ᠬᠠᠷᠰᠢᠮᠠᠳᠠᠭᠠᠢ ᠴᠢᠨᠠᠷᠳᠡᠢ ᠬᠠᠮᠠᠷ ᠤᠨ ᠦᠷᠪᠢᠰᠤᠯ ᠢ ᠪᠦᠳᠤᠮᠵᠢᠳᠡᠢ ᠰᠡᠷᠭᠡᠶᠢᠯᠡᠬᠦ ᠶᠢᠨ ᠵᠠᠩᠭᠢᠯᠠᠭ᠎ᠠ ᠨᠢ ᠪᠤᠯ ᠁
ᠨᠡᠶᠢᠲᠡᠯᠡᠭᠰᠡᠨ ᠴᠠᠭ᠄
2023/1/20
   ᠤᠯᠠᠷᠢᠯ ᠰᠤᠯᠢᠬᠳᠠᠬᠤ ᠦᠶ᠎ᠠ ᠪᠤᠯ ᠬᠠᠷᠰᠢᠮᠠᠳᠠᠭᠠᠢ ᠴᠢᠨᠠᠷᠳᠡᠢ ᠬᠠᠮᠠᠷ ᠤᠨ ᠦᠷᠪᠢᠰᠤᠯ ᠤᠨ ᠤᠯᠠᠨ ᠡᠬᠦᠰᠬᠦ ᠬᠤᠭᠤᠴᠠᠭ᠎ᠠ ᠪᠤᠯᠤᠨ᠎ᠠ᠃ ᠬᠠᠮᠠᠷ ᠢᠶᠠᠨ ᠨᠢᠰᠤ ᠲᠠᠢ ᠭᠡᠳ ᠬᠠᠮᠢᠭᠠᠰᠢ ᠪᠠᠨ ᠬᠠᠶᠠᠬᠤᠪ︖ ᠳᠡᠰᠳᠡᠭ ᠯᠡ ᠬᠡᠷᠡᠭ᠂ ᠬᠠᠷᠢᠨ ᠬᠡᠷᠬᠢᠨ ᠪᠦᠳᠤᠮᠵᠢᠳᠡᠢ ᠰᠡᠷᠭᠡᠶᠢᠯᠡᠬᠦ ᠪᠤᠢ ᠭᠡᠳᠡᠭ ᠨᠢ ᠤᠯᠠᠨ ᠤ ᠬᠠᠮᠤᠭ ᠠᠴᠠ ᠢᠯᠡᠬᠦᠤ ᠠᠩᠬᠠᠷᠴᠤ ᠪᠠᠶᠢᠭ᠎ᠠ ᠠᠰᠠᠭᠤᠳᠠᠯ ᠪᠤᠯᠵᠡᠢ᠃   2021 ᠤᠨ ᠤ 8 ᠰᠠᠷ᠎ᠠ ᠶᠢᠨ 9 ᠠᠴᠠ 15 ᠤ ᠡᠳᠤᠷ ᠪᠤᠯᠳᠠᠯ᠎ᠠ ᠪᠤᠯ ᠮᠠᠨ ᠤ ᠤᠯᠤᠰ ᠤᠨ ᠵᠢᠷᠭᠤᠭᠠᠳᠡᠬᠢ ︽ᠳᠤᠮᠳᠠᠳᠤ ᠤᠯᠤᠰ ᠤᠨ ᠬᠠᠷᠰᠢᠮᠠᠳᠠᠭᠠᠢ ᠡᠪᠡᠳᠴᠢᠨ ᠢ ᠰᠡᠷᠭᠡᠶᠢᠯᠡᠨ ᠵᠠᠰᠠᠬᠤ ᠭᠠᠷᠠᠬ︾ ᠪᠤᠯᠤᠨ᠎ᠠ᠃ ᠡᠨᠡ ᠵᠢᠯ ᠤᠨ ᠭᠤᠤᠯ ᠰᠡᠳᠤᠪ ᠪᠤᠯ ︽ᠡᠷᠡᠬᠦᠯ ᠡᠩᠭᠡ ᠳᠤᠮᠳᠠᠳᠤ ᠤᠯᠤᠰ ᠤᠨ ᠠᠵᠢᠯᠯᠠᠭ᠎ᠠ᠂ ᠬᠦᠨᠳᠤ ᠨᠤᠴᠢᠳᠡᠢ ᠬᠠᠷᠰᠢᠮᠠᠳᠠᠭᠠᠢ ᠤᠷᠪᠠᠯ ᠢ ᠰᠡᠷᠭᠡᠶᠢᠯᠡᠨ ᠵᠠᠰᠠᠶ᠎ᠠ︾᠃ ᠬᠠᠮᠢᠶ᠎ᠠ ᠪᠦᠬᠦᠢ ᠮᠡᠷᠭᠡᠵᠢᠯᠳᠡᠨ ᠤ ᠢᠯᠡᠷᠭᠡᠶᠢᠯᠡᠭᠰᠡᠨ ᠢᠶᠠᠷ᠂ ᠬᠦᠨᠳᠤ ᠨᠤᠴᠢᠳᠡᠢ ᠬᠠᠷᠰᠢᠮᠠᠳᠠᠭᠠᠢ ᠤᠷᠪᠠᠯ ᠨᠢ ᠠᠮᠢ ᠨᠠᠰᠤ ᠶᠢ ᠰᠦᠷᠳᠡᠭᠦᠯᠵᠤ ᠮᠡᠳᠡᠨ᠎ᠠ᠂ ᠬᠦᠮᠦᠨ ᠨᠢᠭᠡᠪᠦᠷᠢ ᠴᠦᠮ ᠬᠦᠨᠳᠤ ᠨᠤᠴᠢᠳᠡᠢ ᠬᠠᠷᠰᠢᠮᠠᠳᠠᠭᠠᠢ ᠤᠷᠪᠠᠯ ᠤᠨ ᠲᠦᠷᠭᠡᠨ ᠠᠪᠤᠷᠠᠬᠤ ᠮᠡᠳᠡᠯᠬᠡ ᠶᠢ ᠤᠢᠢᠯᠠᠭᠠᠬᠤ ᠬᠡᠷᠡᠭᠳᠡᠢ ᠭᠡᠪᠡ᠃  ᠭᠤᠤᠯ ᠢᠯᠡᠷᠡᠯ   ᠬᠡᠨᠡᠳᠳᠡ ᠶᠢᠨ ᠪᠠ ᠳᠠᠬᠢᠨ ᠳᠠᠪᠳᠠᠨ ᠬᠦᠳᠡᠯᠬᠦ ᠬᠠᠮᠠᠷ ᠪᠦᠭᠯᠡᠷᠡᠬᠦ᠂ ᠬᠠᠮᠠᠷ ᠵᠠᠭᠠᠳᠤᠨᠠᠬᠤ᠂ ᠨᠠᠶᠢᠳᠠᠭᠠᠬᠤ᠂ ᠨᠢᠰᠤ ᠭᠤᠭᠤᠵᠢᠬᠤ ᠵᠡᠷᠭᠡ ᠢᠯᠡᠷᠡᠯ ᠪᠠᠶᠢᠳᠠᠬ᠃  ᠲᠦᠷᠦᠯ ᠵᠦᠢᠯ   ᠬᠠᠷᠰᠢᠮᠠᠳᠠᠭᠠᠢ ᠴᠢᠨᠠᠷᠳᠡᠢ ᠬᠠᠮᠠᠷ ᠤᠨ ᠦᠷᠪᠢᠰᠤᠯ ᠤᠨ ᠡᠮᠴᠢᠯᠡᠭᠡᠨ ᠤ ᠢᠯᠡᠷᠡᠯ ᠨᠢ ᠤᠯᠠᠷᠢᠯ ᠢ ᠳᠠᠭᠠᠵᠤ ᠬᠤᠪᠢᠷᠠᠳᠠᠬ ᠡᠰᠡᠬᠦ ᠶᠢ ᠦᠨᠳᠤᠰᠤᠯᠡᠵᠤ᠂ ᠦᠷᠬᠦᠯᠵᠢ ᠶᠢᠨ ᠴᠢᠨᠠᠷᠳᠡᠢ ᠬᠠᠷᠰᠢᠮᠠᠳᠠᠭᠠᠢ ᠴᠢᠨᠠᠷᠳᠡᠢ ᠬᠠᠮᠠᠷ ᠤᠨ ᠦᠷᠪᠢᠰᠤᠯ ᠪᠠ ᠤᠯᠠᠷᠢᠯ ᠤᠨ ᠴᠢᠨᠠᠷᠳᠡᠢ ᠬᠠᠷᠰᠢᠮᠠᠳᠠᠭᠠᠢ ᠴᠢᠨᠠᠷᠳᠡᠢ ᠬᠠᠮᠠᠷ ᠤᠨ ᠦᠷᠪᠢᠰᠤᠯ ᠭᠡᠵᠤ ᠬᠤᠪᠢᠶᠠᠳᠠᠬ᠃   ᠡᠬᠦᠰᠬᠦ ᠴᠠᠬ   ᠦᠷᠬᠦᠯᠵᠢ ᠶᠢᠨ ᠴᠢᠨᠠᠷᠳᠡᠢ ᠬᠠᠷᠰᠢᠮᠠᠳᠠᠭᠠᠢ ᠴᠢᠨᠠᠷᠳᠡᠢ ᠬᠠᠮᠠᠷ ᠤᠨ ᠦᠷᠪᠢᠰᠤᠯ ᠨᠢ ᠵᠢᠯ ᠤᠨ ᠲᠦᠷᠪᠡᠨ ᠤᠯᠠᠷᠢᠯ ᠳᠤ ᠪᠦᠷ ᠡᠪᠡᠳᠴᠢᠨ ᠤ ᠢᠯᠡᠷᠡᠯ ᠲᠠᠢ᠃ ᠤᠯᠠᠷᠢᠯ ᠤᠨ ᠴᠢᠨᠠᠷᠳᠡᠢ ᠬᠠᠷᠰᠢᠮᠠᠳᠠᠭᠠᠢ ᠴᠢᠨᠠᠷᠳᠡᠢ ᠬᠠᠮᠠᠷ ᠤᠨ ᠦᠷᠪᠢᠰᠤᠯ ᠨᠢ ᠤᠯᠠᠷᠢᠯ ᠤᠨ ᠴᠢᠨᠠᠷᠳᠡᠢ ᠡᠬᠦᠰᠴᠤ᠂ ᠤᠯᠠᠩᠭᠢ ᠨᠢ ᠬᠠᠪᠤᠷ᠂ ᠨᠠᠮᠤᠷ ᠤᠨ ᠤᠯᠠᠷᠢᠯ ᠳᠤ ᠡᠬᠦᠰᠳᠡᠭ᠂ ᠡᠪᠡᠳᠴᠢᠯᠡᠬᠦ ᠦᠶ᠎ᠠ ᠳᠤ ᠦᠳᠳᠡᠷ ᠲᠦᠷᠭᠡᠨ ᠡᠪᠡᠳᠴᠢᠨ ᠤ ᠢᠯᠡᠷᠡᠯ ᠭᠠᠷᠳᠠᠬ᠂ ᠬᠡᠳᠤᠨ ᠴᠠᠬ᠂ ᠬᠡᠳᠤᠨ ᠡᠳᠤᠷ ᠠᠴᠠ ᠬᠡᠳᠤᠨ ᠭᠠᠷᠠᠬ ᠠᠳᠠᠯᠢ ᠪᠤᠰᠤ ᠦᠷᠬᠦᠯᠵᠢᠯᠡᠵᠤ᠂ ᠬᠦᠳᠡᠯᠬᠦ ᠪᠠ ᠵᠠᠪᠰᠠᠷᠯᠠᠬᠤ ᠬᠤᠭᠤᠴᠠᠭ᠎ᠠ ᠨᠢ ᠪᠦᠷᠢᠮᠤᠰᠤᠨ ᠬᠡᠪ ᠤᠨ ᠪᠠᠶᠢᠳᠠᠬ᠃  ᠡᠬᠦᠰᠦᠭᠰᠡᠨ ᠰᠢᠯᠳᠠᠭᠠᠨ   ᠬᠠᠷᠰᠢᠮᠠᠳᠠᠭᠠᠢ ᠴᠢᠨᠠᠷᠳᠡᠢ ᠬᠠᠮᠠᠷ ᠤᠨ ᠦᠷᠪᠢᠰᠤᠯ ᠡᠬᠦᠰᠬᠦ ᠶᠢᠨ ᠰᠢᠯᠳᠠᠭᠠᠨ ᠨᠢ ᠡᠬᠡᠯᠢᠯᠡᠭᠡ ᠶᠢᠨ ᠴᠢᠳᠠᠪᠦᠷᠢ ᠠᠨᠠᠢ ᠠᠴᠠ ᠪᠤᠯᠤᠬᠰᠠᠨ ᠪᠢᠰᠢ᠂ ᠬᠠᠷᠢᠨ ᠪᠡᠶ᠎ᠠ ᠮᠠᠬᠠᠪᠤᠳ ᠤᠨ ᠡᠬᠡᠯᠢᠯᠡᠭᠡ ᠶᠢᠨ ᠢᠯᠭᠠᠨ ᠳᠠᠨᠢᠬᠤ  ᠰᠢᠰᠲ᠋ᠧᠮ ᠳᠤ ᠠᠰᠠᠭᠤᠳᠠᠯ ᠭᠠᠷᠴᠤ᠂ ᠬᠤᠤᠷ ᠦᠬᠡᠢ ᠬᠠᠷᠠᠯᠳᠠ ᠶᠢ ᠬᠤᠤᠷ ᠲᠠᠢ ᠭᠡᠵᠤ ᠦᠵᠡᠭᠡᠳ ᠡᠰᠡᠷᠬᠦᠴᠡᠬᠦ ᠶᠠᠪᠤᠴᠠ ᠳᠤ ᠪᠠᠨ ᠵᠠᠷᠢᠮ ᠭᠠᠵᠢᠭᠤ ᠤᠷᠪᠠᠯ ᠭᠠᠷᠳᠠᠬ᠂ ᠵᠢᠱᠢᠶᠡᠯᠡᠪᠡᠯ ᠨᠠᠶᠢᠳᠠᠭᠠᠬᠤ᠂ ᠬᠠᠮᠠᠷ ᠪᠦᠭᠯᠡᠷᠡᠬᠦ ᠵᠡᠷᠭᠡ ᠨᠢ ᠬᠠᠷᠰᠢᠮᠠᠳᠠᠭᠠᠢ ᠴᠢᠨᠠᠷᠳᠡᠢ ᠬᠠᠮᠠᠷ ᠤᠨ ᠦᠷᠪᠢᠰᠤᠯ ᠪᠤᠯᠵᠤ ᠬᠤᠪᠢᠷᠠᠳᠠᠬ᠃   ᠤᠷᠢᠳᠴᠢᠯᠠᠨ ᠰᠡᠷᠭᠡᠶᠢᠯᠡᠬᠦ ᠠᠷᠭ᠎ᠠ   ᠤᠯᠠᠷᠢᠯ ᠤᠨ ᠴᠢᠨᠠᠷᠳᠡᠢ ᠬᠠᠷᠰᠢᠮᠠᠳᠠᠭᠠᠢ ᠴᠢᠨᠠᠷᠳᠡᠢ ᠬᠠᠮᠠᠷ ᠤᠨ ᠦᠷᠪᠢᠰᠤᠯ ᠢ ᠬᠠᠷᠰᠢᠮᠠᠳᠠᠭᠠᠢ ᠬᠤᠭᠤᠴᠠᠭ᠎ᠠ ᠪᠤᠯᠬᠤ ᠠᠴᠠ ᠡᠮᠤᠨ᠎ᠠ ᠬᠡᠳᠤᠨ ᠡᠳᠤᠷ ᠠᠴᠠ ᠡᠬᠢᠯᠡᠨ ᠨᠡᠭᠡᠳᠡᠰᠤ ᠶᠢᠨ ᠠᠮᠢᠨ ᠢ ᠡᠰᠡᠷᠭᠦᠴᠡᠬᠦ ᠡᠮ᠂ ᠬᠠᠮᠠᠷ ᠤᠨ ᠰᠦᠷᠴᠢᠮᠡᠯ ᠬᠤᠷᠮᠤᠨ ᠢ ᠬᠡᠷᠡᠭᠯᠡᠪᠡᠯ ᠡᠪᠡᠳᠴᠢᠨ ᠡᠬᠦᠰᠬᠦ ᠶᠢ ᠰᠡᠷᠭᠡᠶᠢᠯᠡᠬᠦ ᠦᠢᠯᠡᠳᠤᠯ ᠲᠠᠢ ᠶᠤᠮ᠃   ᠳᠤᠯᠠᠭᠠᠨ ᠤ ᠬᠤᠪᠢᠷᠠᠯᠳᠠ ᠨᠢ ᠬᠠᠮᠠᠷ ᠤᠨ ᠬᠦᠨᠳᠡᠢ ᠳᠤ ᠰᠡᠳᠤᠯᠳᠡ ᠦᠭᠪᠡᠯ ᠴᠠᠬ ᠳᠤᠬᠠᠢ ᠳᠤ ᠨᠢ ᠬᠠᠯᠠᠭᠤᠨ ᠬᠦᠢᠳᠡᠨ ᠢᠶᠠᠨ ᠳᠡᠩᠴᠡᠬᠦᠯᠵᠤ᠂ ᠰᠡᠳᠬᠢᠴᠡ ᠶᠢᠨ ᠪᠠᠶᠢᠳᠠᠯ ᠢᠶᠠᠨ ᠳᠤᠬᠢᠷᠠᠭᠤᠯᠤᠨ᠂ ᠪᠡᠶ᠎ᠠ ᠶᠢᠨ ᠳᠠᠮᠢᠷ ᠤᠨ ᠪᠤᠯᠪᠠᠰᠤᠷᠠᠯ ᠢᠶᠠᠨ ᠴᠢᠩᠭᠠᠳᠬᠠᠵᠤ᠂ ᠤᠨᠳᠠᠵᠤ ᠠᠮᠠᠷᠠᠬᠤ ᠴᠠᠬ ᠢᠶᠠᠨ ᠰᠠᠶᠢᠳᠤᠷ ᠳᠤᠬᠢᠷᠠᠭᠤᠯᠵᠤ᠂ ᠪᠡᠶ᠎ᠠ ᠶᠢᠨ ᠠᠵᠢᠯᠯᠠᠭ᠎ᠠ ᠶᠢᠨ ᠳᠤᠬᠳᠠᠭᠤᠨ ᠪᠠᠶᠢᠬᠤ ᠶᠢ ᠪᠠᠳᠤᠯᠠᠨ᠂ ᠪᠡᠶ᠎ᠠ ᠶᠢᠨ ᠡᠯ᠎ᠠ ᠡᠷᠬᠡᠳᠡᠨ ᠤ ᠬᠤᠭᠤᠷᠤᠨᠳᠤᠬᠢ ᠡᠶ᠎ᠡ ᠵᠤᠬᠢᠴᠠᠩᠭᠤᠢ ᠬᠠᠷᠢᠴᠠᠭ᠎ᠠ ᠶᠢ ᠳᠡᠭᠡᠭᠰᠢᠯᠡᠬᠦᠯᠵᠤ᠂ ᠬᠠᠷᠰᠢᠮᠠᠳᠠᠭᠠᠢ ᠤᠷᠪᠠᠯ ᠢ ᠡᠬᠦᠰᠭᠡᠵᠤ ᠮᠡᠳᠡᠬᠦ ᠡᠬᠢ ᠰᠤᠷᠪᠦᠯᠵᠢ ᠠᠴᠠ ᠵᠠᠶᠢᠯᠠᠰᠬᠢᠪᠡᠯ ᠵᠤᠬᠢᠨ᠎ᠠ᠃   ᠤᠯᠠᠷᠢᠯ ᠰᠤᠯᠢᠬᠳᠠᠬᠤ ᠦᠶ᠎ᠠ ᠳᠤ᠂ ᠬᠦᠨᠵᠢᠯᠡ ᠳᠡᠪᠢᠰᠭᠡᠷ ᠬᠤᠪᠴᠠᠰᠤ ᠬᠤᠨᠠᠷ ᠢᠶᠠᠨ ᠤᠷᠢᠳᠠᠪᠡᠷ ᠤᠬᠢᠶᠠᠵᠤ᠂ ᠨᠠᠷᠠᠨ ᠳᠤ ᠡᠭᠡᠭᠡᠭᠰᠡᠨ ᠤ ᠳᠠᠷᠠᠭ᠎ᠠ ᠬᠡᠷᠡᠭᠯᠡᠪᠡᠯ ᠵᠤᠬᠢᠨ᠎ᠠ᠃   ᠬᠠᠷᠰᠢᠮᠠᠳᠠᠭᠠᠢ ᠴᠢᠨᠠᠷᠳᠡᠢ ᠬᠠᠮᠠᠷ ᠤᠨ ᠦᠷᠪᠢᠰᠤᠯ ᠲᠠᠢ ᠡᠪᠡᠳᠴᠢᠳᠡᠨ ᠬᠠᠮᠤᠬ ᠤᠨ ᠰᠠᠶᠢᠨ ᠨᠢ ᠡᠩᠭᠦᠷᠠᠢ ᠠᠮᠢᠳᠠᠨ ᠳᠡᠵᠢᠬᠡᠬᠦ ᠦᠬᠡᠢ᠂ ᠬᠡᠷᠪᠡ ᠳᠡᠵᠢᠭᠡᠭᠰᠡᠨ ᠪᠠᠶᠢᠪᠠᠯ ᠴᠢᠳᠠᠬᠤ ᠶᠢᠨ ᠳᠤᠳᠤᠷ᠎ᠠ ᠡᠩᠭᠦᠷᠠᠢ ᠠᠮᠢᠳᠠᠨ ᠢᠶᠠᠨ ᠤᠨᠳᠠᠬᠤ ᠦᠷᠤᠬᠡᠨ ᠳᠤ ᠪᠠᠨ ᠤᠷᠤᠭᠤᠯᠬᠤ ᠦᠬᠡᠢ᠃   ᠴᠡᠴᠡᠭ ᠤᠨ ᠳᠤᠭᠤᠰᠤᠨ ᠤ ᠦᠳᠬᠡᠴᠡ ᠶᠢᠨ ᠤᠷᠬᠢᠯ ᠤᠨ ᠬᠤᠭᠤᠴᠠᠭᠠᠨ ᠳᠤ᠂ ᠭᠠᠳᠠᠬᠰᠢ ᠭᠠᠷᠬᠤ ᠳᠤ ᠪᠠᠨ ᠬᠠᠮᠠᠭᠠᠯᠠᠬᠤ ᠡᠳ᠋ ᠢᠶᠠᠨ ᠰᠠᠶᠢᠳᠤᠷ ᠵᠡᠬᠦᠵᠤ᠂ ᠬᠡᠷ ᠲᠤ ᠪᠠᠨ ᠬᠠᠷᠢᠬᠰᠠᠨ ᠤ ᠳᠠᠷᠠᠭ᠎ᠠ ᠴᠠᠬ ᠳᠤᠬᠠᠢ ᠳᠤ ᠨᠢ ᠪᠡᠶ᠎ᠠ ᠪᠠᠨ ᠤᠬᠢᠶᠠᠬᠤ ᠶᠢᠨ ᠬᠠᠮᠳᠤ ᠬᠠᠮᠠᠷ ᠤᠨ ᠬᠦᠨᠳᠡᠢ ᠪᠠᠨ ᠤᠬᠢᠶᠠᠨ ᠴᠡᠪᠡᠷᠯᠡᠵᠤ᠂ ᠴᠤᠩᠬᠤ ᠪᠠᠨ ᠨᠡᠬᠡᠬᠡᠵᠤ ᠰᠠᠯᠬᠢ ᠨᠡᠪᠳᠡᠷᠡᠬᠦᠯᠦᠨ᠎ᠠ᠂ ᠦᠪᠡᠷ ᠤᠨ ᠬᠡᠷᠡᠭᠴᠡᠭᠡ ᠪᠠᠨ ᠦᠨᠳᠤᠰᠤᠯᠡᠨ ᠵᠦᠢ ᠵᠤᠬᠢᠰᠳᠡᠢ ᠡᠮ ᠬᠡᠷᠡᠭᠯᠡᠵᠤ ᠪᠤᠯᠤᠨ᠎ᠠ᠃ ᠴᠡᠴᠡᠭ ᠤᠨ ᠳᠤᠭᠤᠰᠤᠨ ᠤ ᠤᠷᠬᠢᠯ ᠤᠨ ᠦᠶ᠎ᠠ ᠳᠤ᠂ ᠴᠢᠳᠠᠬᠤ ᠶᠢᠨ ᠳᠤᠳᠤᠷ᠎ᠠ ᠬᠡᠬᠡᠷ᠎ᠠ ᠭᠠᠳᠠᠨ᠎ᠠ ᠭᠠᠷᠬᠤ ᠦᠬᠡᠢ᠂ ᠬᠢᠷᠬᠢᠷ᠎ᠠ ᠡᠬᠦᠰᠴᠤ ᠡᠪᠡᠳᠴᠢᠨ ᠤ ᠪᠠᠶᠢᠳᠠᠯ ᠢ ᠬᠦᠨᠳᠤᠷᠡᠬᠦᠯᠬᠦ ᠠᠴᠠ ᠵᠠᠶᠢᠯᠠᠰᠬᠢᠬᠦ ᠬᠡᠷᠡᠭᠳᠡᠢ᠃   ᠦᠪᠦᠷ ᠮᠤᠩᠭᠤᠯ ᠤᠨ ᠪᠠᠶᠢᠳᠠᠯ   ᠦᠪᠦᠷ ᠮᠤᠩᠭᠤᠯ ᠤᠨ ᠲᠦᠪ ᠬᠤᠳᠠ ᠵᠢᠴᠢ ᠬᠦᠳᠡᠭᠡ ᠳᠤᠰᠬᠤᠨ ᠤ ᠬᠠᠷᠰᠢᠮᠠᠳᠠᠭᠠᠢ ᠴᠢᠨᠠᠷᠳᠡᠢ ᠬᠠᠮᠠᠷ ᠤᠨ ᠦᠷᠪᠢᠰᠤᠯ ᠢᠶᠠᠷ ᠤᠨᠤᠰᠢᠯᠠᠬᠳᠠᠬᠰᠠᠨ ᠡᠪᠡᠳᠴᠢᠳᠡᠨ ᠤ ᠨᠤᠷᠮ᠎ᠠ 17.10% ᠲᠤ ᠪᠠᠶᠢᠵᠤ᠂ ᠡᠬᠦᠨ ᠳᠤ ᠡᠮᠡᠭᠳᠡᠢ ᠶᠢᠨ ᠡᠪᠡᠳᠴᠢᠨ ᠤᠯᠬᠤ ᠨᠤᠷᠮ᠎ᠠ ᠨᠢ ᠡᠷᠡᠭᠳᠡᠢ ᠬᠦᠮᠦᠨ ᠤ ᠬᠢ ᠠᠴᠠ ᠵᠢᠭᠠᠬᠠᠨ ᠦᠨᠳᠤᠷ᠂ 6 — 15 ᠨᠠᠰᠤᠨ ᠤ ᠬᠡᠤᠬᠡᠳ ᠤᠨ ᠡᠪᠡᠳᠴᠢᠯᠡᠬᠦ ᠨᠤᠷᠮ ᠎ᠠ ᠨᠢ ᠬᠠᠮᠤᠬ ᠦᠨᠳᠤᠷ᠂ ᠬᠤᠳᠠ ᠳᠤ ᠰᠠᠭᠤᠭ᠎ᠠ ᠬᠦᠮᠦᠰ ᠤᠨ ᠡᠪᠡᠳᠴᠢᠯᠡᠬᠦ ᠨᠤᠷᠮ᠎ᠠ ᠨᠢ ᠬᠦᠳᠡᠭᠡ ᠳᠤᠰᠬᠤᠨ ᠤ ᠬᠢ ᠠᠴᠠ ᠢᠯᠡᠳᠳᠡ ᠦᠨᠳᠤᠷ ᠪᠠᠶᠢᠨ᠎ᠠ᠃   ᠰᠢᠷᠠᠯᠵᠢ ᠪᠤᠯ ᠦᠪᠦᠷ ᠮᠤᠩᠭᠤᠯ ᠤᠨ ᠬᠠᠮᠤᠬ ᠤᠨ ᠭᠤᠤᠯ ᠪᠤᠯᠬᠤ ᠴᠡᠴᠡᠭ ᠤᠨ ᠳᠤᠭᠤᠰᠤᠨ ᠤ ᠬᠠᠷᠰᠢᠯ ᠢ ᠡᠬᠦᠰᠭᠡᠭᠴᠢ ᠮᠦᠨ᠃ ᠦᠪᠦᠷ ᠮᠤᠩᠭᠤᠯ ᠤᠨ ᠬᠠᠷᠰᠢᠮᠠᠳᠠᠭᠠᠢ ᠴᠢᠨᠠᠷᠳᠡᠢ ᠬᠠᠮᠠᠷ ᠤᠨ ᠦᠷᠪᠢᠰᠤᠯ ᠤᠨ ᠡᠪᠡᠳᠴᠢᠳᠡᠨ ᠤ ᠡᠪᠡᠳᠴᠢᠨ ᠤ ᠢᠯᠡᠷᠡᠯ ᠤᠨ ᠤᠷᠬᠢᠯ ᠤᠨ ᠬᠤᠭᠤᠴᠠᠭ᠎ᠠ ᠨᠢ 7 ᠠᠴᠠ 9 ᠰᠠᠷ᠎ᠠ ᠳᠤ ᠲᠦᠪᠯᠡᠷᠡᠵᠤ᠂ ᠡᠬᠦᠨ ᠳᠤ 8 ᠰᠠᠷ᠎ᠠ ᠳᠤ ᠤᠷᠬᠢᠯ ᠳᠤ ᠪᠠᠨ ᠬᠦᠷᠳᠡᠭ᠃ ᠬᠠᠷᠢᠨ ᠬᠢᠷᠬᠢᠷ᠎ᠠ ᠡᠪᠡᠳᠴᠢᠨ ᠤ ᠳᠡᠤᠬᠡ᠂ ᠢᠳᠡᠭᠡᠨ ᠳᠤ ᠬᠠᠷᠰᠢᠬᠤ᠂ ᠡᠮ ᠳᠤ ᠬᠠᠷᠰᠢᠬᠤ᠂ ᠨᠢᠶᠠᠨ ᠳᠠᠷᠤᠬᠴᠢ ᠶᠢ ᠬᠡᠷᠡᠭᠯᠡᠬᠦ᠂ ᠭᠡᠷ ᠪᠦᠯᠢ ᠶᠢᠨ ᠵᠠᠰᠠᠯ ᠴᠢᠮᠡᠭᠯᠡᠯ᠂ ᠳᠠᠮᠠᠬᠢ ᠳᠠᠳᠠᠬᠤ ᠪᠤᠯ ᠬᠠᠷᠰᠢᠮᠠᠳᠠᠭᠠᠢ ᠴᠢᠨᠠᠷᠳᠡᠢ ᠬᠠᠮᠠᠷ ᠤᠨ ᠦᠷᠪᠢᠰᠤᠯ ᠤᠨ ᠡᠪᠡᠳᠴᠢᠨ ᠢ ᠡᠬᠦᠰᠬᠡᠬᠦ ᠬᠠᠮᠢᠶ᠎ᠠ ᠪᠦᠬᠦᠢ ᠠᠶᠤᠯᠳᠡᠢ ᠬᠦᠴᠤᠨ ᠵᠦᠢᠯ ᠮᠦᠨ᠃
 
ᠢᠷᠡᠯᠲᠡ᠄ ︽ᠦᠪᠦᠷ ᠮᠤᠩᠭᠤᠯ ᠤᠨ ᠡᠳᠤᠷ ᠤᠨ ᠰᠤᠨᠢᠨ︾  ᠤ ᠮᠤᠩᠭᠤᠯ ᠰᠤᠨᠢᠨ ᠤ ᠵᠢᠷᠬᠢᠶ᠎ᠠ ᠶᠢᠨ ᠳᠡᠪᠴᠡᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号