᠰᠡᠳᠬᠢᠯ ᠠᠮᠣᠷ ᠰᠠᠨᠠᠭ᠎ᠠ ᠲᠡᠨᠢᠭᠦᠨ ᠰᠣᠪᠢᠯᠠᠬᠤ ᠬᠡᠷᠡᠭᠲᠡᠢ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号