ᠶᠡᠭᠡ ᠳᠠᠷᠢᠬᠢᠨ ᠤ ᠦᠳᠡᠯᠬᠦ ᠶᠢ ᠬᠡᠷᠬᠢᠨ ᠰᠡᠷᠭᠡᠶᠢᠯᠡᠬᠦ ᠪᠤᠢ︖
ᠨᠡᠶᠢᠲᠡᠯᠡᠭᠰᠡᠨ ᠴᠠᠭ᠄
2023/3/20
  ᠬᠦᠮᠦᠨ ᠤ ᠶᠡᠭᠡ ᠳᠠᠷᠢᠬᠢ ᠨᠢ ᠦᠪᠡᠷ ᠤᠨ ᠡᠬᠦᠰᠤᠯ ᠬᠦᠭᠵᠢᠯ ᠤᠨ ᠪᠤᠳᠤᠯᠢᠶᠠᠨᠳᠤ ᠶᠠᠪᠤᠴᠠ ᠲᠠᠢ ᠪᠠᠶᠢᠳᠠᠬ᠃ ᠳᠡᠷᠡ ᠨᠢ ᠪᠡᠶ᠎ᠠ ᠶᠢᠨ ᠳᠤᠳᠤᠭᠠᠳᠤ ᠡᠷᠬᠡᠳᠡᠨ ᠤ ᠬᠡᠪ ᠤᠨ ᠠᠵᠢᠯᠯᠠᠭ᠎ᠠ᠂ ᠦᠬᠡ ᠬᠡᠯᠡ᠂ ᠰᠡᠳᠬᠢᠬᠦᠢ ᠶᠢᠨ ᠬᠦᠳᠡᠯᠬᠡᠬᠡᠨ᠂ ᠪᠦᠬᠦ ᠪᠡᠶ᠎ᠠ ᠶᠢᠨ ᠬᠦᠳᠡᠯᠦᠯ ᠪᠠᠷᠢᠯ ᠢ ᠴᠠᠬ ᠮᠦᠴᠡ ᠠᠯᠳᠠᠯ ᠦᠬᠡᠢ ᠵᠢᠯᠦᠭᠤᠳᠴᠤ ᠪᠠᠶᠢᠳᠠᠬ ᠲᠦᠢᠯ ᠤᠨ ᠪᠤᠳᠤᠯᠢᠶᠠᠨ ᠲᠠᠢ ᠮᠡᠳᠡᠷᠡᠯ ᠤᠨ ᠲᠦᠪ ᠮᠦᠨ᠃ ᠳᠡᠭᠡᠪᠡᠯ ᠪᠢᠳᠡ ᠶᠡᠭᠡ ᠳᠠᠷᠢᠬᠢ ᠪᠠᠨ ᠬᠡᠷᠬᠢᠨ ᠬᠠᠮᠠᠭᠠᠯᠠᠵᠤ᠂ ᠲᠦᠷᠬᠡᠨ ᠦᠳᠡᠯᠬᠦ ᠶᠢ ᠨᠢ ᠶᠠᠭᠠᠬᠢᠵᠤ ᠰᠡᠷᠭᠡᠶᠢᠯᠡᠬᠦ ᠪᠤᠢ︖   1᠂ ᠡᠳᠤᠷ ᠪᠦᠷᠢ ᠳᠤᠬᠳᠠᠮᠠᠯ ᠴᠠᠬ ᠭᠠᠷᠭᠠᠵᠤ ᠨᠤᠮ ᠤᠡᠭᠰᠢᠬᠤ ᠪᠤᠶᠤ ᠶᠠᠭᠤᠮ᠎ᠠ ᠪᠢᠴᠢᠬᠦ ᠡᠰᠡᠬᠦᠯ᠎ᠠ ᠺᠤᠮᠫᠢᠦ᠋ᠲᠧᠷ ᠪᠤᠯᠪᠠᠰᠤᠷᠠᠬᠤ ᠵᠡᠷᠭᠡ ᠠᠷᠭ᠎ᠠ ᠪᠠᠷ ᠳᠠᠷᠢᠬᠢ ᠳᠤᠯᠤᠭᠠᠢ ᠪᠠᠨ ᠬᠦᠳᠡᠯᠬᠡᠬᠦ ᠳᠤ ᠳᠤᠬᠢᠶᠠᠯ ᠤᠯᠭᠤᠨ᠎ᠠ᠃   2᠂ ᠨᠡᠶᠢᠬᠡᠮ ᠤᠨ ᠬᠦᠳᠡᠯᠬᠡᠬᠡᠨ ᠳᠤ ᠢᠯᠡᠬᠦᠬᠡᠨ ᠤᠷᠤᠯᠴᠠᠵᠤ ᠬᠦᠮᠦᠰ ᠤᠨ ᠬᠤᠭᠤᠷᠤᠨᠳᠤᠬᠢ ᠬᠠᠷᠢᠴᠠᠭ᠎ᠠ ᠪᠠᠨ ᠨᠡᠮᠡᠭᠳᠡᠬᠦᠯᠬᠦ ᠪᠠᠷ ᠳᠠᠮᠵᠢᠨ ᠭᠠᠳᠠᠭᠠᠳᠤ ᠤᠷᠴᠢᠨ ᠠᠴᠠ ᠵᠤᠬᠢᠬᠤ ᠬᠡᠮᠵᠢᠶᠡᠨ ᠤ ᠰᠡᠳᠡᠯᠳᠡ ᠤᠯᠵᠤ ᠳᠠᠷᠢᠬᠢ ᠪᠠᠨ ᠬᠦᠳᠡᠯᠬᠡᠬᠡᠨ ᠰᠡᠳᠬᠢᠨ ᠪᠤᠳᠤᠬᠤ ᠬᠡᠷᠡᠭᠳᠡᠢ᠃   3᠂ ᠤᠯᠠᠨ ᠳᠠᠯ᠎ᠠ ᠪᠠᠷ ᠳᠤᠷ᠎ᠠ ᠪᠠᠬ᠎ᠠ ᠶᠢ ᠪᠤᠢ ᠪᠤᠯᠭᠠᠬᠤ ᠠᠴᠠ ᠭᠠᠷᠳᠠᠬᠤ ᠬᠡᠷᠡᠭᠳᠡᠢ᠃ ᠳᠤᠬᠠᠢᠢᠯᠠᠪᠠᠯ ᠤᠳᠬ᠎ᠠ ᠤᠷᠠᠯᠢᠬ᠂ ᠪᠡᠶ᠎ᠠ ᠶᠢᠨ ᠳᠠᠮᠢᠷ ᠲᠤ ᠤᠷᠤᠯᠴᠠᠬᠤ ᠪᠠ ᠴᠡᠴᠡᠭ ᠬᠤᠸᠠᠷ ᠳᠠᠷᠢᠬᠤ ᠵᠡᠷᠭᠡ ᠪᠠᠬ᠎ᠠ ᠲᠠᠢ ᠠᠵᠢᠯᠯᠠᠭ᠎ᠠ ᠳᠤ ᠤᠷᠤᠯᠴᠠᠵᠤ ᠠᠭᠠᠵᠢᠮ ᠢᠶᠠᠷ ᠳᠤᠷ᠎ᠠ ᠪᠠᠬ᠎ᠠ ᠲᠠᠢ ᠪᠤᠯᠴᠢᠬᠠᠪᠠᠯ ᠶᠡᠭᠡ ᠳᠠᠷᠢᠬᠢᠨ ᠳᠤ ᠴᠠᠬ ᠢᠮᠠᠬᠳᠠ ᠳᠤᠬᠢᠷᠠᠭᠤᠯᠤᠯᠳᠠ ᠬᠢᠵᠤ ᠴᠢᠳᠠᠨ᠎ᠠ᠃   4᠂ ᠬᠠᠮᠤᠬ ᠰᠠᠶᠢᠨ ᠨᠢ ᠵᠠᠩ ᠠᠭᠠᠰᠢ ᠬᠦᠭᠵᠢᠬᠦᠨ ᠪᠠᠶᠠᠰᠦᠩᠭᠤᠢ ᠪᠠᠶᠢᠵᠤ ᠵᠤᠪᠠᠵᠤ ᠭᠤᠳᠤᠷᠠᠬᠤ ᠦᠬᠡᠢ᠂ ᠠᠭᠤᠷᠯᠠᠵᠤ ᠪᠤᠬᠢᠨᠢᠳᠤᠬᠤ ᠦᠬᠡᠢ ᠪᠠᠶᠢᠵᠤ᠂ ᠳᠠᠷᠢᠬᠢ ᠪᠠᠨ ᠢᠯᠡᠬᠦᠤ ᠬᠦᠳᠡᠯᠬᠡᠨ ᠳᠠᠷᠢᠬᠢᠨ ᠤ ᠴᠢᠳᠠᠪᠦᠷᠢ ᠶᠢ ᠨᠡᠮᠡᠭᠳᠡᠬᠦᠯᠬᠦ ᠶᠢ ᠪᠠᠷᠢᠮᠳᠠᠯᠠᠬᠤ ᠬᠡᠷᠡᠭᠳᠡᠢ᠃   5᠂ ᠭᠠᠷ ᠤᠨ ᠬᠤᠷᠤᠭᠤᠨ ᠤ ᠦᠵᠤᠬᠦᠷ᠂ ᠬᠤᠷᠤᠭᠤᠨ ᠤ ᠦᠨᠳᠡᠭᠡ᠂ ᠪᠠᠭᠤᠤ ᠵᠡᠷᠭᠡ ᠪᠠᠨ ᠦᠷᠬᠦᠯᠵᠢ ᠬᠦᠳᠡᠯᠬᠡᠬᠦ ᠶᠢ ᠠᠩᠬᠠᠷᠴᠤ ᠵᠢᠷᠤᠬ ᠵᠢᠷᠤᠬᠤ᠂ ᠦᠰᠦᠭ ᠪᠢᠴᠢᠬᠦ᠂ ᠬᠤᠪᠴᠠᠰᠤ ᠨᠡᠬᠡᠬᠦ᠂ ᠭᠡᠷ ᠤᠨ ᠬᠦᠳᠡᠯᠮᠦᠷᠢ ᠬᠢᠬᠦ ᠵᠡᠷᠬᠡ ᠨᠢ ᠴᠦᠮ ᠶᠡᠭᠡ ᠳᠠᠷᠢᠬᠢᠨ ᠳᠤ ᠰᠡᠳᠡᠯᠳᠡ ᠦᠭᠴᠤ᠂ ᠤᠶᠤᠨ ᠤ ᠬᠦᠳᠡᠯᠮᠦᠷᠢ ᠬᠢᠬᠦ ᠳᠠᠯ᠎ᠠ ᠪᠠᠷ ᠰᠠᠶᠢᠨ ᠪᠤᠯᠳᠠᠬ᠃   6᠂ ᠳᠤᠬᠳᠠᠬᠰᠠᠨ ᠴᠠᠬ ᠲᠤ ᠪᠠᠨ ᠤᠨᠳᠠᠬᠤ ᠪᠤᠯ ᠳᠠᠷᠢᠬᠢᠨ ᠤ ᠦᠳᠡᠯᠵᠤ ᠪᠢᠳᠠᠭᠤᠷᠠᠬᠤ ᠶᠢ ᠰᠡᠷᠭᠡᠶᠢᠯᠡᠬᠦ ᠴᠢᠬᠤᠯᠠ ᠵᠦᠢᠯ ᠪᠤᠯᠬᠤ ᠪᠦᠭᠡᠳ ᠪᠠᠰᠠ ᠳᠠᠷᠢᠬᠢᠨ ᠤ ᠶᠠᠳᠠᠷᠠᠭ᠎ᠠ ᠴᠢᠯᠡᠭᠡ ᠶᠢ ᠳᠠᠶᠢᠯᠬᠤ ᠬᠠᠮᠤᠬ ᠰᠠᠶᠢᠨ ᠠᠷᠭ᠎ᠠ ᠮᠦᠨ᠃ ᠡᠬᠦᠨ ᠤ ᠳᠤᠮᠳᠠ᠂ ᠪᠠᠭ᠎ᠠ ᠰᠤᠷᠭᠠᠭᠤᠯᠢ ᠶᠢᠨ ᠰᠤᠷᠤᠬᠴᠢ᠂ ᠪᠠᠭᠰᠢ ᠵᠡᠷᠭᠡ ᠤᠶᠤᠨ ᠤ ᠬᠦᠳᠡᠯᠮᠦᠷᠢ ᠬᠢᠳᠡᠭ ᠬᠦᠮᠤᠰ ᠦᠳᠡ ᠳᠤ ᠬᠠᠭᠠᠰ ᠴᠠᠬ ᠠᠴᠠ ᠨᠢᠬᠡ ᠴᠠᠬ ᠤᠷᠴᠢᠮ ᠤᠨᠳᠠᠪᠠᠯ ᠳᠠᠷᠢᠬᠢ ᠳᠤᠯᠤᠭᠠᠢ ᠰᠡᠷᠭᠡᠭᠵᠢᠵᠤ ᠠᠵᠢᠯᠯᠠᠬᠤ᠂ ᠰᠤᠷᠤᠯᠴᠠᠬᠤ ᠳᠤ ᠮᠠᠰᠢ ᠳᠤᠬᠢᠷᠠᠮᠵᠢᠳᠡᠢ ᠪᠠᠶᠢᠳᠠᠬ᠃   7᠂ ᠳᠠᠷᠢᠬᠢᠨ ᠤ ᠰᠢᠮ᠎ᠠ ᠳᠡᠵᠢᠬᠡᠯ ᠤᠨ ᠳᠡᠩᠴᠡᠬᠦᠷᠢ ᠶᠢ ᠦᠷᠬᠦᠯᠵᠢ ᠠᠩᠬᠠᠷᠴᠤ᠂ ᠸᠢᠲ᠋ᠠᠮᠢᠨ ᠤ ᠳᠠᠷᠢᠬᠢᠨ ᠤ ᠬᠦᠳᠡᠯᠬᠡᠬᠡᠨ ᠳᠤ ᠦᠵᠡᠬᠦᠯᠬᠦ ᠦᠢᠯᠡᠳᠤᠯ ᠨᠢ ᠳᠦᠢᠯ ᠤᠨ ᠴᠢᠬᠤᠯᠠ ᠭᠡᠳᠡᠭ ᠢ ᠮᠡᠳᠡᠵᠤ ᠠᠪᠬᠤ ᠴᠢᠬᠤᠯᠠᠳᠡᠢ᠃   ᠶᠡᠭᠡ ᠳᠠᠷᠢᠬᠢᠨ ᠤ ᠶᠠᠳᠠᠷᠠᠯ ᠢ ᠳᠠᠶᠢᠯᠬᠤ ᠤᠷᠠᠨ ᠠᠷᠭ᠎ᠠ   ᠤᠳᠠᠭᠠᠨ ᠴᠠᠬ ᠤᠨ ᠶᠠᠭᠠᠷᠠᠯᠳᠡᠢ ᠤᠶᠤᠨ ᠤ ᠬᠦᠳᠡᠯᠮᠦᠷᠢ ᠨᠢ ᠬᠦᠮᠦᠰ ᠤᠨ ᠳᠠᠷᠢᠬᠢ ᠳᠤᠯᠤᠭᠠᠢ ᠶᠢ ᠬᠦᠴᠤᠳᠡᠢ ᠨᠦᠯᠦᠬᠡᠯᠡᠵᠤ ᠶᠡᠭᠡ ᠳᠠᠷᠢᠬᠢᠨ ᠤ ᠶᠠᠳᠠᠷᠠᠯ ᠢ ᠪᠤᠢ ᠪᠤᠯᠭᠠᠳᠠᠬ᠃ ᠳᠡᠭᠡᠪᠡᠯ ᠡᠨᠡ ᠬᠦ ᠶᠠᠳᠠᠷᠠᠯ ᠢ ᠲᠦᠬᠦᠮ ᠠᠷᠭ᠎ᠠ ᠪᠠᠷ ᠬᠡᠷᠬᠢᠨ ᠳᠠᠶᠢᠯᠬᠤ ᠪᠤᠢ︖   1᠂ ᠰᠠᠭᠤᠬᠰᠠᠨ ᠪᠤᠶᠤ ᠵᠤᠬᠰᠤᠬᠰᠠᠨ ᠠᠯᠢ ᠨᠢᠬᠡᠨ ᠦᠶ᠎ᠠ ᠳᠤ ᠪᠦᠬᠦ ᠪᠡᠶ ᠎ᠠ ᠪᠠᠨ ᠰᠤᠯᠠ ᠳᠠᠯᠪᠢᠵᠤ ᠬᠤᠶᠠᠷ ᠨᠢᠳᠤ ᠪᠠᠨ ᠪᠠᠭ᠎ᠠ ᠯᠡ ᠠᠨᠢᠪᠬᠢᠨ᠎ᠠ᠃   2᠂ ᠠᠷᠪᠠᠨ ᠬᠤᠷᠤᠭᠤᠨ ᠤ ᠦᠵᠦᠬᠦᠷ ᠢᠶᠠᠷ ᠬᠡᠵᠢᠬᠡ ᠪᠠᠨ ᠠᠷᠤᠬᠰᠢ ᠨᠢ ᠰᠠᠮᠨᠠᠬᠤ ᠶᠠᠩᠵᠤᠳᠡᠢ ᠮᠠᠭᠠᠵᠢᠵᠤ᠂ ᠳᠤᠬᠤᠨ ᠤ ᠪᠠᠨ ᠬᠦᠷᠤᠰᠤ ᠶᠢ ᠠᠷᠪᠠᠨ ᠨᠠᠢᠮᠠ ᠤᠳᠠᠭ᠎ᠠ ᠢᠯᠪᠢᠭᠡᠳ ᠳᠤᠯᠤᠭᠠᠢ ᠪᠠᠨ ᠠᠯᠠᠭᠠᠳᠠᠨ᠎ᠠ᠃ ᠬᠤᠤᠰ ᠠᠯᠠᠭ᠎ᠠ ᠪᠠᠨ ᠬᠦᠨᠳᠡᠶᠢᠯᠡᠵᠤ ᠪᠠᠶᠢᠭᠠᠳ ᠳᠤᠯᠤᠭᠠᠢ ᠶᠢᠨ ᠡᠮᠤᠨ᠎ᠠ ᠭᠡᠰᠡᠭ ᠠᠴᠠ ᠨᠢ ᠬᠤᠶᠢᠰᠢ ᠪᠠᠨ ᠵᠢᠷᠭᠤᠭ᠎ᠠ ᠠᠴᠠ ᠳᠤᠯᠤᠭ᠎ᠠ ᠤᠳᠠᠭ᠎ᠠ ᠠᠯᠠᠭᠠᠳᠠᠬᠰᠠᠨ ᠤ ᠳᠠᠷᠠᠭ᠎ᠠ ᠳᠠᠬᠢᠨ ᠠᠷᠪᠠᠨ ᠨᠠᠢᠮᠠ ᠤᠳᠠᠭ᠎ᠠ ᠢᠯᠪᠢᠵᠤ᠂ ᠠᠯᠢ ᠭᠡᠰᠡᠭ ᠨᠢ ᠳᠠᠭᠠᠯᠠᠮᠵᠢ ᠦᠬᠡᠢ ᠪᠤᠯ ᠳᠡᠷᠡ ᠭᠡᠰᠡᠭ ᠢ ᠨᠢ ᠢᠯᠡᠬᠦᠤ ᠬᠡᠳᠤ ᠠᠯᠠᠭᠠᠳᠠᠬᠤ ᠪᠤᠶᠤ ᠬᠦᠴᠤᠳᠡᠢ ᠬᠡᠳᠤ ᠠᠯᠠᠭᠠᠳᠠᠨ᠎ᠠ᠃ ᠬᠤᠶᠠᠷ ᠭᠠᠷ ᠤᠨ ᠬᠤᠷᠤᠭᠤ ᠨᠤᠭᠤᠳ ᠤᠨ ᠢᠶᠠᠨ ᠰᠠᠯᠠᠭ᠎ᠠ ᠶᠢ ᠵᠦᠷᠢᠬᠦᠯᠡᠵᠤ ᠲᠠᠯᠪᠢᠬᠰᠠᠨ ᠤ ᠰᠡᠭᠦᠯᠡᠷ ᠠᠯᠠᠭ᠎ᠠ ᠪᠠᠨ ᠨᠡᠶᠢᠯᠡᠬᠦᠯᠦᠭᠡᠳ ᠠᠷᠤ ᠳᠤᠬᠤ ᠪᠠᠨ ᠭᠤᠷᠪᠠᠨ ᠮᠢᠨᠦ᠋ᠲ ᠳᠡᠪᠡᠷᠢᠨ᠎ᠠ᠃   3᠂ ᠳᠡᠭᠡᠷᠡᠬᠢ ᠬᠦᠳᠡᠯᠬᠡᠬᠡᠨ ᠨᠦᠭᠦᠳ ᠢ ᠬᠢᠬᠦ ᠦᠶᠡᠰ ︽ᠳᠠᠷᠢᠬᠢ ᠳᠤᠯᠤᠭᠠᠢ ᠶᠢ ᠡᠷᠡᠬᠦᠯ ᠰᠠᠷᠠᠭᠤᠯ ᠪᠤᠯᠭᠠᠬᠤ ᠳᠤᠬᠠᠢ︾ ᠤᠬᠢ ᠰᠠᠶᠢᠨ ᠪᠤᠳᠤᠯ ᠤᠨ ᠤᠬᠠᠮᠰᠠᠷ ᠪᠤᠶᠤ ᠪᠢᠰᠢᠯᠭᠠᠯ ᠲᠠᠢ ᠪᠠᠶᠢᠬᠤ ᠬᠡᠷᠡᠭᠳᠡᠢ᠃ ᠢᠡᠭᠭᠢᠪᠡᠯ ᠳᠠᠨ ᠤ ᠳᠠᠷᠢᠬᠢ ᠳᠤᠯᠤᠭᠠᠢ ᠰᠡᠳᠬᠢᠬᠦᠢ ᠴᠢᠨᠢ ᠠᠭᠱᠠᠨ ᠵᠠᠭᠤᠷ᠎ᠠ ᠰᠡᠷᠬᠦᠨ ᠰᠤᠷᠭᠤᠬᠵᠢᠵᠤ ᠢᠷᠡᠨ᠎ᠠ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号