ᠯᠤᠬᠰᠢᠭᠤᠨ ᠰᠤᠳᠠᠯ ᠤᠨ ᠬᠠᠳᠠᠭᠤᠷᠠᠯ ᠪᠤᠯᠬᠤ ᠲᠦᠷᠪᠡᠨ ᠰᠢᠯᠳᠠᠭᠠᠨ
ᠨᠡᠶᠢᠲᠡᠯᠡᠭᠰᠡᠨ ᠴᠠᠭ᠄
2023/2/18
  ᠯᠤᠬᠰᠢᠭᠤᠨ ᠰᠤᠳᠠᠯ ᠤᠨ ᠬᠠᠳᠠᠭᠤᠷᠠᠯ ᠤᠨ ᠤᠯᠠᠩᠬᠢ ᠨᠢ ᠨᠠᠰᠤᠳᠡᠶᠢᠴᠤᠳ ᠲᠤ ᠨᠡᠷᠪᠡᠵᠤ ᠪᠠᠶᠢᠳᠠᠬ᠃ ᠯᠤᠬᠰᠢᠭᠤᠨ ᠰᠤᠳᠠᠯ ᠤᠨ ᠬᠠᠳᠠᠭᠤᠷᠠᠯ ᠨᠢ ᠡᠩ ᠤᠨ ᠪᠠᠶᠢᠳᠠᠯ ᠳᠤᠤᠷ᠎ᠠ ᠲᠦᠴᠢᠨ ᠨᠠᠰᠤᠨ ᠠᠴᠠ ᠳᠡᠭᠡᠭᠰᠢ ᠪᠤᠯᠪᠠᠯ ᠡᠬᠢᠯᠡᠨ ᠪᠦᠷᠢᠯᠳᠤᠨ᠎ᠠ᠃ ᠠᠵᠢᠬᠯᠠᠯᠳᠠ ᠪᠠᠷ ᠢᠯᠡᠷᠡᠬᠦᠯᠦᠭᠰᠡᠨ ᠨᠢ ᠯᠤᠬᠰᠢᠭᠤᠨ ᠰᠤᠳᠠᠯ ᠤᠨ ᠬᠠᠳᠠᠭᠤᠷᠠᠯ ᠨᠢ ᠵᠤᠬᠢᠬᠤ ᠬᠡᠮᠵᠢᠶ᠎ᠠ ᠪᠤᠯᠬᠤᠶ᠎ᠠ ᠬᠦᠮᠦᠨ ᠤ ᠨᠢᠳᠤ᠂ ᠴᠢᠬᠢ ᠵᠡᠷᠬᠡ ᠡᠷᠬᠡᠳᠡᠨ ᠳᠡᠭᠡᠷ᠎ᠠ ᠬᠡᠪ ᠤᠨ ᠪᠤᠰᠤ ᠬᠤᠪᠢᠷᠠᠯᠳᠠ ᠭᠠᠷᠤᠨ᠎ᠠ᠃ ᠡᠨᠡ ᠬᠦ ᠤᠨᠴᠠᠭᠠᠢ ᠳᠤᠬᠢᠶ᠎ᠠ ᠨᠢ ᠬᠦᠮᠦᠰ ᠲᠤ ᠰᠡᠷᠡᠮᠵᠢ ᠶᠢᠨ ᠳᠤᠬᠢᠶ᠎ᠠ ᠦᠭᠴᠤ ᠪᠠᠶᠢᠭ᠎ᠠ ᠶᠤᠮ᠃    ︵1︶ ᠡᠪᠡᠷᠯᠢᠭ ᠪᠦᠷᠬᠦᠪᠴᠢ ᠶᠢᠨ ᠬᠦᠭᠰᠢᠷᠡᠯ ᠤᠨ ᠴᠠᠭᠠᠷᠢᠭ᠄ ᠨᠢᠭᠡ ᠪᠦᠯᠦᠭ ᠢᠳᠡᠷᠴᠤᠳ ᠪᠤᠯᠤᠨ ᠨᠠᠰᠤᠳᠡᠶᠢᠴᠤᠳ ᠤᠨ ᠨᠢᠳᠤᠨ ᠤ ᠡᠪᠡᠷᠯᠢᠭ ᠪᠦᠷᠬᠦᠪᠴᠢ ᠶᠢᠨ ᠳᠤᠭᠤᠷᠢᠨ ᠳᠤ ᠬᠦᠷᠡᠩ ᠴᠠᠭᠠᠨ ᠦᠡᠭᠭᠡ ᠲᠠᠢ ᠴᠠᠭᠠᠷᠢᠬ ᠪᠦᠷᠢᠯᠳᠦᠭᠰᠡᠨ ᠪᠠᠶᠢᠳᠠᠭ᠃ ᠡᠬᠦᠨ ᠢ ᠡᠪᠡᠷᠯᠢᠭ ᠪᠦᠷᠬᠦᠪᠴᠢ ᠶᠢᠨ ᠬᠦᠭᠰᠢᠷᠡᠯ ᠤᠨ ᠴᠠᠭᠠᠷᠢᠬ ᠭᠡᠳᠡᠭ᠃ ᠬᠦᠭᠰᠢᠷᠡᠯ ᠤᠨ ᠴᠠᠭᠠᠷᠢᠬ ᠤᠨ ᠪᠦᠷᠢᠯᠳᠤᠬᠦ ᠨᠢ ᠳᠠᠷᠤᠢ ᠴᠢᠰᠤᠨ ᠰᠢᠩᠭᠡᠨ ᠳᠠᠬᠢ ᠰᠦᠰᠤᠨ ᠤ ᠠᠯᠺᠦᠤᠯ᠂ ᠹᠤᠰᠹᠦᠷᠳᠤ ᠦᠬᠡᠬᠦ᠂ ᠭᠯᠢᠼᠧᠷᠢᠨ ᠤ ᠭᠤᠷᠪᠠᠴᠢ ᠡᠰᠲ᠋ᠧᠷ ᠵᠡᠷᠭᠡ ᠦᠬᠡᠬᠦᠯᠢᠭ ᠡᠳ᠋ ᠨᠢᠳᠤᠨ ᠤ ᠡᠪᠡᠷᠯᠢᠭ ᠪᠦᠷᠬᠦᠪᠴᠢ ᠶᠢᠨ ᠳᠤᠭᠤᠷᠢᠨ ᠳᠤ ᠬᠡᠳᠤ ᠠᠷᠪᠢᠨ ᠬᠤᠷᠠᠵᠤ ᠳᠤᠨᠤᠬᠰᠠᠨ ᠠᠴᠠ ᠪᠤᠯᠤᠬᠰᠠᠨ ᠶᠤᠮ᠃ ᠬᠦᠭᠰᠢᠷᠡᠯ ᠤᠨ ᠴᠠᠭᠠᠷᠢᠬ ᠶᠡᠷᠤ ᠨᠢ ᠨᠢᠳᠤᠨ ᠤ ᠡᠪᠡᠷᠯᠢᠭ ᠪᠦᠷᠬᠦᠪᠴᠢ ᠶᠢᠨ ᠳᠤᠤᠷ᠎ᠠ ᠳᠠᠯ᠎ᠠ ᠪᠤᠶᠤ ᠳᠡᠬᠡᠷ ᠎ᠠ ᠳᠠᠯ ᠎ᠠ ᠠᠴᠠ ᠡᠬᠢᠯᠡᠨ ᠰᠠᠷᠠᠨ ᠬᠡᠯᠪᠡᠷᠢ ᠪᠠᠷ ᠪᠦᠷᠢᠯᠳᠤᠨ ᠵᠡᠬᠦᠨ ᠪᠠᠷᠠᠭᠤᠨ ᠳᠠᠯ᠎ᠠ ᠵᠦᠭ ᠰᠤᠨᠤᠵᠤ ᠰᠡᠬᠦᠯ ᠳᠤ ᠪᠠᠨ ᠪᠦᠷᠢᠨ ᠪᠦᠳᠤᠨ ᠴᠠᠭᠠᠷᠢᠬ ᠪᠤᠯᠵᠤ ᠪᠦᠷᠢᠯᠳᠤᠨ᠎ᠠ᠃   ︵2︶ ᠠᠨᠢᠰᠬ᠎ᠠ ᠶᠢᠨ ᠰᠢᠷ᠎ᠠ ᠪᠢᠯᠴᠠᠤ᠄ ᠵᠠᠷᠢᠮ ᠬᠦᠮᠦᠨ ᠤ ᠠᠨᠢᠰᠬ᠎ᠠ ᠶᠢᠨ ᠳᠤᠳᠤᠷ ᠳᠠᠯ᠎ᠠ ᠳᠠᠬᠢ ᠠᠷᠠᠰᠤᠨ ᠳᠡᠭᠡᠷ ᠎ᠠ ᠨᠢ ᠰᠢᠷ ᠎ᠠ ᠦᠡᠭᠭᠡ ᠲᠠᠢ ᠳᠤᠯᠪᠤ ᠭᠠᠷᠤᠬᠰᠠᠨ ᠪᠠᠶᠢᠳᠠᠬ᠃ ᠡᠬᠦᠨ ᠢ ᠠᠨᠠᠭᠠᠬᠤ ᠤᠬᠠᠭᠠᠨ ᠳᠡᠭᠡᠷ᠎ᠠ ᠠᠨᠢᠰᠬ᠎ᠠ ᠶᠢᠨ ᠰᠢᠷ ᠎ᠠ ᠪᠢᠯᠴᠠᠤ ︵ᠪᠡᠳᠡᠬᠢ︶ ᠭᠡᠳᠡᠭ᠃ ᠡᠨᠡ ᠬᠦ ᠰᠢᠷ ᠎ᠠ ᠪᠢᠯᠴᠠᠤ ᠪᠦᠷᠢᠯᠳᠤᠬᠦ ᠨᠢ ᠭᠤᠤᠯᠳᠠᠭᠤ ᠴᠢᠰᠤᠨ ᠤ ᠦᠬᠡᠬᠦ ᠢᠯᠡᠬᠦᠳᠡᠬᠦ ᠲᠠᠢ ᠬᠤᠯᠪᠤᠬᠳᠠᠯ ᠲᠠᠢ᠃ ᠡᠩ ᠤᠨ ᠪᠠᠶᠢᠳᠠᠯ ᠳᠤᠤᠷ᠎ᠠ ᠲᠦᠷᠦᠯ ᠤᠬᠰᠠᠭᠠᠨ ᠤ ᠴᠢᠨᠠᠷᠳᠡᠢ ᠰᠦᠰᠤᠨ ᠤ ᠠᠯᠺᠦᠤᠯ ᠬᠡᠳᠤ ᠦᠨᠳᠤᠷ ᠪᠠᠶᠢᠭ᠎ᠠ ᠡᠪᠡᠳᠴᠢᠳᠡᠨ ᠤ ᠠᠨᠢᠰᠬ᠎ᠠ ᠶᠢᠨ ᠰᠢᠷ᠎ᠠ ᠪᠢᠯᠴᠠᠤ ᠳᠤ ᠨᠡᠷᠪᠡᠭᠳᠡᠬᠦ ᠨᠢ ᠤᠯᠠᠨ ᠪᠠᠶᠢᠳᠠᠭ᠃ ᠡᠬᠦᠨ ᠤ ᠳᠤᠳᠤᠷ᠎ᠠ ᠢᠳᠡᠷ ᠨᠠᠰᠤᠨ ᠤ ᠠᠳᠤᠷᠢᠶ᠎ᠠ ᠲᠠᠢ ᠡᠮᠡᠭᠳᠡᠶᠢᠴᠤᠳ ᠤᠯᠠᠩᠭᠢ ᠳᠤᠭ᠎ᠠ ᠶᠢ ᠡᠵᠡᠯᠡᠨ᠎ᠠ᠃ ᠡᠶᠢᠮᠦᠷᠬᠦᠤ ᠰᠢᠷ᠎ᠠ ᠳᠤᠯᠪᠤ ᠰᠠᠶ᠋ᠢ ᠭᠠᠷᠬᠤ ᠳᠤ ᠪᠠᠨ ᠨᠠᠷᠢᠮᠤ ᠶᠢᠨ ᠮᠦᠬᠦᠯᠢᠭ ᠬᠢᠷᠢᠳᠡᠢ᠂ ᠠᠷᠠᠰᠤᠨ ᠳᠡᠬᠡᠬᠦᠷ ᠨᠢ ᠪᠠᠭ᠎ᠠ ᠯᠡ ᠳᠤᠪᠤᠶᠢᠵᠤ ᠭᠠᠷᠤᠨ᠎ᠠ᠂ ᠦᠬᠡᠬᠦ ᠨᠢ ᠨᠡᠯᠢᠶᠡᠳ ᠤᠳᠠᠭᠠᠨ ᠳᠡᠷᠡ ᠨᠢ ᠪᠦᠳᠤᠬᠦᠷᠡᠭᠡᠳ ᠬᠠᠮᠤᠬ ᠶᠡᠭᠡ ᠪᠤᠯᠬᠤ ᠦᠶᠡᠰ ᠪᠦᠬᠦ᠋ᠢᠯᠡ ᠨᠢᠳᠤᠨ ᠤᠬᠤᠷᠬᠠᠢ ᠶᠢ ᠡᠵᠡᠯᠡᠨ᠎ᠠ᠃ ᠡᠨᠡ ᠨᠢ ᠳᠠᠷᠤᠢ ᠯᠤᠬᠰᠢᠭᠤᠨ ᠰᠤᠳᠠᠯ ᠤᠨ ᠬᠠᠳᠠᠭᠤᠷᠠᠯ ᠪᠤᠯᠤᠬᠰᠠᠨ ᠢ ᠬᠠᠷᠠᠭᠤᠯᠵᠤ ᠪᠠᠶᠢᠨ᠎ᠠ᠃    ︵3︶ ᠳᠤᠳᠤᠷ ᠴᠢᠬᠢ ᠶᠢᠨ ᠳᠤᠰᠬᠠᠯ᠄ ᠯᠤᠬᠰᠢᠭᠤᠨ ᠰᠤᠳᠠᠯ ᠤᠨ ᠬᠠᠳᠠᠭᠤᠷᠠᠯ ᠠᠴᠠ ᠪᠤᠯᠵᠤ ᠴᠢᠰᠤ ᠳᠤᠳᠠᠬᠳᠠᠬᠤ ᠦᠶᠡᠰ᠂ ᠳᠤᠳᠤᠷ ᠴᠢᠬᠢ ᠳᠠᠷᠤᠢ ᠳᠤ ᠨᠢ ᠳᠤᠰᠬᠠᠯ ᠭᠠᠷᠴᠤ᠂ ᠴᠢᠬᠢ ᠱᠤᠤᠬᠢᠬᠤ᠂ ᠲᠦᠯᠡᠶᠢᠷᠡᠬᠦ ᠪᠤᠶᠤ ᠳᠤᠯᠤᠭᠠᠢ ᠡᠷᠬᠢᠬᠦ ᠵᠡᠷᠭᠡ ᠡᠪᠡᠳᠴᠢᠨ ᠤ ᠰᠢᠨᠵᠢ ᠳᠡᠮᠳᠡᠭ ᠢᠯᠡᠷᠡᠨ᠎ᠠ᠃ ᠡᠬᠦᠨ ᠤ ᠰᠢᠯᠳᠠᠭᠠᠨ ᠨᠢ ᠳᠠᠷᠤᠢ ᠳᠤᠳᠤᠷ ᠴᠢᠬᠢ ᠪᠤᠯᠤᠨ ᠳᠠᠷᠢᠬᠢᠨ ᠤ ᠨᠡᠬᠡᠳᠡᠰᠤ ᠬᠦᠴᠢᠯᠳᠦ᠋ᠷᠦᠭᠴᠢ ᠳᠤᠳᠠᠬᠳᠠᠬᠤ ᠶᠢ ᠳᠠᠭᠠᠭᠠᠬᠤ ᠦᠬᠡᠢ ᠮᠦᠷᠳᠡᠭᠡᠨ ᠵᠢᠷᠤᠬᠡᠨ ᠪᠤᠯᠴᠢᠩ ᠬᠦᠴᠢᠯᠳᠦ᠋ᠷᠦᠭᠴᠢ ᠳᠤᠳᠠᠬᠳᠠᠬᠤ ᠠᠴᠠ ᠢᠯᠡᠬᠦᠤ ᠳᠤᠰᠬᠠᠯ ᠲᠠᠢ ᠪᠠᠶᠢᠬᠤ ᠶᠢ ᠬᠠᠷᠠᠭᠤᠯᠵᠤ ᠪᠠᠶᠢᠨ᠎ᠠ᠃   ︵4︶ ᠯᠤᠬᠰᠢᠭᠤᠨ ᠰᠤᠳᠠᠯ ᠤᠨ ᠬᠠᠳᠠᠭᠤᠷᠠᠯ᠄ ᠡᠩ ᠳᠡᠷᠢᠬᠦᠨ ᠳᠤ ᠳᠤᠳᠤᠷ ᠴᠢᠬᠢᠨ ᠤ ᠡᠪᠡᠳᠴᠢᠨ ᠤ ᠰᠢᠨᠵᠢ ᠳᠡᠮᠳᠡᠭ ᠨᠢ ᠴᠢᠰᠤᠨ ᠤ ᠡᠷᠬᠢᠯᠳᠡ ᠶᠢᠨ ᠰᠢᠰᠲ᠋ᠧᠮ ᠢᠶᠠᠷ ᠳᠠᠮᠵᠢᠨ ᠢᠯᠡᠷᠡᠵᠤ ᠪᠠᠶᠢᠳᠠᠬ᠃ ᠡᠶᠢᠮᠤ ᠠᠴᠠ ᠪᠤᠰᠤᠳ ᠡᠯᠧᠮᠧᠨ᠋ᠲ ᠢ ᠦᠬᠡᠶᠢᠰᠭᠡᠭᠰᠡᠨ ᠤ ᠳᠠᠷᠠᠭ᠎ᠠ ᠡᠨᠡ ᠬᠦ ᠦᠵᠡᠭᠳᠡᠯ ᠢ ᠯᠤᠬᠰᠢᠭᠤᠨ ᠰᠤᠳᠠᠯ ᠤᠨ ᠬᠠᠳᠠᠭᠤᠷᠠᠯ ᠪᠤᠯᠤᠬᠰᠠᠨ ᠪᠤᠶᠤ ᠲᠢᠳᠢᠮ ᠵᠢᠷᠤᠬᠡᠨ ᠡᠪᠡᠳᠴᠢᠨ ᠪᠤᠯᠬᠤ ᠰᠤᠪᠢᠡᠭ ᠭᠡᠳᠡᠭ ᠢ ᠮᠡᠳᠡᠵᠤ ᠡᠷᠳᠡᠭᠡᠨ ᠪᠠᠶᠢᠴᠠᠭᠠᠯᠭᠠᠵᠤ ᠡᠮᠨᠡᠬᠦᠯᠬᠦ ᠴᠢᠬᠤᠯᠠᠳᠡᠢ᠃   ︵5︶ ᠴᠢᠬᠢᠨ ᠳᠡᠪᠢᠰᠭᠡᠷ ᠤᠨ ᠠᠳᠤᠷᠢᠶ᠎ᠠ᠄ ᠴᠢᠬᠢᠨ ᠳᠡᠪᠢᠰᠭᠡᠷ ᠪᠤᠯ ᠴᠢᠬᠢᠨ ᠤ ᠬᠠᠮᠤᠬ ᠠᠷᠪᠢᠨ ᠮᠢᠬ᠎ᠠ ᠲᠠᠢ ᠭᠡᠰᠡᠭ ᠪᠤᠯᠤᠨ᠎ᠠ᠃   ᠯᠤᠬᠰᠢᠭᠤᠨ ᠰᠤᠳᠠᠯ ᠤᠨ ᠬᠠᠳᠠᠭᠤᠷᠠᠯ ᠪᠤᠯᠤᠬᠰᠠᠨ ᠦᠶᠡᠰ ᠴᠢᠬᠢ ᠪᠠᠰᠠ ᠪᠤᠰᠤᠳ ᠨᠡᠭᠡᠳᠡᠰᠤ ᠲᠠᠢ ᠠᠳᠠᠯᠢᠬᠠᠨ ᠢᠶᠠᠷ ᠴᠢᠰᠤᠨ ᠰᠢᠩᠭᠡᠨ ᠤ ᠬᠠᠨᠭ᠍ᠭᠠᠯᠭ᠎ᠠ ᠨᠢ ᠪᠠᠭᠠᠰᠤᠨ᠎ᠠ᠃ ᠴᠢᠬᠢᠨ ᠳᠡᠪᠢᠰᠬᠡᠷ ᠨᠢ ᠴᠢᠬᠢᠨ ᠳᠡᠭᠡᠷᠡᠬᠢ ᠴᠢᠰᠤ ᠳᠤᠳᠠᠬᠳᠠᠬᠤ ᠬᠠᠮᠤᠬ ᠤᠨ ᠰᠡᠷᠭᠡᠭ ᠪᠠᠶᠢᠭ᠎ᠠ ᠭᠡᠰᠡᠭ ᠪᠤᠯᠬᠤᠷ ᠴᠢᠰᠤ ᠳᠤᠳᠠᠬᠳᠠᠪᠠᠯ ᠳᠠᠷᠤᠢ ᠠᠳᠤᠷᠢᠶ᠎ᠠ ᠤᠷᠤᠨ᠎ᠠ᠃ ᠴᠢᠬᠢᠨ ᠳᠡᠪᠢᠰᠭᠡᠷ ᠠᠳᠤᠷᠢᠶ᠎ᠠ ᠤᠷᠤᠪᠠᠯ ᠯᠤᠬᠰᠢᠭᠤᠨ ᠰᠤᠳᠠᠯ ᠤᠨ ᠬᠠᠳᠠᠭᠤᠷᠠᠯ ᠪᠤᠯᠤᠬᠰᠠᠨ ᠤᠨᠴᠠᠭᠠᠢ ᠳᠤᠬᠢᠶ᠎ᠠ ᠪᠤᠯᠤᠨ᠎ᠠ᠃   ᠡᠶᠢᠮᠤ ᠠᠴᠠ ᠳᠡᠭᠡᠷᠡᠬᠢ ᠲᠦᠷᠪᠡᠨ ᠵᠦᠢᠯ ᠤᠨ ᠡᠪᠡᠳᠴᠢᠨ ᠤ ᠰᠢᠨᠵᠢ ᠳᠡᠮᠳᠡᠭ ᠤᠨ ᠠᠯᠢ ᠨᠢᠬᠡ ᠨᠢ ᠢᠯᠡᠷᠡᠪᠡᠯ ᠰᠤᠨᠤᠷ ᠰᠡᠷᠡᠮᠵᠢ ᠲᠠᠢ ᠪᠠᠶᠢᠵᠤ᠂ ᠡᠷᠳᠡᠬᠡᠨ ᠡᠮᠨᠡᠬᠦᠯᠦᠨ ᠵᠠᠰᠠᠭᠤᠯᠬᠤ ᠠᠷᠭ᠎ᠠ ᠬᠡᠮᠵᠢᠶ᠎ᠠ ᠠᠪᠬᠤ ᠬᠡᠷᠡᠭᠳᠡᠢ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号