ᠤᠪᠤᠭ᠎ᠠ  ᠬᠠᠶᠢᠷᠬᠠᠳ —  ᠪᠦᠬᠦᠳᠡ ᠶᠢᠨ ᠤᠪᠤᠭ᠎ᠠ
ᠨᠡᠶᠢᠲᠡᠯᠡᠭᠰᠡᠨ ᠴᠠᠭ᠄
2021/11/24
 ᠲᠤᠰ ᠤᠪᠤᠭ᠎ᠠ ᠬᠦᠨᠪᠤᠯᠠᠭ ᠰᠤᠮᠤᠨ ᠤ ᠪᠦᠬᠦᠳᠡ ᠶᠢᠨ ᠤᠪᠤᠭ᠎ᠠ ᠭᠠᠴᠠᠭᠠᠨ ᠤ  ᠬᠤᠶᠢᠳᠤ ᠠᠭᠤᠯᠠᠨ ᠲᠡᠭᠡᠷ᠎ᠡ  ᠰᠦᠨᠳᠡᠷᠯᠡᠨ ᠬᠠᠷᠠᠭᠳᠠᠨ᠎ᠠ᠃ ᠴᠢᠩ ᠤᠯᠤᠰ ᠤᠨ ᠦᠶ᠎ᠡ ᠳᠤ ᠶᠡᠭᠡ ᠵᠤᠤ  ᠠᠶᠢᠮᠠᠭ ︵ᠤᠳᠤᠬᠢ ᠤᠷᠳᠤᠰ ᠬᠤᠳᠠ︶ ᠎ ᠤᠨ ᠲᠤᠬᠤᠢ ᠵᠤᠤ ᠶᠢᠨ ᠬᠡᠬᠡᠨ ᠬᠢᠭᠡᠳ ᠮᠠᠯᠠᠭᠠᠢ ᠶᠢᠨ ᠰᠦᠮ᠎ᠡ ᠠᠴᠠ ᠡᠷᠳᠡᠮ ᠲᠠᠢ ᠯᠠᠮ᠎ᠠ ᠨᠠᠷ ᠢ ᠵᠠᠯᠠᠵᠤ᠂ ᠨᠤᠮ ᠰᠤᠳᠤᠷ ᠤᠩᠰᠢᠭᠤᠯᠤᠨ ᠪᠤᠰᠬᠠᠯ᠎ᠠ ᠭᠡᠳᠡᠭ᠃  ᠪᠦᠬᠦᠳᠡ ᠶᠢᠨ ᠤᠪᠤᠭ᠎ᠠ ᠪᠤᠯ  ᠲᠠᠶᠢᠹᠤᠰᠧ ᠵᠡᠬᠦᠨ ᠭᠠᠷ ᠰᠦᠷᠦᠭ ᠎ ᠤᠨ ᠬᠦᠪᠡᠭᠡᠳᠦ ᠴᠠᠭᠠᠨ ᠤ ᠠᠶᠢᠯ ᠠᠶᠢᠮᠠᠭ ᠤᠨ ᠬᠢᠨ  ᠎ ᠤ ᠲᠠᠬᠢᠳᠠᠭ ᠤᠪᠤᠭ᠎ᠠ  ᠪᠤᠯᠤᠨ᠎ᠠ᠃   ᠦᠨᠦ ᠵᠢᠷᠠᠨ ᠤᠰᠤ᠂ ᠪᠦᠬᠦᠳᠡ ᠶᠢᠨ ᠤᠪᠤᠭ᠎ᠠ᠂ ᠪᠤᠷᠤᠬᠤᠳᠠ᠂ ᠱᠢᠪᠠᠷᠳᠤ ᠵᠡᠷᠭᠡ ᠭᠠᠴᠠᠭᠠᠨ ᠤ ᠮᠠᠯᠴᠢᠳ ᠲᠠᠬᠢᠵᠤ ᠪᠤᠢ᠃  ᠲᠤᠰ ᠤᠪᠤᠭ᠎ᠠ ᠨᠢ 145 ᠬᠠᠪᠳᠠᠭᠠᠢ ᠲᠦᠷᠪᠡᠯᠵᠢᠨ ᠮᠧᠲᠷ  ᠭᠠᠵᠠᠷ ᠡᠵᠡᠯᠡᠵᠦ᠂   ᠭᠤᠤᠯ ᠤᠪᠤᠭ᠎ᠠ ᠨᠢ  ᠴᠢᠯᠠᠭᠤ ᠪᠠᠷ ᠵᠡᠷᠭᠡᠯᠡᠭᠰᠡᠨ ᠭᠤᠷᠪᠠᠨ ᠲᠠᠪᠬᠤᠷ ᠲᠤᠭᠤᠷᠢᠭ ᠭᠡᠯᠪᠡᠷᠢᠳᠦ ᠲᠠᠪᠴᠠᠩ ᠲᠠᠢ᠂  ᠲᠠᠪᠴᠠᠩ ᠤᠨ ᠳ᠋ᠢᠶᠠᠮᠧᠲᠷ ᠨᠢ ᠲᠤᠰᠪᠤᠷᠢ 7.3 ᠮᠧᠲᠷ᠂ 4.3 ᠮᠧᠲᠷ᠂ 1.3 ᠮᠧᠲᠷ  ᠂  ᠦᠨᠳᠦᠷ ᠨᠢ  ᠲᠤᠰᠪᠤᠷᠢ 1 ᠮᠧᠲᠷ᠃  ᠲᠡᠭᠡᠳᠦ ᠲᠠᠪᠴᠠᠩ ᠤᠨ ᠲᠦᠪ ᠲᠤᠮᠳᠠ ᠨᠢ 2 ᠮᠧᠲᠷ ᠤᠷᠳᠤ  ᠮᠤᠳᠤᠨ ᠴᠢᠭᠠᠩ ︵ᠲᠤᠭ ᠤᠨ ᠡᠰᠢ︶ ᠪᠤᠰᠬᠠᠵᠤ᠂ ᠭᠠᠳᠠᠭᠤᠷ ᠨᠢ  ᠠᠳᠠᠯᠢ ᠬᠡᠮᠵᠢᠶᠡᠨ ᠤ 12 ᠵᠢᠵᠢᠭ ᠴᠢᠯᠠᠭᠤᠨ ᠤᠪᠤᠭ᠎ᠠ ᠪᠠᠷ ᠬᠦᠷᠢᠶᠡᠯᠡᠭᠰᠡᠨ ᠪᠠᠶᠢᠳᠠᠭ᠃ ᠲᠤᠰ ᠤᠪᠤᠭ᠎ᠠ ᠶᠢ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠨ ᠭᠤᠷᠪᠠᠨ ᠳᠤ  ᠲᠠᠬᠢᠵᠤ᠂ ᠡᠷ᠎ᠡ ᠶᠢᠨ ᠭᠤᠷᠪᠠᠨ ᠨᠠᠭᠠᠳᠤᠮ ᠶᠠᠪᠤᠭᠳᠠᠭᠤᠯᠤᠨ ᠤᠪᠤᠭᠠᠨ ᠰᠠᠬᠢᠭᠤᠰᠤ ᠪᠠᠨ ᠪᠠᠶᠠᠰᠬᠠᠳᠠᠭ᠃  ᠤᠶᠢᠷ᠎ᠠ ᠶᠢᠨ ᠵᠢᠯ ᠎ ᠳᠤ ᠤᠪᠤᠭᠠᠨ ᠰᠤᠶᠤᠯ ᠤᠨ ᠡᠷᠳᠡᠮᠳᠡᠳ ᠤᠨ  ᠪᠦᠷᠢᠳᠭᠡᠨ ᠲᠡᠮᠳᠡᠭᠯᠡᠭᠰᠡᠨ  ᠪᠦᠬᠦ ᠦᠪᠦᠷ ᠮᠤᠩᠭᠤᠯ ᠤᠷᠤᠨ  ᠎ ᠳᠠᠬᠢ 3747 ᠰᠠᠭᠤᠷᠢ ᠤᠪᠤᠭᠠᠨ ᠤ ᠲᠤᠳᠤᠷᠠᠬᠢ 72 ᠰᠠᠭᠤᠷᠢ ᠨᠡᠷᠡᠳᠦ ᠤᠪᠤᠭᠠᠨ ᠳᠤ ᠲᠠᠶᠢᠹᠤᠰᠧ ᠬᠤᠰᠢᠭᠤᠨ ᠠᠴᠠ ᠪᠦᠬᠦᠳᠡ ᠶᠢᠨ ᠤᠪᠤᠭ᠎ᠠ ᠰᠢᠯᠢᠭᠳᠡᠨ ᠤᠷᠤᠭᠰᠠᠨ ᠶᠤᠮ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号