ᠤᠯᠠᠮᠵᠢᠯᠠᠯᠳᠤ ᠵᠠᠩ ᠦᠢᠯᠡ —  ᠬᠦᠷᠵᠡᠩ ᠡᠰᠬᠡᠵᠦ ᠠᠷᠭᠠᠯ ᠬᠤᠷᠢᠶᠠᠬᠤ
ᠨᠡᠶᠢᠲᠡᠯᠡᠭᠰᠡᠨ ᠴᠠᠭ᠄
2023/11/10
   ᠲᠠᠶᠢᠹᠤᠰᠧ ᠨᠤᠳᠤᠭ ᠲᠤ ᠤᠢ ᠮᠤᠳᠤ ᠴᠤᠬᠠᠭ ᠪᠤᠯᠬᠤᠷ ᠭᠤᠤᠯᠳᠠᠭᠤ ᠠᠷᠭᠠᠯ ᠬᠤᠮᠤᠯ ᠬᠦᠷᠵᠡᠩ ᠳ᠋ᠠᠭ ᠢᠶᠠᠷ ᠲᠦᠯᠡᠰᠢ ᠪᠤᠯᠭᠠᠳᠠᠭ  ᠃  ᠬᠤᠨᠢ ᠢᠮᠠᠭᠠᠨ ᠤ ᠬᠤᠭ ᠬᠤᠷᠭᠤᠯ ᠡᠳᠦᠷ ᠤᠨ ᠤᠳᠠᠭᠠᠨ  ᠎ ᠳᠤ ᠲᠠᠭᠰᠢᠷᠠᠵᠤ ᠵᠤᠵᠠᠭᠠᠷᠠᠭᠰᠠᠨ ᠢ ᠬᠦᠷᠵᠡᠩ ᠬᠡᠵᠦ᠂ ᠨᠢᠮᠬᠡᠨ ᠰᠢᠭ ᠢ ᠨᠢ ᠳ᠋ᠠᠭ ᠬᠡᠨ᠎ᠡ᠃  ᠬᠦᠷᠵᠡᠩ ᠢ ᠪᠤᠯ ᠬᠦᠷᠵᠡ ᠪᠠᠷ ᠤᠯᠠᠯᠠᠨ ᠡᠰᠬᠡᠵᠦ  ᠂ ᠳ᠋ᠠᠭ ᠢ ᠪᠤᠯ ᠬᠦᠷᠵᠡ ᠪᠤᠶᠤ ᠲᠡᠮᠦᠷ ᠰᠠᠪᠠᠷ ᠢᠶᠠᠷ ᠬᠠᠭᠤᠯᠵᠤ  ᠠᠪᠤᠨ᠎ᠠ᠃  ᠬᠦᠷᠵᠡᠩ ᠳ᠋ᠠᠭ ᠨᠢ ᠪᠦᠷ ᠢᠯᠴᠢ ᠰᠠᠶᠢᠳᠠᠢ᠂ ᠨᠤᠴᠤᠬᠤ ᠳᠤ ᠲᠠᠭᠠᠭᠠᠴᠠ ᠲᠠᠢ᠂ ᠡᠪᠦᠯ ᠤᠨ ᠬᠦᠢᠳᠡᠨ ᠳᠤ ᠭᠡᠷᠡᠭᠯᠡᠬᠦ ᠰᠠᠶᠢᠨ ᠲᠦᠯᠡᠰᠢ ᠶᠤᠮ᠃  ᠠᠷᠭᠠᠯ ᠪᠤᠯ ᠬᠠᠳᠠᠭᠰᠠᠨ ᠦᠬᠡᠷ ᠤᠨ ᠪᠠᠭᠠᠰᠤ  ᠎ ᠶᠢ ᠬᠡᠯᠡᠵᠦ ᠪᠤᠢ᠃  ᠵᠤᠨ ᠤ ᠠᠷᠭᠠᠯ ᠢ ᠰᠢᠷ᠎ᠠ ᠠᠷᠭᠠᠯ  ᠂ ᠡᠪᠦᠯ ᠎ ᠤᠨ ᠠᠷᠭᠠᠯ ᠢ ᠬᠠᠷ᠎ᠠ ᠠᠷᠭᠠᠯ  ᠬᠡᠵᠦ᠂ ᠵᠢᠯ ᠦᠨᠵᠢᠭᠰᠡᠨ ᠢ ᠨᠢ ᠬᠦᠭᠡ ᠠᠷᠭᠠᠯ ᠬᠡᠳᠡᠭ᠃ ᠲᠠᠶᠢᠹᠤᠰᠧ ᠤᠨ ᠬᠢᠨ ᠠᠷᠭᠠᠯ ᠢᠶᠠᠨ ᠬᠦᠷᠵᠡᠩ ᠢᠶᠠᠷ ᠬᠠᠰᠢᠵᠤ ᠲᠠᠯᠠᠩᠨᠠᠭᠤᠯᠤᠨ ᠬᠤᠷᠢᠶᠠᠳᠠᠭ᠃ ᠡᠪᠦᠯ ᠤᠨ ᠴᠠᠭ ᠲᠤ ᠦᠬᠡᠷ ᠤᠨ ᠬᠦᠯᠳᠡᠬᠦᠰᠦ ᠪᠠᠨ ᠡᠳᠦᠷ ᠪᠦᠷᠢ ᠠᠷᠤᠭ ᠰᠠᠭᠰᠤ ᠪᠠᠷ ᠵᠦᠬᠡᠬᠡᠨ ᠬᠤᠷᠤᠭᠠᠨ ᠠᠴᠠ ᠪᠠᠨ ᠭᠠᠷᠭᠠᠵᠤ᠂ ᠪᠠᠭ᠎ᠠ ᠪᠠᠭ᠎ᠠ ᠎ ᠪᠠᠷ ᠠᠰᠠᠬᠠᠵᠤ ᠤᠪᠤᠭᠠᠯᠠᠨ᠎ᠠ  ︵ᠤᠳᠤ ᠪᠤᠯ ᠪᠦᠷ ᠵᠢᠳᠬᠦᠬᠦᠷ ᠲᠡᠷᠭᠡ ᠪᠤᠶᠤ ᠴᠠᠬᠢᠯᠭᠠᠨ ᠬᠦᠳᠡᠯᠬᠦᠷᠢᠳᠦ ᠲᠡᠷᠭᠡ ᠪᠠᠷ ᠵᠦᠬᠡᠬᠡᠬᠦ  ᠪᠤᠯᠵᠠᠢ︶᠃  ᠬᠠᠪᠤᠷ ᠤᠷᠤᠵᠤ ᠲᠡᠭᠷᠢ ᠲᠤᠯᠠᠭᠠᠷᠠᠨ ᠴᠠᠰᠤ ᠬᠠᠶᠢᠯᠤᠭᠠᠳ ᠠᠰᠬᠠᠭᠰᠠᠨ ᠦᠬᠡᠷ ᠤᠨ ᠪᠠᠭᠠᠰᠤ  ᠬᠠᠳᠠᠪᠠᠯ ᠠᠷᠭᠠᠯ ᠬᠤᠷᠢᠶᠠᠬᠤ ᠠᠵᠢᠯ ᠡᠬᠢᠯᠡᠨ᠎ᠡ᠃  ᠠᠷᠭᠠᠯ ᠬᠤᠷᠢᠶᠠᠬᠤ ᠳᠠᠭᠠᠨ ᠲᠡᠭᠰᠢ ᠦᠨᠳᠦᠷ ᠭᠠᠵᠠᠷ ᠎ ᠢ ᠰᠤᠩᠭᠤᠵᠤ  ᠂  ᠤᠷᠢᠳᠠᠪᠠᠷ ᠬᠠᠰᠢᠶᠠᠨ ᠤ ᠰᠠᠭᠤᠷᠢ ᠲᠠᠯᠪᠢᠨ᠎ᠠ᠃  ᠰᠠᠭᠤᠷᠢ ᠨᠢ ᠪᠤᠷᠤᠭᠠᠨ ᠤ ᠤᠰᠤᠨ ᠳᠤ ᠨᠤᠷᠤᠵᠤ  ᠤᠷᠤᠰᠤᠭᠠᠳ ᠬᠠᠰᠢᠶ᠎ᠠ ᠨᠤᠷᠠᠬᠤ ᠠᠴᠠ ᠰᠡᠷᠭᠡᠶᠢᠯᠡᠵᠦ᠂ ᠬᠠᠰᠢᠶᠠᠨ ᠤ ᠰᠠᠭᠤᠷᠢ ᠶᠢ ᠤᠯᠠᠩᠬᠢ ᠳᠠᠭᠠᠨ ᠴᠢᠯᠠᠭᠤ ᠪᠠᠷ ᠲᠠᠯᠪᠢᠳᠠᠭ᠃ ᠠᠷᠭᠠᠯ ᠤᠨ ᠬᠠᠰᠢᠶ᠎ᠠ ᠨᠢ ᠤᠷᠳᠤ ᠲᠦᠷᠪᠡᠯᠵᠢᠨ ᠬᠡᠯᠪᠡᠷᠢ ᠲᠠᠢ᠂ ᠲᠤᠭᠳᠠᠭᠰᠠᠨ ᠬᠡᠮᠵᠢᠶ᠎ᠡ ᠬᠡᠵᠦ ᠪᠠᠶᠢᠬᠤ ᠦᠬᠡᠢ᠂ ᠬᠤᠷᠢᠶᠠᠬᠤ ᠠᠷᠭᠠᠯ ᠤᠨ ᠢᠶᠠᠨ ᠪᠠᠶᠢᠳᠠᠯ ᠢ ᠦᠵᠡᠵᠦ ᠤᠷᠳᠤ ᠦᠷᠭᠡᠨ ᠦᠨᠳᠦᠷ ᠢ ᠲᠤᠭᠳᠠᠭᠠᠨ᠎ᠠ᠃  ᠬᠠᠰᠢᠶᠠᠨ ᠤ ᠬᠡᠮᠵᠢᠶ᠎ᠡ ᠪᠠᠷ ᠴᠢᠯᠠᠭᠤᠨ ᠰᠠᠭᠤᠷᠢ ᠪᠠᠨ ᠲᠡᠭᠰᠢ ᠰᠠᠶᠢᠬᠠᠨ  ᠵᠡᠷᠭᠡᠯᠡᠵᠦ ᠲᠠᠯᠪᠢᠭᠰᠠᠨ ᠎ ᠤ ᠲᠠᠷᠠᠭ᠎ᠠ᠂   ᠲᠦᠷᠪᠡᠯᠵᠢᠯᠡᠵᠦ ᠡᠰᠭᠡᠭᠰᠡᠨ ᠬᠦᠷᠵᠡᠩ  ᠎ ᠢᠶᠠᠷ ᠢᠶᠠᠨ ᠲᠤᠷᠤᠭᠰᠢ ᠠᠴᠠ ᠲᠡᠭᠡᠭᠰᠢ ᠲᠠᠪᠬᠤᠷᠯᠠᠨ ᠬᠠᠰᠢᠶ᠎ᠠ ᠲᠠᠯᠪᠢᠨ᠎ᠠ᠃ ᠡᠨᠡ ᠮᠡᠳᠦ ᠪᠠᠷ ᠬᠠᠰᠢᠶ᠎ᠠ ᠪᠠᠨ ᠲᠠᠯᠪᠢᠬᠤ ᠶᠢᠨ ᠲᠠᠭᠠᠤ ᠠᠷᠭᠠᠯ ᠢᠶᠠᠷ ᠢᠶᠠᠨ ᠬᠠᠰᠢᠶ᠎ᠠ ᠶᠢ  ᠲᠦᠬᠦᠷᠭᠡᠭᠰᠡᠭᠡᠷ ᠪᠠᠶᠢᠵᠤ᠂  ᠵᠤᠬᠢᠬᠤ ᠦᠨᠳᠦᠷ ᠤᠨ ᠬᠡᠮᠵᠢᠶ᠎ᠡ  ᠎ ᠳᠤ ᠬᠦᠷᠪᠡᠯ ᠬᠠᠰᠢᠶ᠎ᠠ ᠲᠠᠢ ᠠᠷᠭᠠᠯ ᠤᠨ ᠢᠶᠠᠨ ᠤᠷᠤᠢ ᠶᠢ ᠪᠦᠮᠪᠦᠷᠭᠡᠨ ᠬᠡᠯᠪᠡᠷᠢ ᠲᠠᠢ  ︵ ᠡᠮᠦᠨ᠎ᠡ ᠬᠤᠶᠢᠨ᠎ᠠ ᠠᠴᠠ ᠨᠢ ᠬᠠᠷᠠᠬᠤ ᠳᠤ ᠨᠤᠮᠤᠨ ᠬᠡᠯᠪᠡᠷᠢ ᠲᠠᠢ︶ ᠪᠤᠯᠭᠠᠵᠤ ᠦᠵᠡᠮᠦᠷᠢ ᠲᠠᠢ ᠰᠠᠶᠢᠬᠠᠨ ᠬᠤᠷᠢᠶᠠᠵᠤ ᠲᠠᠭᠤᠰᠬᠠᠨ᠎ᠠ᠃ ᠡᠬᠦᠨ ᠢ ︽ᠠᠷᠭᠠᠯ ᠨᠢᠷᠤᠭᠤᠯᠠᠬᠤ︾ ᠭᠡᠳᠡᠭ  ︵ᠨᠢᠷᠤᠭᠤ ᠭᠠᠷᠭᠠᠵᠤ ᠪᠠᠶᠢᠨ᠎ᠠ ᠭᠡᠰᠡᠨ ᠦᠬᠡ︶᠃ ᠠᠷᠭᠠᠯ ᠢᠶᠠᠨ ᠴᠡᠪᠡᠷ ᠴᠡᠮᠴᠡᠭᠡᠷ ᠬᠤᠷᠢᠶᠠᠵᠤ ᠪᠠᠷᠠᠭᠰᠠᠨ ᠤ ᠲᠠᠷᠠᠭ᠎ᠠ ᠂   ᠨᠤᠶᠢᠳᠠᠨ ᠦᠬᠡᠷ ᠤᠨ ᠪᠠᠭᠠᠰᠤ ᠶᠢ ᠤᠰᠤ ᠪᠠᠷ ᠰᠢᠩᠬᠡᠯᠡᠨ ᠵᠢᠭᠤᠷᠠᠵᠤ᠂  ᠲᠠᠯᠠᠩ  ᠎ ᠲᠠᠢ ᠠᠷᠭᠠᠯ ᠢᠶᠠᠨ  ᠭᠠᠳᠠᠨ᠎ᠠ ᠠᠴᠠ ᠨᠢ ᠬᠦᠯᠡᠶᠢᠳᠡᠯ᠎ᠡ ᠰᠠᠶᠢᠬᠠᠨ ᠰᠢᠪᠠᠵᠤ ᠲᠠᠯᠪᠢᠪᠠᠯ  ᠂  ᠬᠤᠷᠢᠶᠠᠭᠰᠠᠨ ᠠᠷᠭᠠᠯ ᠨᠢ ᠪᠤᠷᠤᠭᠠᠨ ᠳᠤ ᠨᠤᠷᠤᠬᠤ ᠦᠬᠡᠢ᠂ ᠰᠠᠯᠬᠢᠨ ᠳᠤ ᠬᠡᠶᠢᠰᠬᠦ ᠦᠬᠡᠢ ᠮᠦᠷᠳᠡᠭᠡᠨ ᠤᠯᠠᠮ ᠴᠡᠪᠡᠷ ᠰᠠᠶᠢᠬᠠᠨ ᠦᠵᠡᠭᠳᠡᠨ᠎ᠡ  ᠂  ᠶᠡᠷᠦᠨᠢ ᠠᠵᠢᠯᠴᠢ ᠠᠶᠢᠯ ᠪᠤᠯ ᠠᠷᠭᠠᠯ ᠢᠶᠠᠷ ᠢᠶᠠᠨ ᠲᠠᠨᠢᠭᠳᠠᠳᠠᠭ ᠪᠢᠯᠡ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号