ᠵᠡᠬᠦᠨ ᠭᠠᠷ ᠤᠨ ᠤᠪᠤᠭ᠎ᠠ ᠨᠢ ᠬᠦᠨᠪᠤᠯᠠᠭ ᠰᠤᠮᠤᠨ ᠤ ᠲᠦᠪ ᠫᠤᠤᠲᠠᠶᠢᠶ᠋ᠢᠩᠽᠢ ᠶᠢᠨ ᠡᠮᠦᠨᠡᠬᠡᠨ ᠪᠤᠢ᠃ ᠵᠡᠬᠦᠨ | ᠭᠠᠷ ᠤᠨ ᠤᠪᠤᠭ᠎ᠠ ᠭᠡᠳᠡᠭ ᠨᠢ ᠲᠠᠶᠢᠹᠤᠰᠧ ᠵᠡᠬᠦᠨ ᠭᠠᠷ ᠰᠦᠷᠦᠭ ᠤᠨ ᠤᠪᠤᠭ᠎ᠠ ᠪᠠᠶᠢᠵᠠᠢ᠃ ᠲᠤᠰ ᠤᠪᠤᠭ᠎ᠠ ᠶᠢ | ᠰᠡᠷᠡᠩᠨᠠᠮᠵᠢᠯ ᠠᠮᠪᠠᠨ ᠤ ᠦᠶ᠎ᠡ ᠳᠤ ︵ᠪᠠᠷᠤᠭ 1939 ᠤᠨ︶ ᠤᠷᠳᠤᠰ ᠤᠨ ᠲᠤᠬᠤᠢ ᠵᠤᠤ ᠶᠢᠨ ᠬᠡᠬᠡᠨ ᠢ | ᠵᠠᠯᠠᠵᠤ᠂ ᠮᠠᠯᠠᠭᠠᠢ ᠶᠢᠨ ᠰᠦᠮ᠎ᠡ ᠶᠢᠨ ᠯᠠᠮᠠ ᠨᠠᠷ ᠢ ᠤᠷᠤᠯᠴᠠᠭᠤᠯᠤᠨ᠂ ᠪᠦᠬᠦᠯᠢ ᠨᠢᠬᠡ ᠰᠠᠷ᠎ᠠ ᠪᠦᠳᠦᠭᠡᠯᠳᠡ ᠶᠢᠨ | ᠨᠤᠮ ᠤᠩᠰᠢᠭᠤᠯᠵᠤ ᠱᠦᠩᠨᠡᠭᠰᠡᠨ ᠭᠡᠳᠡᠭ᠃ ᠪᠤᠳᠤᠬᠤ ᠳᠤ ᠲᠤᠬᠠᠢ ᠶᠢᠨ ᠦᠶ᠎ᠡ ᠶᠢᠨ ᠤᠯᠤᠰ ᠲᠦᠷᠦᠴᠢᠳ ᠤᠨ | ᠴᠢᠷᠮᠠᠶᠢᠯᠭ᠎ᠠ ᠪᠠᠷ 1936 ᠤᠨ ᠳᠤ ᠲᠠᠶᠢᠹᠤᠰᠧ ᠵᠡᠬᠦᠨ ᠭᠠᠷ ᠰᠦᠷᠦᠭ ᠨᠢ ᠵᠠᠭᠤ ᠭᠠᠷᠤᠢ ᠵᠢᠯ ᠶᠠᠪᠤᠭᠳᠠᠭᠰᠠᠨ | ᠰᠦᠷᠦᠭ ᠤᠨ ᠵᠤᠬᠢᠶᠠᠨ ᠪᠠᠶᠢᠭᠤᠯᠤᠯᠳᠠ ᠠᠴᠠ ᠰᠠᠯᠵᠤ᠂ ᠴᠠᠬᠠᠷ ᠴᠢᠭᠤᠯᠭᠠᠨ ᠳᠤ ᠬᠠᠮᠢᠶᠠᠷᠤᠭᠳᠠᠬᠤ ᠲᠤᠰᠬᠠᠢ | ᠬᠤᠰᠢᠭᠤ ᠪᠤᠯᠤᠭᠠᠳ᠂ ᠦᠪᠦᠷ ᠮᠤᠩᠭᠤᠯ ᠤᠨ ᠤᠯᠠᠨ ᠬᠤᠰᠢᠭᠤᠳ ᠯᠤᠭ᠎ᠠ ᠡᠩ ᠰᠠᠴᠠᠭᠤ ᠪᠤᠯᠤᠭᠰᠠᠨ ᠤ ᠲᠠᠷᠠᠭ᠎ᠠ | ᠬᠤᠰᠢᠭᠤ ᠨᠤᠳᠤᠭ ᠤᠨ ᠨᠢᠬᠡᠳᠦᠯ ᠲᠠᠢ ᠬᠡᠶᠢᠮᠤᠷᠢ ᠰᠦᠯᠳᠡ ᠴᠢᠬᠤᠯᠠᠳᠠᠢ ᠪᠤᠯᠤᠭᠰᠠᠨ ᠪᠠ ᠲᠤᠬᠠᠢ ᠶᠢᠨ ᠦᠶ᠎ᠡ ᠶᠢᠨ | ᠤᠷᠤᠭ᠎ᠠ ᠪᠤᠰᠤᠭ᠎ᠠ ᠴᠠᠭ ᠤᠨ ᠪᠠᠶᠢᠳᠠᠯ ᠲᠤᠤᠷ᠎ᠠ ᠬᠤᠰᠢᠭᠤ ᠨᠤᠳᠤᠭ ᠤᠨ ᠠᠷᠠᠳ ᠢᠷᠭᠡᠳ ᠤᠨ ᠰᠠᠨᠠᠭ᠎ᠠ ᠰᠡᠳᠬᠢᠯ ᠢ | ᠨᠡᠶᠢᠳᠡ ᠶᠢᠨ ᠰᠢᠳᠦᠬᠡᠨ ᠢᠶᠠᠷ ᠲᠦᠪᠯᠡᠷᠡᠬᠦᠯᠦᠨ ᠪᠦᠯᠬᠦᠮᠳᠡᠬᠦᠯᠬᠦ ᠶᠢ ᠵᠤᠷᠢᠭᠰᠠᠨ ᠰᠠᠨᠠᠭ᠎ᠠ ᠪᠠᠶᠢᠵᠠᠢ᠃ ᠭᠡᠳᠡᠯ᠎ᠡ | ᠠᠷᠪᠠᠨ ᠵᠢᠯ ᠲᠠᠬᠢᠭᠳᠠᠭᠰᠠᠨ ᠨᠤᠳᠤᠭ ᠤᠨ ᠮᠢᠨᠢ ᠡᠨᠡ ᠬᠦ᠋ ᠰᠢᠳᠦᠬᠡᠨ ᠨᠡᠶᠢᠳᠡ ᠤᠯᠠᠨ ᠤ ᠮᠡᠳᠡᠳᠡᠭ ᠨᠡᠶᠢᠬᠡᠮ | ᠲᠦᠷᠦ ᠶᠢᠨ ᠰᠢᠯᠳᠠᠭᠠᠨ ᠢᠶᠠᠷ 1949 ᠤᠨ ᠠᠴᠠ ᠡᠬᠢᠯᠡᠨ ᠲᠠᠬᠢᠯᠭ᠎ᠠ ᠲᠠᠰᠤᠷᠠᠭᠰᠠᠨ ᠪᠢᠯᠡ᠃ | ᠮᠤᠩᠭᠤᠯ ᠲᠦᠮᠡᠨ ᠤ ᠤᠶᠤᠨ ᠰᠠᠨᠠᠭ᠎ᠠ ᠰᠤᠶᠤᠯ ᠤᠨ ᠠᠮᠢᠳᠤᠷᠠᠯ ᠤᠨ ᠬᠦᠰᠡᠯ ᠱᠠᠭᠠᠷᠳᠠᠯᠭ᠎ᠠ ᠶᠢ | ᠬᠠᠩᠭᠠᠵᠤ᠂ ᠤᠯᠠᠮᠵᠢᠯᠠᠯᠳᠤ ᠰᠢᠯᠢᠳᠡᠭ ᠦᠨᠳᠦᠰᠦᠳᠡᠨ ᠤ ᠰᠤᠶᠤᠯ ᠢ ᠵᠠᠯᠭᠠᠮᠵᠢᠯᠠᠨ ᠬᠦᠭᠵᠢᠬᠦᠯᠬᠦ ᠶᠢᠨ ᠲᠦᠯᠦᠬᠡ ᠂ | ᠲᠠᠶᠢᠹᠤᠰᠧ ᠬᠤᠰᠢᠭᠤ ᠨᠢ 2016 ᠤᠨ ᠳᠤ ᠵᠡᠬᠦᠨ ᠭᠠᠷ ᠰᠦᠷᠦᠭ ᠤᠨ ᠨᠡᠶᠢᠳᠡ ᠶᠢᠨ ᠰᠢᠳᠦᠬᠡᠨ ᠪᠠᠶᠢᠭᠰᠠᠨ | ᠢᠶᠠᠨ ᠲᠠᠬᠢᠯᠭ᠎ᠠ ᠲᠠᠰᠤᠷᠠᠭᠠᠳ ᠵᠢᠷᠠᠭᠠᠳ ᠵᠢᠯ ᠪᠤᠯᠤᠭᠰᠠᠨ ᠭᠠᠷ ᠤᠨ ᠤᠪᠤᠭ᠎ᠠ ᠶᠢ ᠬᠤᠰᠢᠭᠤ ᠤᠪᠤᠭ᠎ᠠ ᠪᠤᠯᠭᠠᠵᠤ | ᠰᠡᠷᠬᠦᠬᠡᠨ ᠪᠠᠶᠢᠭᠤᠯᠤᠭᠰᠠᠨ ᠪᠦᠬᠡᠳ ᠲᠤᠰ ᠵᠢᠯ ᠠᠴᠠ ᠨᠢ ᠤᠪᠤᠭᠠᠨ ᠲᠠᠬᠢᠯᠭ᠎ᠠ ᠶᠢ ᠬᠢᠵᠦ ᠡᠬᠢᠯᠡᠵᠡᠢ᠃ | ᠡᠶᠢᠨ ᠬᠦ᠋᠂ ᠲᠡᠭᠡᠳᠦ ᠠᠴᠠ ᠤᠯᠠᠮᠵᠢᠯᠠᠯ ᠲᠠᠢ ᠵᠠᠩ ᠵᠢᠷᠤᠮ ᠢ ᠮᠦᠷᠳᠡᠵᠦ᠂ ᠲᠤᠰ ᠤᠪᠤᠭ᠎ᠠ ᠶᠢ ᠵᠢᠯ ᠪᠦᠷᠢ ᠶᠢᠨ | ᠪᠢᠯᠢᠭ ᠤᠨ ᠤᠯᠠᠷᠢᠯ ᠤᠨ ᠵᠢᠷᠭᠤᠭᠠᠨ ᠰᠠᠷ᠎ᠠ ᠶᠢᠨ ᠰᠢᠨ᠎ᠡ ᠶᠢᠨ ᠵᠢᠷᠭᠤᠭᠠᠨ ᠳᠤ ᠴᠠᠭᠠᠨ ᠢᠶᠠᠷ ᠲᠠᠬᠢᠵᠤ᠂ | ᠲᠠᠬᠢᠯᠭ᠎ᠠ ᠶᠢᠨ ᠨᠠᠶᠢᠷ ᠲᠤ ᠬᠤᠷᠲᠣᠨ ᠬᠦᠯᠦᠭ ᠤᠨ ᠰᠢᠲᠢᠲᠣ ᠲᠣᠭᠤᠷᠠᠢ ᠪᠠᠷ ᠣᠪᠣᠭᠠᠨ ᠤ ᠪᠠᠨ ᠬᠡᠶᠢᠮᠤᠷᠢ | ᠰᠦᠯᠲᠡ ᠶᠢ ᠲᠠᠯᠠᠯᠤᠨ᠂ ᠬᠦᠴᠦᠳᠦ ᠪᠦᠬᠡᠴᠦᠳ ᠤᠨ ᠣᠮᠣᠬᠯᠠᠩ ᠲᠡᠪᠢᠯᠲᠡ ᠪᠠᠷ ᠣᠪᠣᠭᠠᠨ ᠤ ᠪᠠᠨ ᠬᠦᠴᠦᠨ | ᠴᠢᠲᠡᠯ ᠢ ᠬᠤᠷᠤᠶᠢᠯᠠᠵᠤ᠂ ᠨᠣᠲᠤᠭ ᠣᠰᠣᠨ ᠤ ᠪᠠᠨ ᠡᠵᠡᠳ ᠰᠠᠬᠢᠭᠤᠰᠣ ᠶᠢ ᠪᠠᠶᠠᠰᠬᠠᠨ᠂ ᠦᠶ᠎ᠠ ᠶᠢᠨ ᠦᠶ᠎ᠠ | ᠳᠡᠭᠡᠨ ᠥᠯᠵᠡᠢ ᠮᠥᠷ ᠲᠠᠢ ᠥᠬᠡᠲᠡᠯᠡᠨ ᠮᠡᠡᠲᠣᠬᠤ ᠶᠢ ᠲᠠᠭᠠᠳᠬᠠᠵᠤ ᠪᠠᠶᠢᠨᠠᠮ᠃ |