ᠢᠳᠡᠭᠡᠨ ᠤᠮᠳᠠᠭᠠᠨ ᠢᠶᠠᠷ ᠪᠡᠶ᠎ᠠ ᠰᠤᠪᠢᠯᠠᠬᠤ ᠳᠤ ᠶᠠᠭᠤ ᠶᠢ ᠠᠩᠬᠠᠷᠬᠤ ᠴᠢᠬᠤᠯᠠᠳᠡᠢ ᠪᠤᠢ︖
ᠨᠡᠶᠢᠲᠡᠯᠡᠭᠰᠡᠨ ᠴᠠᠭ᠄
2023/3/20
  ᠶᠡᠷᠤ ᠨᠢ ᠮᠤᠩᠭᠤᠯᠴᠤᠳ ᠡᠷᠳᠡ ᠳᠡᠭᠡᠳᠤ ᠦᠶ᠎ᠠ ᠠᠴᠠ ᠪᠠᠨ ᠢᠳᠡᠭᠡᠨ ᠤᠮᠳᠠᠭᠠᠨ ᠢᠶᠠᠷ ᠪᠡᠶ᠎ᠠ ᠰᠤᠪᠢᠯᠠᠬᠤ ᠶᠢ ᠠᠩᠬᠠᠷᠤᠬᠰᠠᠭᠠᠷ ᠢᠷᠡᠵᠡᠢ᠃ ᠳᠡᠭᠡᠬᠦ ᠠᠴᠠ ᠮᠤᠩᠭᠤᠯ ᠡᠮᠴᠢᠯᠡᠭᠡ ᠳᠤ ᠬᠤᠨᠢᠨ ᠮᠢᠬ᠎ᠠ ᠡᠮ ᠳᠤ ᠤᠷᠤᠳᠠᠬ᠂ ᠦᠨᠢᠶᠡᠨ ᠰᠦ ᠰᠢᠮ᠎ᠠ ᠳᠡᠵᠢᠬᠡᠯ ᠢᠶᠠᠷ ᠴᠢᠩᠭ᠎ᠠ᠂ ᠳᠡᠷᠡᠴᠢᠯᠡᠡ ᠦᠬᠡᠷ ᠬᠤᠨᠢᠨ ᠤ ᠡᠯᠢᠬᠡ ᠡᠯᠢᠬᠡᠨ ᠤ ᠬᠤᠤᠷ ᠢ ᠠᠷᠢᠯᠭᠠᠵᠤ᠂ ᠬᠠᠨᠢᠶᠠᠳᠤ᠂ ᠠᠮᠢᠰᠬᠤᠯ ᠳᠠᠪᠬᠤᠴᠠᠬᠤ ᠵᠡᠷᠭᠡ ᠶᠢ ᠵᠠᠰᠠᠵᠤ᠂ ᠳᠡᠯᠢᠬᠦᠤ ᠬᠦᠮᠦᠨ ᠤ ᠳᠡᠯᠢᠬᠦᠤ ᠶᠢᠨ ᠴᠢᠨᠠᠷ ᠢ ᠰᠠᠶᠢᠵᠢᠷᠠᠭᠤᠯᠳᠠᠬ ᠬᠡᠬᠦ ᠮᠡᠳᠤ ᠤᠯᠠᠨ ᠵᠦᠢᠯ ᠤᠨ ᠢᠳᠡᠬᠡᠨ ᠤᠮᠳᠠᠭᠠᠨ ᠢᠶᠠᠷ ᠪᠡᠶ᠎ᠠ ᠪᠠᠨ ᠰᠤᠪᠢᠯᠠᠬᠤ ᠳᠡᠷᠡᠴᠢᠯᠡᠨ ᠡᠪᠡᠳᠴᠢᠨ ᠬᠠᠭᠤᠴᠢᠨ ᠢᠶᠠᠨ ᠵᠠᠰᠠᠬᠤ ᠳᠤᠬᠠᠢ ᠳᠤᠷᠰᠢᠯᠭ᠎ᠠ ᠰᠤᠷᠭᠠᠮᠵᠢ ᠪᠠᠨ ᠳ᠋ᠦᠡᠭᠨᠡᠭᠰᠡᠨ ᠮᠡᠳᠡᠯᠭᠡ ᠮᠡᠳᠡᠴᠡ ᠶᠢ ᠪᠢᠴᠢᠭ ᠨᠤᠮ ᠳᠤ ᠳᠡᠮᠳᠡᠭᠯᠡᠵᠤ ᠪᠠᠶᠢᠳᠠᠬ᠃    ᠡᠳᠡᠭᠡᠷ ᠮᠡᠳᠡᠯᠭᠡ ᠮᠡᠳᠡᠴᠡ ᠶᠢᠨ ᠳᠤᠬᠠᠢ ᠤᠯᠠᠨ ᠬᠦᠮᠦᠰ ᠮᠡᠳᠡᠳᠡᠭ ᠴᠤ ᠬᠠᠷᠢᠨ ᠪᠤᠳᠠᠳᠡᠢ ᠪᠠᠷ ᠶᠠᠭᠠᠬᠢᠵᠤ ᠶᠠᠪᠤᠬᠳᠠᠭᠤᠯᠬᠤ᠂ ᠶᠠᠭᠠᠬᠢᠵᠤ ᠪᠠᠷᠢᠮᠳᠠᠯᠠᠬᠤ᠂ ᠳᠡᠷᠡᠴᠢᠯᠡᠨ ᠶᠠᠭᠠᠬᠢᠵᠤ ᠢᠳᠡᠵᠤ ᠤᠤᠭᠤᠬᠤ ᠪᠠᠨ ᠳᠤᠬᠢᠷᠠᠭᠤᠯᠪᠠᠯ ᠰᠠᠶ᠋ᠢ ᠢᠳᠡᠭᠡᠨ ᠤᠮᠳᠠᠭᠠᠨ ᠢᠶᠠᠷ ᠪᠡᠶ᠎ᠠ ᠪᠠᠨ ᠰᠤᠪᠢᠯᠠᠬᠤ ᠳᠡᠷᠡᠴᠢᠯᠡᠨ ᠡᠪᠡᠳᠴᠢᠨ ᠬᠠᠭᠤᠴᠢᠨ ᠢᠶᠠᠨ ᠵᠠᠰᠠᠬᠤ ᠵᠤᠷᠢᠯᠭ᠎ᠠ ᠳᠤ ᠪᠠᠨ ᠬᠦᠷᠴᠤ ᠴᠢᠳᠠᠬᠤ ᠳᠤᠬᠠᠢ ᠬᠦᠢᠴᠡᠳ ᠮᠡᠳᠡᠬᠦ ᠦᠬᠡᠢ ᠪᠠᠶᠢᠳᠠᠭ᠃ ᠡᠨᠡ ᠪᠠᠶᠢᠳᠠᠯ ᠳᠤ ᠮᠢᠨᠤ ᠦᠵᠡᠬᠦ ᠪᠠᠷ ᠪᠢᠳᠡ ᠵᠠᠪᠠᠯ ᠳᠤᠰᠬᠠᠢ ᠮᠡᠷᠭᠡᠵᠢᠯ ᠤᠨ ᠬᠦᠮᠦᠰ ᠠᠴᠠ ᠡᠨᠡ ᠳᠤᠬᠠᠢ ᠤᠢᠢᠯᠠᠭᠠᠵᠤ ᠭᠦᠢᠴᠡᠳ ᠮᠡᠳᠡᠵᠤ ᠠᠪᠤᠪᠠᠯ ᠵᠤᠬᠢᠨ᠎ᠠ ᠭᠡᠵᠤ ᠪᠤᠳᠤᠵᠤ ᠪᠠᠶᠢᠨ᠎ᠠ᠃ ᠬᠠᠷᠢᠨ ᠳᠤᠳᠠᠭᠤ ᠳᠤᠷᠭᠤᠨ ᠤᠢᠢᠯᠠᠭᠠᠬᠰᠠᠨ ᠰᠠᠭᠤᠷᠢᠨ ᠳᠡᠭᠡᠷ᠎ᠠ ᠪᠠᠨ ᠪᠠᠷᠢᠮᠳᠠᠯᠠᠬᠤ ᠶᠢ ᠮᠡᠳᠡᠬᠦ ᠦᠬᠡᠢ ᠪᠤᠯᠪᠠᠯ ᠢᠳᠡᠭᠡᠨ ᠤᠮᠳᠠᠭᠠᠨ ᠢᠶᠠᠷ ᠪᠡᠶ᠎ᠠ ᠰᠤᠪᠢᠯᠠᠬᠤ ᠵᠤᠷᠢᠯᠭ᠎ᠠ ᠳᠤ ᠪᠠᠨ ᠬᠦᠷᠴᠤ ᠴᠢᠳᠠᠬᠤ ᠦᠬᠡᠢ ᠪᠤᠯᠤᠨ᠎ᠠ᠃ ᠵᠢᠱᠢᠶᠡᠯᠡᠬᠦ ᠳᠤ᠂ ᠪᠢᠳᠡ ᠴᠡᠭᠡᠨ ᠵᠠᠰᠠᠯ ᠢ ᠬᠢᠬᠦ ᠳᠤ ᠳᠤᠰᠬᠠᠢ ᠮᠡᠷᠭᠡᠵᠢᠯᠳᠡᠨ ᠤ 7 ᠠᠴᠠ 40 ᠬᠤᠨᠤᠬ ᠤᠨ ᠡᠮᠴᠢᠯᠡᠭᠡᠨ ᠤ ᠬᠤᠭᠤᠴᠠᠭ᠎ᠠ ᠪᠠᠶᠢᠳᠠᠬ ᠭᠡᠰᠡᠨ ᠰᠠᠨᠠᠭᠤᠯᠭ᠎ᠠ ᠪᠠᠷ ᠪᠢᠳᠡ ᠵᠠᠪᠠᠯ ᠵᠦᠪ ᠶᠤᠰᠤᠨ ᠤ ᠳᠤᠬᠳᠠᠬᠰᠠᠨ ᠡᠮᠴᠢᠯᠡᠬᠡᠨ ᠤ ᠬᠤᠭᠤᠴᠠᠭ᠎ᠠ ᠪᠠᠷ ᠡᠳᠤᠷ ᠪᠦᠷᠢ ᠶᠢᠨ ᠳᠤᠬᠳᠠᠬᠰᠠᠨ ᠬᠡᠮᠵᠢᠶ᠎ᠠ ᠪᠠᠷ ᠤᠴᠢᠵᠤ ᠡᠮᠴᠢᠯᠡᠭᠡ ᠳᠤ ᠤᠷᠤᠯᠴᠠᠨ᠎ᠠ᠂ ᠡᠬᠦᠨ ᠤ ᠬᠠᠮᠳᠤ ᠪᠠᠰᠠ ᠡᠮᠴᠢᠯᠡᠬᠡᠨ ᠤ ᠬᠤᠭᠤᠴᠠᠭᠠᠨ ᠳᠤ ᠴᠡᠭᠡᠷᠯᠡᠬᠦ ᠴᠢᠬᠤᠯᠠᠳᠡᠢ ᠵᠦᠢᠯ ᠢ ᠴᠡᠭᠡᠷᠯᠡᠵᠤ᠂ ᠡᠮᠴᠢᠯᠡᠬᠡᠨ ᠤ ᠬᠤᠭᠤᠴᠠᠭ᠎ᠠ ᠳᠠᠭᠤᠰᠤᠬᠰᠠᠨ ᠤ ᠳᠠᠷᠠᠭ᠎ᠠ ᠪᠠᠰᠠ ᠰᠦᠢᠯᠳᠡ ᠶᠢᠨ ᠬᠤᠭᠤᠴᠠᠭ᠎ᠠ ᠳᠤ ᠠᠩᠬᠠᠷᠬᠤ ᠴᠢᠬᠤᠯᠠᠳᠡᠢ ᠵᠦᠢᠯ ᠢ ᠠᠩᠬᠠᠷᠴᠤ ᠪᠦᠬᠦ ᠵᠦᠢᠯ ᠢ ᠴᠦᠮ ᠳᠤᠬᠳᠠᠬᠰᠠᠨ ᠬᠡᠮᠵᠢᠶ᠎ᠠ ᠪᠠᠷ ᠳᠤᠬᠳᠠᠬᠰᠠᠨ ᠶᠤᠰᠤ ᠭᠤᠷᠢᠮ ᠢᠶᠠᠷ ᠶᠠᠪᠤᠬᠳᠠᠭᠤᠯᠪᠠᠯ ᠰᠠᠶ᠋ᠢ ᠪᠢᠳᠡᠨ ᠤ ᠦᠨᠳᠤᠰᠤᠨ ᠵᠤᠷᠢᠯᠭ᠎ᠠ ᠳᠤ ᠪᠠᠨ ᠬᠦᠷᠴᠤ ᠴᠢᠳᠠᠬᠤ ᠪᠤᠯᠤᠨ᠎ᠠ᠃   ᠡᠬᠦᠨ ᠠᠴᠠ ᠦᠵᠡᠬᠦ ᠳᠤ ᠪᠢᠳᠡ ᠭᠠᠭᠴᠠ ᠴᠡᠭᠡᠨ ᠵᠠᠰᠠᠯ ᠭᠡᠰᠡᠨ ᠪᠢᠰᠢ᠂ ᠬᠠᠷᠢᠨ ᠪᠤᠰᠤᠳ ᠢᠳᠡᠭᠡᠨ ᠤᠮᠳᠠᠭᠠᠨ ᠢᠶᠠᠷ ᠪᠡᠶ᠎ᠠ ᠰᠤᠪᠢᠯᠠᠬᠤ ᠳᠤ ᠴᠤ ᠭᠡᠰᠡᠨ ᠭᠠᠭᠴᠠ ᠡᠳᠤᠷ ᠪᠦᠷᠢ ᠢᠳᠡᠵᠤ ᠤᠤᠭᠤᠵᠤ ᠯᠡ ᠪᠠᠶᠢᠪᠠᠯ ᠪᠤᠯᠴᠢᠬᠠᠬᠤ ᠤᠴᠢᠷ ᠪᠢᠰᠢ᠂ ᠬᠠᠷᠢᠨ ᠳᠡᠬᠦᠨ ᠤ ᠪᠠᠨ ᠳᠤᠬᠠᠢ ᠬᠦᠢᠴᠡᠳ ᠤᠢᠢᠯᠠᠭᠠᠵᠤ ᠮᠡᠳᠡᠵᠤ ᠠᠪᠤᠬᠰᠠᠨ ᠰᠠᠭᠤᠷᠢᠨ ᠳᠡᠭᠡᠷ᠎ᠠ ᠳᠤᠰᠬᠠᠢ ᠮᠡᠷᠭᠡᠵᠢᠯᠳᠡᠨ ᠤ ᠵᠢᠯᠦᠭᠤᠳᠤᠯᠭ᠎ᠠ ᠪᠠᠷ ᠳᠤᠬᠳᠠᠬᠰᠠᠨ ᠶᠤᠰᠤ ᠭᠤᠷᠢᠮ ᠬᠡᠮᠵᠢᠶ᠎ᠠ ᠴᠠᠬ ᠲᠤ ᠳᠤᠬᠢᠷᠠᠭᠤᠯᠵᠤ ᠡᠳ᠋ᠯᠡᠵᠤ ᠶᠠᠪᠤᠬᠤ ᠶᠢ ᠠᠩᠬᠠᠷᠤᠯᠳᠡᠢ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号