ᠤᠪᠤᠭ᠎ᠠ  ᠬᠠᠶᠢᠷᠬᠠᠳ —  ᠰᠤᠪᠤᠷᠭᠠᠨ ᠤᠪᠤᠭ᠎ᠠ
ᠨᠡᠶᠢᠲᠡᠯᠡᠭᠰᠡᠨ ᠴᠠᠭ᠄
2023/2/8
     ᠮᠠᠯᠠᠭᠠᠢ ᠶᠢᠨ ᠰᠦᠮ᠎ᠡ ᠶᠢᠨ ᠵᠡᠬᠦᠨ ᠤᠪᠤᠭ᠎ᠠ ᠪᠤᠯᠬᠤ  ᠰᠤᠪᠤᠷᠭᠠᠨ ᠤᠪᠤᠭ᠎ᠠ ᠨᠢ ᠠᠭᠳᠠᠨ ᠰᠤᠮᠤᠨ ᠤ  ᠲᠠᠬᠢᠳᠠᠭ ᠤᠪᠤᠭ᠎ᠠ ᠪᠤᠯᠤᠨ᠎ᠠ᠃  ᠡᠨᠡ ᠤᠪᠤᠭᠠᠨ ᠤ ᠵᠡᠬᠦᠨ ᠡᠮᠦᠨ᠎ᠡ ᠬᠦᠮᠦᠰᠭᠡ ᠶᠢᠨ ᠬᠠᠳᠠᠨ ᠲᠡᠭᠡᠷ᠎ᠡ ᠨᠢᠬᠡ ᠯᠠᠭᠤᠰᠠᠨ ᠲᠤᠭᠤᠷᠠᠢ ᠪᠠᠶᠢᠳᠠᠭ  ᠃ ᠡᠬᠦᠨ ᠳᠤ ᠪᠠᠰᠠ ᠬᠤᠶᠠᠷ ᠵᠦᠢᠯ ᠤᠨ ᠤᠯᠠᠮᠵᠢᠯᠠᠯ ᠶᠠᠷᠢᠶ᠎ᠠ ᠪᠠᠶᠢᠳᠠᠭ᠃ ᠨᠢᠬᠡ  ᠨᠢ ᠤᠷᠢᠳᠤ ᠴᠠᠭ ᠲᠤ  ᠡᠩᠬᠡ ᠠᠮᠤᠭᠤᠯᠠᠩ ᠬᠠᠭᠠᠨ  ᠯᠠᠭᠤᠰᠠ ᠤᠨᠤᠵᠤ  ᠲᠤᠭᠤᠷᠢᠨ  ᠶᠠᠪᠤᠬᠤ ᠳᠠᠭᠠᠨ ᠬᠠᠳᠠᠨ ᠲᠡᠭᠡᠷ᠎ᠡ ᠬᠢᠰᠬᠢᠭᠰᠡᠨ ᠳᠤ ᠯᠠᠭᠤᠰᠠᠨ ᠲᠤᠭᠤᠷᠠᠢ ᠶᠢᠨ ᠤᠷᠤ ᠨᠢ ᠦᠯᠡᠳᠡᠵᠡᠢ ᠭᠡᠨ᠎ᠡ᠃ ᠨᠦᠬᠦᠭᠡ ᠨᠢ᠂  ᠡᠷᠳᠡ ᠤᠷᠢᠳᠤ ᠴᠠᠭ ᠲᠤ  ᠰᠦᠮ᠎ᠡ ᠶᠢᠨ ᠤᠮᠵᠢᠳ ᠯᠠᠮᠠ ᠨᠠᠷ ᠲᠠᠢ ᠪᠠᠨ ᠰᠦᠨᠢ ᠠᠮ᠎ᠠ ᠪᠤᠷᠬᠠᠨ ᠢ ᠲᠠᠬᠢᠵᠤ ᠪᠠᠶᠢᠬᠤ ᠳᠤ ᠠᠮ᠎ᠠ ᠪᠤᠷᠬᠠᠨ ᠤᠯᠠᠭᠠᠨ ᠯᠠᠭᠤᠰᠠ ᠪᠠᠨ ᠤᠨᠤᠵᠤ ᠢᠷᠡᠭᠡᠳ ᠲᠡᠬᠦᠨ ᠤ ᠠᠷᠤ ᠳᠤ ᠵᠤᠭᠰᠤᠬᠤ ᠳᠤ ᠯᠠᠭᠤᠰᠠᠨ ᠤ ᠠᠮᠢᠰᠬᠤᠯ ᠨᠢ ᠲᠡᠬᠦᠨ ᠤ ᠲᠤᠯᠤᠭᠠᠢ ᠶᠢ ᠬᠠᠯᠠᠭᠤᠨ  ᠰᠢᠳᠠᠭᠤᠯᠵᠠᠢ᠂  ᠤᠮᠵᠢᠳ ᠬᠤᠷᠠᠯ ᠢᠶᠠᠨ ᠲᠠᠷᠬᠠᠭᠠᠳ ᠡᠨᠡ  ᠤᠴᠢᠷ ᠢ ᠭᠡᠯᠡᠵᠦ ᠯᠠᠮᠠ ᠨᠠᠷ ᠢᠶᠠᠨ ᠲᠠᠭᠠᠭᠤᠯᠤᠨ᠂ ᠠᠮ᠎ᠠ ᠪᠤᠷᠬᠠᠨ ᠤ ᠢᠷᠡᠭᠰᠡᠨ ᠵᠠᠮ ᠢᠶᠠᠷ ᠬᠠᠶᠢᠵᠤ᠂ ᠠᠭᠳᠠᠨ ᠤᠪᠤᠭᠠᠨ ᠤ ᠵᠡᠬᠦᠨ ᠡᠮᠦᠨ᠎ᠡ ᠬᠦᠮᠦᠰᠭᠡ ᠶᠢᠨ ᠬᠠᠳᠠᠨ ᠲᠡᠭᠡᠷ᠎ᠡ ᠠᠴᠠ ᠯᠠᠭᠤᠰᠠᠨ ᠲᠤᠭᠤᠷᠠᠢ ᠶᠢᠨ ᠤᠷᠤ ᠶᠢ ᠤᠯᠵᠤ ᠠᠪᠴᠠᠢ᠃ ᠲᠠᠭᠠᠵᠤ ᠶᠠᠪᠤᠭᠰᠠᠨ ᠯᠠᠮᠠ ᠨᠠᠷ ︽ᠠᠮ᠎ᠠ ᠪᠤᠷᠬᠠᠨ ᠪᠤᠳᠠ ᠪᠡᠶ᠎ᠡ ᠪᠠᠷ ᠶᠢᠨ ᠤᠯᠠᠭᠠᠨ ᠯᠠᠭᠤᠰᠠ ᠪᠠᠨ ᠤᠨᠤᠵᠤ ᠮᠤᠷᠢᠯᠠᠨ ᠢᠷᠡᠵᠡᠢ︾ ᠬᠡᠮᠡᠨ ᠯᠠᠭᠤᠰᠠᠨ ᠲᠤᠭᠤᠷᠠᠢ ᠳᠤ ᠵᠠᠯᠪᠠᠷᠢᠨ  ᠮᠦᠷᠬᠦᠯ᠎ᠡ ᠭᠡᠳᠡᠭ᠃ ᠬᠢᠷᠠᠬᠠᠢ ᠨᠢᠬᠡᠨ ᠯᠠᠮ᠎ᠠ ᠤᠬᠠᠭᠠᠨ ᠢ ᠨᠢ ᠮᠡᠳᠡᠵᠦ ︽ᠠ᠂  ᠤᠮᠵᠢᠳ ᠭᠤᠸᠠᠢ ᠬᠤᠷᠠᠯ ᠲᠠᠷᠬᠠᠪᠠᠯ ᠤᠪᠤᠭᠠᠨ ᠤ ᠡᠩᠬᠡᠷ ᠢᠶᠠᠷ ᠵᠡᠬᠦᠨ ᠬᠤᠶᠢᠰᠢ ᠶᠠᠪᠤᠳᠠᠭ ᠪᠠᠶᠢᠭᠰᠠᠨ ᠨᠢ ᠡᠶᠢᠮᠦ ᠪᠠᠶᠢᠵᠠᠢ︾  ᠬᠡᠵᠡᠢ᠃  ᠤᠤᠯ ᠨᠢ  ᠤᠮᠵᠢᠳ ᠭᠤᠸᠠᠢ ᠡᠨᠡᠬᠦ  ᠯᠠᠭᠤᠰᠠᠨ ᠲᠤᠭᠤᠷᠠᠢ ᠶᠢ ᠬᠠᠳᠠᠨ ᠲᠡᠭᠡᠷ᠎ᠡ  ᠰᠡᠶᠢᠯᠪᠦᠷᠢᠯᠡᠭᠰᠡᠨ ᠶᠤᠮ ᠬᠡᠨ᠎ᠡ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号