ᠢᠳᠡᠭᠡᠨ ᠤᠮᠳᠠᠭᠠᠨ ᠢᠶᠠᠷ ᠬᠤᠤᠷ ᠲᠠᠶᠢᠯᠬᠤᠢ
ᠨᠡᠶᠢᠲᠡᠯᠡᠭᠰᠡᠨ ᠴᠠᠭ᠄
2023/4/25
  ᠤᠳᠤᠬᠠᠨ ᠤ ᠬᠦᠮᠦᠰ ᠪᠡᠶ᠎ᠠ ᠳᠠᠬᠢ ᠬᠤᠤᠷ ᠢᠶᠠᠨ ᠬᠡᠷᠬᠢᠨ ᠭᠠᠳᠠᠭᠰᠢᠯᠠᠭᠤᠯᠬᠤ ᠲᠤᠬᠠᠢ ᠤᠯᠠᠮ ᠠᠩᠬᠠᠷᠬᠤ ᠪᠤᠯᠵᠠᠢ ᠂ ᠨᠡᠩ ᠴᠦ ᠵᠠᠯᠠᠭᠤ ᠡᠮᠡᠭᠳᠡᠶᠢᠴᠤᠳ ᠠᠷᠭ᠎ᠠ ᠪᠦᠬᠦᠨ ᠢ ᠰᠦᠪᠡᠭᠴᠢᠯᠡᠨ᠂ ᠲᠡᠷᠡᠴᠢᠯᠡᠨ ᠡᠷᠡᠭᠦᠯ ᠡᠩᠭᠡ ᠪᠠᠨ ᠦᠷᠡᠭᠳᠡᠭᠦᠯᠵᠦ ᠪᠠᠶᠢᠭᠠᠳ ᠴᠦ ᠬᠤᠤᠷ ᠭᠠᠳᠠᠭᠰᠢᠯᠠᠭᠤᠯᠬᠤ ᠠᠷᠭ᠎ᠠ ᠠᠪᠴᠤ ᠪᠤᠢ᠂ ᠦᠨᠡᠨ ᠳᠤ ᠪᠠᠨ ᠡᠳᠦᠷ ᠲᠤᠳᠤᠮ ᠤᠨ ᠢᠳᠡᠭᠡᠨ ᠤᠮᠳᠠᠭᠠᠨ ᠳᠤ ᠪᠠᠨ ᠬᠤᠤᠷ ᠭᠠᠳᠠᠭᠰᠢᠯᠠᠭᠤᠯᠬᠤ ᠦᠢᠯᠡᠳᠦᠯ ᠲᠠᠢ ᠢᠳᠡᠭᠡᠨ ᠢ ᠢᠯᠡᠭᠦᠭᠡᠨ ᠢᠳᠡᠪᠡᠯ ᠡᠷᠡᠭᠦᠯ ᠴᠢᠬᠢᠷᠠᠭ ᠪᠦᠭᠡᠳ ᠵᠤᠭᠤᠰᠤᠨ ᠳᠤ ᠴᠦ ᠠᠷᠪᠢᠳᠠᠢ ᠪᠠᠶᠢᠳᠠᠭ᠃    ᠪᠡᠶ᠎ᠠ ᠳᠤ ᠬᠤᠤᠷ ᠪᠠᠶᠢᠬᠤ ᠡᠰᠡᠬᠦ ᠶᠢᠨ 5 ᠢᠯᠡᠷᠡᠯ᠂ ᠲᠠ ᠤᠨᠤᠭᠳᠠᠪᠠᠦ︖   ᠬᠠᠴᠠᠷ ᠤᠨ ᠬᠤᠶᠠᠷ ᠬᠠᠪᠢ ᠪᠠᠷ ᠪᠤᠳᠤ ᠭᠠᠷᠬᠤ᠄ ᠬᠠᠴᠠᠷ ᠤᠨ ᠬᠤᠶᠠᠷ ᠬᠠᠪᠢ ᠪᠤᠯ ᠡᠯᠢᠭᠡᠨ ᠤ ᠬᠠᠷᠢᠶ᠎ᠠ ᠭᠠᠵᠠᠷ ᠪᠤᠯᠤᠨ᠎ᠠ᠂ ᠡᠯᠢᠭᠡᠨ ᠳᠠᠬᠢ ᠬᠤᠤᠷ ᠢᠯᠭᠤᠮ ᠭᠠᠳᠠᠭᠰᠢᠯᠠᠭᠳᠠᠬᠤ ᠦᠭᠡᠢ ᠪᠤᠯ ᠬᠠᠴᠠᠷ ᠤᠨ ᠬᠤᠶᠠᠷ ᠬᠠᠪᠢ ᠪᠠᠷ ᠪᠤᠳᠤ ᠢᠯᠡᠷᠡᠨ᠎ᠠ᠃   ᠬᠡᠯᠡ ᠰᠢᠷᠬᠠᠯᠠᠬᠤ᠄ ᠡᠮᠴᠢ ᠶᠢᠨ ᠦᠵᠡᠬᠦ ᠪᠠᠷ᠂ ᠬᠡᠯᠡ ᠪᠤᠯᠤᠨ ᠵᠢᠷᠦᠭᠡ ᠨᠢᠭᠳᠠ ᠬᠠᠷᠢᠴᠠᠭ᠎ᠠ ᠲᠠᠢ᠂ ᠬᠡᠯᠡ ᠰᠢᠷᠬᠠᠯᠠᠬᠤ ᠨᠢ ᠶᠡᠷᠦᠳᠡᠭᠡᠨ ᠵᠢᠷᠦᠭᠡᠨ ᠬᠠᠯᠠᠭᠤᠨ ᠶᠡᠬᠡᠳᠦᠭᠰᠡᠨ ᠠᠴᠠ ᠪᠤᠯᠵᠠᠢ᠃   ᠬᠠᠴᠠᠷ ᠲᠤ ᠦᠩᠭᠡᠨ ᠲᠤᠯᠪᠤ ᠭᠠᠷᠬᠤ᠄ ᠲᠡᠯᠢᠭᠦᠦ ᠪᠡᠶ᠎ᠠ ᠳᠠᠬᠢ ᠴᠢᠬᠢᠭ ᠢ ᠭᠠᠳᠠᠭᠰᠢᠯᠠᠭᠤᠯᠬᠤ ᠴᠢᠳᠠᠮᠵᠢ ᠲᠠᠢ᠂ ᠲᠡᠯᠢᠭᠦᠦ ᠬᠤᠤᠷᠳᠠᠭᠳᠠᠪᠠᠯ ᠬᠤᠤᠷ ᠭᠠᠳᠠᠭᠰᠢᠯᠠᠭᠤᠯᠬᠤ ᠶᠢᠨ ᠠᠷᠭ᠎ᠠ ᠦᠭᠡᠢ ᠪᠠᠶᠢᠵᠤ᠂ ᠬᠤᠷᠠᠮᠳᠤᠭᠰᠠᠨ ᠬᠤᠤᠷ ᠨᠢ ᠨᠦᠭᠦᠴᠡᠯ ᠡᠷᠢᠵᠦ ᠭᠠᠳᠠᠭᠰᠢᠯᠠᠳᠠᠭ᠃   ᠦᠷᠭᠦᠯᠵᠢ ᠬᠤᠷᠭᠤᠰᠤᠯᠠᠬᠤ᠄ ᠠᠭᠤᠰᠬᠢ ᠪᠤᠯᠤᠨ ᠪᠦᠳᠦᠭᠦᠨ ᠭᠡᠳᠡᠰᠦ ᠪᠤᠯ ᠲᠦᠭᠦᠷ ᠰᠢᠰᠲ᠋ᠧᠮ ᠪᠤᠯᠤᠨ᠎ᠠ᠂ ᠠᠭᠤᠰᠬᠢᠨ ᠳᠤ ᠬᠤᠤᠷ ᠪᠠᠶᠢᠬᠤ ᠦᠶᠡᠰ ᠪᠦᠳᠦᠭᠦᠨ ᠭᠡᠳᠡᠰᠦᠨ ᠳᠤ ᠴᠦ ᠬᠡᠪ ᠤᠨ ᠪᠤᠰᠤ ᠬᠤᠷᠠᠮᠳᠤᠯ ᠢᠯᠡᠷᠡᠵᠦ᠂ ᠬᠤᠷᠭᠤᠰᠤᠯᠠᠬᠤ ᠦᠵᠡᠭᠳᠡᠯ ᠭᠠᠷᠤᠨ᠎ᠠ᠃   ᠠᠮᠠᠷᠬᠠᠨ ᠶᠠᠳᠠᠷᠠᠬᠤ᠄ ᠪᠡᠶ᠎ᠠ ᠲᠤᠳᠤᠷᠠᠬᠢ ᠬᠤᠤᠷ ᠨᠢ ᠪᠦᠭᠡᠷ᠎ᠠ ᠶᠢᠨ ᠡᠨᠧᠷᠬᠢ ᠶᠢ ᠬᠤᠷᠤᠭᠳᠠᠭᠤᠯᠤᠨ᠎ᠠ᠂ ᠪᠦᠭᠡᠷ᠎ᠠ ᠶᠢᠨ ᠬᠠᠩᠭᠠᠬᠤ ᠡᠨᠧᠷᠬᠢ ᠪᠠᠭᠠᠰᠬᠤ ᠶᠢ ᠲᠠᠭᠠᠯᠳᠤᠨ ᠪᠡᠶ᠎ᠠ ᠮᠠᠬᠠᠪᠤᠳ ᠶᠠᠳᠠᠷᠠᠵᠤ ᠲᠦᠢᠯᠳᠠᠬᠤ ᠢᠯᠡᠷᠡᠯ ᠭᠠᠷᠤᠨ᠎ᠠ᠃  ᠲᠤᠤᠷᠠᠬᠢ ᠲᠦᠷᠪᠡᠨ ᠵᠦᠢᠯ ᠤᠨ ᠢᠳᠡᠭᠡᠨ ᠬᠤᠤᠷ ᠢ ᠭᠠᠳᠠᠭᠰᠢᠯᠠᠭᠤᠯᠬᠤ ᠳᠤ ᠲᠤᠰᠠᠳᠠᠢ᠄   ᠲᠠᠯᠠᠢ ᠶᠢᠨ ᠵᠠᠮᠠᠭ ᠤᠨ ᠲᠦᠷᠦᠯ᠃ ᠲᠠᠯᠠᠢ ᠶᠢᠨ ᠵᠠᠮᠠᠭ ᠤᠨ ᠲᠦᠷᠦᠯ ᠤᠨ ᠢᠳᠡᠭᠡᠨ ᠳᠤ ᠬᠠᠶᠢᠳᠠᠢ᠂ ᠤᠯᠠᠭᠠᠨ ᠨᠤᠭᠤᠭ᠎ᠠ ᠵᠡᠷᠭᠡ ᠪᠠᠭᠳᠠᠨ᠎ᠠ᠂ ᠡᠳᠡᠭᠡᠷ ᠨᠢ ᠰᠠᠴᠤᠷᠠᠮᠠᠬᠠᠢ ᠪᠤᠳᠠᠰ ᠢ ᠪᠠᠭᠠᠰᠬᠠᠳᠠᠭ᠂ ᠡᠭᠦᠨ ᠤ ᠲᠤᠳᠤᠷᠠᠬᠢ ᠴᠠᠪᠠᠤᠯᠢᠭ ᠡᠳ᠋ ᠨᠢ ᠪᠡᠶ᠎ᠠ ᠲᠤᠳᠤᠷᠠᠬᠢ ᠰᠠᠴᠤᠷᠠᠮᠠᠬᠠᠢ ᠪᠤᠳᠠᠰ ᠢ ᠦᠳᠭᠡᠨ ᠮᠦᠷ ᠲᠠᠢ ᠬᠠᠮᠳᠤ ᠪᠡᠶ᠎ᠠ ᠶᠢᠨ ᠭᠠᠳᠠᠨ᠎ᠠ ᠭᠠᠳᠠᠭᠰᠢᠯᠠᠭᠤᠯᠬᠤ ᠠᠴᠠ ᠪᠤᠯᠵᠤ ᠰᠠᠴᠤᠷᠠᠮᠠᠬᠠᠢ ᠪᠤᠳᠠᠰ ᠤᠨ ᠪᠡᠶ᠎ᠠ ᠳᠤ ᠬᠤᠷᠠᠮᠳᠤᠬᠤ ᠠᠴᠠ ᠰᠡᠷᠭᠡᠶᠢᠯᠡᠵᠦ᠂ ᠰᠠᠴᠤᠷᠠᠭ ᠤᠨ ᠴᠢᠨᠠᠷᠳᠠᠢ ᠡᠪᠡᠳᠴᠢᠨ ᠬᠢᠵᠢᠭ ᠡᠭᠦᠰᠬᠦ ᠨᠤᠷᠮ᠎ᠠ ᠶᠢ ᠲᠤᠷᠤᠭᠰᠢᠯᠠᠭᠤᠯᠳᠠᠭ᠃   ᠪᠤᠷᠴᠠᠭ ᠤᠨ ᠲᠦᠷᠦᠯ ᠤᠨ ᠱᠦᠯᠦ᠃ ᠪᠤᠷᠴᠠᠭ ᠤᠨ ᠲᠦᠷᠦᠯ ᠤᠨ ᠱᠦᠯᠦ ᠨᠢ ᠪᠡᠶ᠎ᠠ ᠲᠤᠳᠤᠷᠠᠬᠢ ᠤᠯᠠᠨ ᠵᠦᠢᠯ ᠤᠨ ᠬᠤᠤᠷ ᠢ ᠭᠠᠳᠠᠭᠰᠢᠯᠠᠭᠤᠯᠬᠤ ᠳᠤ ᠬᠠᠪᠰᠤᠷᠴᠤ᠂ ᠪᠡᠶ᠎ᠠ ᠮᠠᠬᠠᠪᠤᠳ ᠤᠨ ᠰᠢᠨ᠎ᠠ ᠬᠠᠭᠤᠴᠢᠨ ᠤ ᠰᠤᠯᠢᠯᠴᠠᠭ᠎ᠠ ᠶᠢ ᠠᠬᠢᠭᠤᠯᠳᠠᠭ᠃ ᠡᠭᠦᠨ ᠠᠴᠠ ᠭᠠᠳᠠᠨ᠎ᠠ᠂ ᠰᠢᠷ᠎ᠠ ᠪᠤᠷᠴᠠᠭ ᠲᠤ ᠤᠷᠭᠤᠮᠠᠯ ᠤᠨ ᠡᠮ᠎ᠠ ᠬᠤᠷᠮᠤᠨ ᠠᠭᠤᠯᠤᠭᠳᠠᠵᠤ᠂ ᠪᠡᠶ᠎ᠠ ᠲᠤᠳᠤᠷᠠᠬᠢ ᠡᠷᠡᠮᠳᠡᠭ ᠪᠤᠯᠭᠠᠬᠤ ᠪᠤᠳᠠᠰ ᠢ ᠠᠷᠢᠯᠭᠠᠵᠤ᠂ ᠡᠮᠡᠭᠳᠡᠶᠢᠴᠤᠳ ᠤᠨ ᠭᠤᠸ᠎ᠠ ᠭᠠᠯᠪᠢᠷ ᠢᠶᠠᠨ ᠬᠠᠳᠠᠭᠠᠯᠠᠬᠤ ᠳᠤ ᠲᠤᠰᠠᠯᠠᠮᠵᠢ ᠪᠤᠯᠳᠠᠭ᠃   ᠮᠦᠬᠦ ᠶᠢᠨ ᠲᠦᠷᠦᠯ ᠤᠨ ᠤᠷᠭᠤᠮᠠᠯ᠃ ᠮᠦᠬᠦ ᠶᠢᠨ ᠲᠦᠷᠦᠯ ᠤᠨ ᠢᠳᠡᠭᠡᠨ ᠢ ᠦᠷᠭᠦᠯᠵᠢ ᠢᠳᠡᠪᠡᠯ ᠪᠡᠶ᠎ᠠ ᠭᠠᠯᠪᠢᠷ ᠢᠶᠠᠨ ᠭᠤᠸ᠎ᠠ ᠰᠠᠶᠢᠬᠠᠨ ᠪᠠᠶᠢᠯᠭᠠᠬᠤ ᠳᠤ ᠲᠤᠰᠠᠳᠠᠢ᠂ ᠤᠨᠴᠠᠭᠠᠶᠢᠯᠠᠨ ᠬᠠᠷ᠎ᠠ ᠲᠡᠯᠳᠡᠦ ᠪᠤᠯᠤᠨ ᠦᠨᠦᠷᠳᠦ ᠮᠦᠬᠦ ᠶᠢᠨ ᠤᠨᠴᠠᠭᠠᠢ ᠪᠦᠷᠢᠯᠳᠦᠭᠦᠨ ᠨᠢ ᠴᠢᠰᠤ ᠶᠢ ᠴᠡᠪᠡᠷᠰᠢᠭᠦᠯᠦᠨ ᠬᠤᠤᠷ ᠢ ᠲᠠᠶᠢᠯᠬᠤ ᠦᠢᠯᠡᠳᠦᠯ ᠲᠠᠢ᠃ ᠡᠭᠦᠨ ᠠᠴᠠ ᠭᠠᠳᠠᠨ᠎ᠠ᠂ ᠮᠦᠬᠦ ᠶᠢᠨ ᠲᠦᠷᠦᠯ ᠢ ᠦᠷᠭᠦᠯᠵᠢ ᠢᠳᠡᠪᠡᠯ ᠴᠢᠰᠤᠨ ᠲᠠᠷᠤᠯᠳᠠ ᠪᠤᠯᠤᠨ ᠰᠦᠰᠦᠨ ᠤ ᠭᠤᠨᠠᠨ ᠠᠯᠺᠤᠤᠯ ᠢ ᠪᠠᠭᠤᠷᠠᠭᠤᠯᠤᠨ᠂ ᠴᠢᠰᠤᠨ ᠰᠤᠳᠠᠯ ᠬᠠᠳᠠᠭᠤᠷᠠᠬᠤ ᠠᠴᠠ ᠰᠡᠷᠭᠡᠶᠢᠯᠡᠨ᠂ ᠪᠡᠶ᠎ᠠ ᠮᠠᠬᠠᠪᠤᠳ ᠤᠨ ᠡᠭᠡᠯᠢᠯᠡᠭᠡ ᠶᠢᠨ ᠴᠢᠳᠠᠪᠤᠷᠢ ᠶᠢ ᠲᠡᠭᠡᠭᠰᠢᠯᠡᠭᠦᠯᠦᠨ᠎ᠠ᠂ ᠴᠢᠮᠦᠭᠡᠨ ᠤ ᠴᠢᠰᠤ ᠪᠦᠳᠦᠭᠡᠬᠦ ᠴᠢᠳᠠᠪᠤᠷᠢ ᠶᠢ ᠨᠡᠮᠡᠭᠳᠡᠭᠦᠯᠳᠡᠭ᠃   ᠨᠤᠭᠤᠭ᠎ᠠ ᠵᠢᠮᠢᠰ ᠢ ᠲᠦᠭᠦᠭᠡᠢ ᠪᠠᠷ ᠢᠳᠡᠬᠦ᠃ ᠨᠤᠭᠤᠭ᠎ᠠ ᠵᠢᠮᠢᠰ ᠲᠤ ᠬᠤᠤᠷ ᠲᠠᠶᠢᠯᠬᠤ ᠡᠳ᠋ ᠡᠯᠪᠡᠭ ᠠᠭᠤᠯᠤᠭᠳᠠᠳᠠᠭ᠃ ᠵᠢᠱᠢᠶᠡᠯᠡᠪᠡᠯ ᠬᠤᠯᠤᠤᠪᠠᠩ ᠨᠢ ᠬᠦᠨᠳᠦ ᠲᠡᠮᠦᠷᠯᠢᠭ ᠮᠦᠩᠭᠦᠨ ᠤᠰᠤ ᠲᠠᠢ ᠨᠡᠶᠢᠯᠡᠭᠡᠳ ᠰᠢᠨ᠎ᠠ ᠪᠤᠳᠠᠰ ᠪᠤᠯᠵᠤ ᠪᠡᠶ᠎ᠠ ᠠᠴᠠ ᠭᠠᠳᠠᠭᠰᠢᠯᠠᠳᠠᠭ︔ ᠰᠠᠷᠢᠮᠰᠠᠭ ᠲᠠᠬᠢ ᠤᠨᠴᠠᠭᠠᠢ ᠪᠤᠳᠠᠰ ᠨᠢ ᠪᠡᠶ᠎ᠠ ᠲᠤᠳᠤᠷᠠᠬᠢ ᠲᠤᠭᠤᠯᠭ᠎ᠠ ᠶᠢᠨ ᠦᠳᠭᠡᠴᠡ ᠶᠢ ᠪᠠᠭᠤᠷᠠᠭᠤᠯᠳᠠᠭ᠃ ᠭᠤᠭᠤᠳ ᠲᠤ ᠸᠢᠲ᠋ᠠᠮᠢᠨ ᠵᠡᠷᠭᠡ ᠪᠦᠷᠢᠯᠳᠦᠭᠦᠨ ᠠᠭᠤᠯᠤᠭᠳᠠᠵᠤ ᠂ ᠪᠦᠳᠦᠭᠦᠯᠢᠭ ᠰᠢᠷᠭᠡᠭᠯᠢᠭ ᠨᠢ ᠠᠷᠢᠬᠢ ᠲᠠᠮᠠᠬᠢ ᠤᠤᠭᠤᠭᠴᠢᠳ ᠢ ᠬᠠᠪᠰᠤᠷᠴᠤ ᠬᠤᠤᠷ ᠢ ᠭᠠᠳᠠᠭᠰᠢᠯᠠᠭᠤᠯᠳᠠᠭ᠃
 
ᠢᠷᠡᠯᠲᠡ᠄ ᠦᠪᠤᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号