ᠰᠦᠨ ᠤ ᠵᠦᠢᠯ ᠤᠨ ᠰᠢᠮ᠎ᠡ ᠲᠡᠵᠢᠭᠡᠯ
ᠨᠡᠶᠢᠲᠡᠯᠡᠭᠰᠡᠨ ᠴᠠᠭ᠄
2023/1/28
 ᠣᠭᠤᠷᠠᠭ᠄ ᠰᠠᠶ᠋ᠢᠬᠠᠨ ᠲᠦᠯᠯᠡᠭᠰᠡᠨ ᠭᠡᠭᠦᠥ᠂ ᠦᠨᠢᠶ᠎ᠡ᠂ ᠬᠤᠨᠢ ᠢᠮᠠᠭ᠎ᠠ ᠠᠴᠠ ᠰᠠᠭᠠᠬᠰᠠᠨ ᠥᠳᠬᠡᠨ ᠰᠢᠷ᠎ᠠ ᠣᠢᠩᠭᠡᠲᠠᠢ ᠠᠩᠬᠠᠨ ᠤ ᠰᠦ ᠪᠣᠯᠣᠨ᠎ᠠ᠃ ᠡᠭᠦᠨ ᠳᠤ ᠨᠢᠭᠡ ᠠᠴᠠ ᠬᠤᠶᠠᠷ ᠬᠤᠨᠤᠭ ᠤᠨ ᠲᠣᠳᠣᠷᠠᠬᠢ ᠣᠭᠤᠷᠠᠭ ᠢ ᠯᠠᠭ ᠣᠭᠤᠷᠠᠭ ᠭᠡᠵᠣ ᠭᠤᠷᠪᠡ ᠠᠴᠠ ᠲᠠᠪᠤ ᠬᠤᠨᠤᠭ ᠠᠴᠠ ᠲᠣᠳᠣᠷᠠᠬᠢ ᠣᠭᠤᠷᠠᠭ ᠢ ᠬᠡᠯᠡᠬᠡᠢ ᠣᠭᠤᠷᠠᠭ ᠭᠡᠳᠡᠭ᠃ ᠣᠭᠤᠷᠠᠭ ᠪᠣᠯ ᠠᠮᠲᠠᠯᠢᠭ ᠲᠡᠭᠰᠢ ᠴᠢᠨᠠᠷᠲᠠᠢ ᠪᠣᠯᠬᠤᠷ ᠬᠦᠮᠣᠨ ᠤ ᠪᠡᠶ᠎ᠡ ᠶᠢ ᠲᠠᠮᠢᠷᠵᠢᠭᠤᠯᠣᠨ ᠰᠢᠮᠡᠵᠢᠭᠦᠯᠵᠣ᠂ ᠪᠠᠳᠭᠠᠨ ᠢ ᠠᠷᠢᠯᠭᠠᠨ᠂ ᠰᠢᠩᠭᠡᠭᠡᠯᠲᠡ ᠶᠢ ᠰᠠᠶᠢᠵᠢᠷᠠᠭᠤᠯᠣᠨ ᠳᠣᠷᠠᠰᠢᠯ ᠢ ᠨᠡᠭᠡᠭᠡᠵᠣ᠂ ᠬᠤᠷᠭᠤᠰᠣ ᠶᠢ ᠵᠦᠭᠡᠯᠡᠷᠡᠭᠦᠯᠳᠡᠭ᠃    ᠭᠡᠭᠦᠣ ᠶᠢᠨ ᠰᠦ᠄ ᠮᠣᠩᠭᠤᠯᠴᠣᠳ ᠡᠷᠲᠡ ᠣᠵᠠᠭᠤᠷ ᠠᠴᠠ ᠭᠡᠭᠦᠣ ᠰᠠᠭᠠᠵᠣ ᠰᠦ ᠶᠢ ᠨᠢ ᠤᠤᠭᠤᠬᠤ ᠵᠠᠩᠰᠢᠯ ᠲᠠᠢ ᠶᠣᠮ᠃ ᠭᠡᠬᠦ ᠳᠤ ᠪᠠᠨ ᠣᠯᠠᠩᠭᠢ ᠭᠠᠵᠠᠷ ᠤᠨ ᠬᠢᠨ ᠵᠣᠨ᠂ ᠨᠠᠮᠣᠷ ᠬᠤᠶᠠᠷ ᠬᠤᠭᠤᠴᠠᠭ᠎ᠠ ᠬᠤᠪᠢᠶᠠᠵᠣ ᠰᠠᠭᠠᠳᠠᠭ᠃ ᠭᠡᠭᠦᠣ ᠶᠢᠨ ᠰᠦ ᠪᠣᠯ ᠠᠮᠲᠠᠯᠢᠭ ᠠᠮᠲᠠᠲᠠᠢ ᠲᠡᠭᠰᠢ ᠴᠢᠨᠠᠷ ᠲᠠᠢ ᠪᠣᠯᠬᠤᠷ᠂ ᠬᠡᠢ ᠶᠢ ᠲᠠᠷᠣᠵᠣ᠂ ᠰᠢᠷ᠎ᠠ ᠶᠢ ᠠᠷᠢᠯᠭᠠᠨ᠂ ᠰᠢᠩᠭᠡᠭᠡᠯᠲᠡ ᠶᠢ ᠰᠠᠶᠢᠵᠢᠷᠠᠭᠤᠯᠵᠣ᠂ ᠮᠠᠬᠠᠪᠣᠳ ᠢ ᠴᠢᠬᠢᠷᠠᠭᠵᠢᠭᠤᠯᠬᠤ ᠴᠢᠳᠠᠯ ᠲᠠᠢ ᠪᠦᠭᠡᠳ ᠭᠤᠣᠯᠳᠠᠭᠤ ᠦᠶ᠎ᠡ ᠭᠡᠰᠢᠭᠦᠨ ᠤ ᠬᠡᠢ᠂ ᠠᠭᠤᠰᠬᠢᠨ ᠰᠦᠷᠢᠶ᠎ᠡ ᠶᠢ ᠠᠨᠠᠭᠠᠵᠣ᠂ ᠮᠠᠬᠠᠪᠣᠳ ᠢ ᠲᠡᠭᠰᠢᠳᠬᠡᠨ᠂ ᠲᠠᠮᠢᠷ ᠲᠡᠩᠭᠡᠭᠡ ᠶᠢ ᠨᠡᠮᠡᠭᠳᠡᠭᠦᠯᠵᠦ᠂ ᠬᠤᠳᠣᠭᠤᠳᠣᠨ ᠤ ᠰᠢᠩᠭᠡᠭᠡᠯᠲᠡ ᠶᠢ ᠰᠠᠶᠢᠵᠢᠷᠠᠭᠤᠯᠳᠠᠭ᠃    ᠦᠨᠢᠶ᠎ᠡ ᠶᠢᠨ ᠰᠦ᠄ ᠴᠠᠭᠠᠨ ᠢᠳᠡᠭᠡᠨ ᠤ ᠭᠤᠣᠯᠯᠠᠬᠤ ᠪᠠᠶᠢᠷᠢ ᠶᠢ ᠡᠵᠡᠯᠡᠬᠦ ᠦᠨᠢᠶ᠎ᠡ ᠶᠢᠨ ᠰᠦ ᠪᠣᠯ ᠠᠮᠲᠠ ᠨᠢ ᠲᠡᠭᠦᠯᠳᠡᠷ ᠰᠢᠮ᠎ᠡ ᠨᠢ ᠲᠡᠭᠦᠰ ᠪᠣᠯᠬᠤᠷ᠂ ᠥᠷᠭᠡᠨ ᠬᠡᠷᠡᠭᠴᠡᠭᠡ ᠲᠠᠢ ᠪᠠᠶᠢᠳᠠᠭ᠃ ᠦᠨᠢᠶ᠎ᠡ ᠶᠢᠨ ᠰᠦ ᠪᠣᠯ ᠠᠮᠲᠠᠯᠢᠭ᠂ ᠲᠡᠭᠰᠢ ᠴᠢᠨᠠᠷᠲᠠᠢ ᠪᠣᠯᠬᠤᠷ᠂ ᠭᠤᠣᠯᠳᠠᠭᠤ ᠠᠭᠤᠰᠬᠢᠨ ᠤ ᠬᠡᠢ ᠬᠠᠯᠠᠭᠤᠨ᠂ ᠴᠤᠯᠥ ᠰᠠᠪᠠᠨ ᠤ ᠬᠠᠯᠠᠭᠤᠨ ᠢ ᠠᠷᠢᠯᠭᠠᠨ ᠂ ᠴᠢᠰᠣ ᠶᠢ ᠲᠦᠯᠣᠵᠢᠭᠦᠯᠵᠣ᠂ ᠲᠠᠮᠢᠷ ᠰᠦᠯᠳᠡ ᠶᠢ ᠨᠡᠮᠡᠭᠳᠡᠭᠦᠯᠦᠨ᠂ ᠰᠢᠩᠭᠡᠭᠡᠯᠲᠡ ᠶᠢ ᠰᠠᠶᠢᠵᠢᠷᠠᠭᠤᠯᠵᠣ ᠮᠠᠬᠠᠪᠤᠳ ᠢ ᠲᠡᠭᠰᠢᠳᠬᠡᠨ᠂ ᠪᠡᠶ᠎ᠡ ᠶᠢ ᠨᠢ ᠰᠢᠮᠡᠵᠢᠭᠦᠯᠵᠦ᠂ ᠭᠡᠳᠡᠰᠦ ᠶᠢ ᠥᠩᠭᠡᠷᠰᠢᠭᠦᠯᠦᠨ᠂ ᠰᠠᠭᠤᠯᠭᠠᠬᠤ ᠶᠢ ᠵᠣᠭᠰᠣᠭᠠᠳᠠᠭ᠃    ᠢᠩᠭᠡᠨ ᠰᠦ᠄ ᠮᠠᠨ ᠤ ᠣᠯᠣᠰ ᠤᠨ ᠵᠠᠷᠢᠮ ᠭᠠᠵᠠᠷ᠂ ᠵᠢᠱᠢᠶᠡᠯᠡᠪᠡᠯ ᠥᠪᠣᠷ ᠮᠣᠩᠭᠤᠯ ᠤᠨ ᠣᠷᠳᠣᠰ᠂ ᠠᠯᠠᠱᠨ ᠵᠡᠷᠭᠡ ᠨᠣᠲᠤᠭ ᠲᠤ ᠢᠩᠭᠡ ᠰᠠᠯᠭᠠᠬᠤ ᠵᠠᠩᠰᠢᠯ ᠲᠠᠢ᠃ ᠢᠩᠭᠡᠨ ᠰᠦ ᠪᠣᠯ ᠥᠳᠬᠡᠨ᠂ ᠰᠢᠮ᠎ᠡ ᠲᠡᠵᠢᠭᠡᠯ ᠲᠠᠢ ᠮᠦᠷᠳᠡᠭᠡᠨ ᠢᠯᠴᠢ ᠲᠠᠢ ᠪᠠᠶᠢᠳᠠᠭ ᠮᠦᠷᠳᠡᠭᠡᠨ ᠠᠮᠳᠠᠯᠢᠭ ᠪᠦᠯᠢᠶᠡᠨ ᠴᠢᠨᠠᠷᠲᠠᠢ ᠪᠣᠯᠬᠤᠷ᠂ ᠭᠤᠣᠯᠳᠠᠭᠤ ᠬᠡᠢ ᠬᠠᠯᠠᠭᠤᠨ ᠢᠶᠠᠷ ᠬᠡᠪᠡᠯᠢ ᠬᠦᠭᠡᠭᠡᠬᠦ᠂ ᠰᠣᠪᠠᠭ ᠬᠠᠪᠣᠩ᠂ ᠣᠰᠣᠨ ᠬᠠᠪᠣᠩ᠂ ᠠᠭᠤᠰᠬᠢᠨ ᠰᠦᠷᠢᠶ᠎ᠡ᠂ ᠬᠤᠰᠬᠢᠨᠠᠭ ᠤᠨ ᠬᠦᠪᠳᠣᠷᠣ ᠶᠢ ᠠᠨᠠᠭᠠᠵᠣ ᠬᠤᠳᠣᠭᠤᠳᠣᠨ ᠤ ᠰᠢᠩᠭᠡᠭᠡᠯᠲᠡ ᠶᠢ ᠰᠠᠶᠢᠵᠢᠷᠠᠭᠤᠯᠣᠨ᠂ ᠶᠠᠰᠣ ᠰᠢᠷᠪᠣᠰᠣ ᠶᠢ ᠴᠢᠩᠭᠠᠷᠠᠭᠤᠯᠳᠠᠭ᠃    ᠬᠤᠨᠢᠨ ᠰᠦ᠄ ᠵᠠᠷᠢᠮ ᠭᠠᠵᠠᠷ ᠤᠨ ᠬᠢᠨ ᠬᠤᠨᠢ ᠰᠠᠭᠠᠵᠣ ᠰᠦ ᠶᠢ ᠨᠢ ᠤᠤᠭᠤᠳᠠᠬ᠃ ᠬᠤᠨᠢᠨ ᠰᠦ ᠪᠣᠯ ᠠᠮᠲᠠᠯᠢᠭ ᠪᠦᠭᠡᠳ ᠪᠦᠯᠢᠶᠡᠨ ᠴᠢᠨᠠᠷᠲᠠᠢ ᠪᠣᠯᠬᠤᠷ ᠭᠤᠣᠯᠳᠠᠭᠤ ᠬᠡᠢ ᠶᠢ ᠲᠠᠷᠣᠵᠣ᠂ ᠲᠣᠰᠣᠯ᠂ ᠴᠢᠰᠣ ᠶᠢ ᠲᠦᠯᠣᠵᠢᠭᠦᠯᠦᠨ᠂ ᠲᠠᠮᠢᠷ ᠲᠡᠩᠭᠡᠭᠡ ᠶᠢ ᠰᠠᠶᠢᠵᠢᠷᠠᠭᠤᠯᠵᠣ᠂ ᠠᠷᠬᠠᠭ ᠬᠠᠭᠤᠴᠢᠨ ᠢ ᠠᠷᠢᠯᠭᠠᠭᠠᠳ ᠪᠡᠶ᠎ᠡ ᠶᠢ ᠴᠢᠬᠢᠷᠠᠬᠵᠢᠭᠤᠯᠳᠠᠬ᠃    ᠢᠮᠠᠭᠠᠨ ᠰᠦ᠄ ᠢᠮᠠᠭᠠᠨ ᠰᠦ ᠪᠣᠯ ᠬᠤᠨᠢᠨ ᠰᠦ ᠲᠠᠢ ᠠᠳᠠᠯᠢ ᠦᠭᠡᠢ᠂ ᠰᠢᠩᠭᠡᠨ ᠴᠡᠩᠭᠡᠷ ᠥᠩᠭᠡᠲᠠᠢ᠂ ᠲᠣᠰᠣᠯᠢᠭ ᠤᠨ ᠬᠡᠮᠵᠢᠶ᠎ᠡ ᠨᠢ ᠪᠠᠭ᠎ᠠ ᠪᠠᠶᠢᠳᠠᠭ᠃ ᠢᠮᠠᠭᠠᠨ ᠰᠦ ᠪᠣᠯ ᠠᠮᠲᠠᠯᠢᠭ ᠰᠡᠷᠢᠭᠦᠨ ᠴᠢᠨᠠᠷᠲᠠᠢ ᠪᠣᠯᠬᠤᠷ ᠭᠤᠣᠯᠳᠠᠭᠤ ᠴᠢᠰᠣ ᠰᠢᠷ᠎ᠠ ᠶᠢᠨ ᠬᠠᠯᠠᠭᠤᠨ ᠢ ᠠᠷᠢᠯᠭᠠᠵᠣ᠂ ᠠᠮᠢᠰᠬᠤᠯ ᠢ ᠠᠭᠤᠵᠢᠷᠠᠭᠤᠯᠣᠨ᠂ ᠣᠮᠳᠠᠭᠠᠰᠬᠤ ᠶᠢ ᠵᠣᠭᠰᠣᠭᠠᠵᠣ᠂ ᠬᠢᠵᠢᠭ ᠢ ᠠᠨᠠᠭᠠᠵᠣ᠂ ᠪᠡᠶ᠎ᠡ ᠶᠢ ᠰᠢᠮᠡᠵᠢᠭᠦᠯᠵᠣ ᠳᠠᠮᠢᠷᠵᠢᠭᠤᠯᠳᠠᠬ᠃    
 
ᠢᠷᠡᠯᠲᠡ᠄ ︽ᠡᠷᠡᠬᠦᠯ ᠠᠮᠢᠳᠤᠷᠠᠬᠤ ᠶᠢᠨ ᠡᠷᠬᠢᠮ ᠳᠡᠭᠡᠵᠢ ᠡᠷᠳᠡᠨᠢ ᠰᠤᠪᠤᠳ ᠤᠨ ᠭᠡᠯᠬᠢᠶ᠎ᠡ ᠤᠷᠤᠰᠢᠪᠠᠢ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号