ᠮᠤᠩᠭᠤᠯᠴᠤᠳ ᠡᠷᠳᠡᠨ ᠠᠴᠠ ᠠᠪᠤᠭᠠᠳ ᠬᠡᠬᠦᠦ ᠰᠠᠭᠠᠵᠤ ᠴᠡᠭᠡ ᠤᠤᠭᠤᠳᠠᠭ ᠪᠠᠶᠢᠭᠰᠠᠨ ᠢ ᠲᠤᠯᠭᠤᠷ ᠪᠢᠴᠢᠭ | ᠲᠤ ᠲᠡᠮᠳᠡᠭᠯᠡᠭᠰᠡᠨ ᠪᠠᠶᠢᠳᠠᠭ᠃ ᠬᠡᠬᠦᠦ ᠪᠠᠨ ᠪᠠᠷᠢᠵᠤ ᠡᠬᠢᠯᠡᠵᠦ ᠰᠠᠭᠠᠬᠤ ᠶᠢ ︽ᠬᠡᠬᠦᠦ ᠪᠠᠷᠢᠬᠤ︾ ᠪᠤᠶᠤ ︽ | ᠤᠨᠠᠭ᠎ᠠ ᠵᠡᠯᠡᠯᠡᠬᠦ︾ ᠬᠡᠨ᠎ᠡ᠂ ᠵᠠᠷᠢᠮ ᠨᠤᠳᠤᠭ ᠲᠤ ᠪᠠᠰᠠ ︽ᠭᠡᠬᠦᠦ ᠶᠢᠨ ᠦᠷᠡᠰ ᠭᠠᠷᠭᠠᠬᠤ︾ ᠴᠤ ᠭᠡᠳᠡᠭ᠃ | ᠲᠠᠶᠢᠹᠤᠰᠧᠴᠤᠳ ᠵᠠᠭᠤᠨ ᠵᠠᠭᠤᠨ ᠢᠶᠠᠷ ᠠᠳᠤᠭᠤ ᠮᠠᠯᠵᠢᠵᠤ ᠪᠠᠶᠢᠭᠰᠠᠨ ᠤ ᠬᠤᠪᠢ ᠳᠤ ᠡᠨᠡ ᠬᠦ᠋ ᠬᠡᠬᠦᠦ ᠪᠠᠷᠢᠵᠤ | ᠴᠡᠭᠡ ᠢᠰᠭᠡᠬᠦ ᠤᠳᠤᠮᠰᠢᠯ ᠢᠶᠠᠨ ᠦᠶ᠎ᠡ ᠶᠢᠨ ᠦᠶ᠎ᠡ ᠤᠯᠠᠮᠵᠢᠯᠠᠨ ᠬᠠᠳᠠᠭᠠᠯᠠᠭᠰᠠᠭᠠᠷ ᠢᠷᠡᠵᠡᠢ᠃ | ᠪᠢᠯᠢᠭ ᠤᠨ ᠤᠯᠠᠷᠢᠯ ᠤᠨ ᠲᠦᠷᠪᠡᠨ ᠰᠠᠷ᠎ᠠ ᠶᠢᠨ ᠠᠷᠪᠠᠨ ᠨᠢᠬᠡᠨ ᠤ ᠡᠳᠦᠷ ᠪᠤᠯ ᠴᠢᠩᠭᠢᠰ ᠪᠤᠭᠳᠠ ᠶᠢᠨ | ᠬᠡᠬᠦᠦ ᠪᠠᠨ ᠪᠠᠷᠢᠵᠤ ᠡᠰᠦᠭ ᠬᠦᠷᠦᠩᠭᠡᠯᠡᠭᠰᠡᠨ ᠰᠠᠶᠢᠨ ᠡᠳᠦᠷ ᠬᠡᠮᠡᠨ ᠶᠡᠬᠡᠳᠡ ᠡᠷᠬᠢᠮᠯᠡᠵᠦ᠂ ᠡᠨᠡ ᠡᠳᠦᠷ ᠬᠡᠬᠦᠦ | ᠪᠠᠨ ᠪᠠᠷᠢᠵᠤ ᠤᠨᠠᠭ᠎ᠠ ᠪᠠᠨ ᠵᠡᠯᠡᠯᠡᠨ᠂ ᠠᠩᠬᠠᠳᠤᠭᠴᠢ ᠰᠠᠭᠠᠭᠰᠠᠨ ᠭᠡᠬᠦᠦ ᠶᠢᠨ ᠰᠦ ᠪᠠᠷ ᠢᠶᠠᠨ ᠤᠪᠤᠭ᠎ᠠ ᠪᠤᠩᠬᠤᠨ᠂ | ᠤᠷᠤᠨ ᠲᠡᠯᠡᠬᠡᠢ᠂ ᠠᠭᠤᠯᠠ ᠤᠰᠤᠨ ᠳᠠᠭᠠᠨ ᠰᠠᠴᠤᠯᠢ ᠡᠷᠬᠦᠬᠦ ᠵᠠᠩᠰᠢᠯ ᠲᠠᠢ᠃ ᠶᠡᠷᠦ ᠠᠴᠠ ᠡᠨᠡ ᠡᠳᠦᠷ ᠮᠠᠯ | ᠮᠠᠯᠯᠠᠭ᠎ᠠ ᠶᠢᠨ ᠦᠢᠯᠡᠰ ᠲᠤ ᠴᠡᠭᠡᠷ ᠦᠬᠡᠢ ᠰᠠᠶᠢᠨ ᠡᠳᠦᠷ ᠬᠡᠵᠦ ᠡᠷᠬᠢᠮᠨᠡᠨ ᠦᠵᠡᠳᠡᠭ ᠲᠤᠯᠠ ᠬᠡᠬᠦᠦ ᠪᠠᠷᠢᠬᠤ | ᠪᠠᠷᠢᠬᠤ ᠦᠬᠡᠢ ᠴᠤ ᠭᠡᠰᠡᠨ ᠰᠢᠪᠡᠭᠡ ᠬᠤᠷᠤᠭ᠎ᠠ ᠪᠠᠨ ᠭᠠᠷᠭᠠᠬᠤ᠂ ᠵᠡᠯ᠎ᠡ ᠪᠠᠨ ᠲᠠᠳᠠᠬᠤ ᠵᠡᠷᠭᠡ ᠠᠵᠢᠯ ᠢ | ᠬᠦᠢᠴᠡᠳᠭᠡᠵᠦ᠂ ᠮᠠᠯ ᠤᠨ ᠬᠤᠳᠠ ᠵᠡᠯ᠎ᠡ ᠶᠢ ᠰᠡᠷᠢᠬᠦᠨ ᠲᠤᠩᠭᠠᠯᠠᠭ ᠠᠭᠤᠷ ᠠᠮᠢᠰᠬᠤᠯ ᠲᠠᠢ ᠭᠠᠵᠠᠷ ᠲᠤ | ᠰᠢᠯᠵᠢᠬᠦᠯᠳᠡᠭ ᠪᠠᠶᠢᠨ᠎ᠠ᠃ | ᠬᠡᠬᠦᠦ ᠪᠠᠷᠢᠬᠤ ᠳᠠᠭᠠᠨ ᠶᠠᠭᠤᠨ ᠤ ᠤᠷᠢᠳ ᠭᠡᠷ ᠠᠴᠠ ᠵᠠᠶᠢᠰᠬᠠᠨ ᠲᠡᠭᠰᠢ ᠰᠠᠶᠢᠬᠠᠨ ᠭᠠᠵᠠᠷ ᠢ ᠰᠤᠩᠭᠤᠵᠤ | ᠭᠠᠳᠠᠰᠤ ᠱᠢᠭᠠᠵᠤ ᠵᠡᠯ᠎ᠡ ᠪᠠᠨ ᠲᠠᠳᠠᠨ᠎ᠠ᠃ ᠵᠡᠯ᠎ᠡ ᠶᠢᠨ ᠲᠡᠭᠡᠳᠦ ᠲᠠᠯ᠎ᠠ ᠳᠤ ᠴᠠᠭᠠᠨ ᠢᠰᠡᠭᠡᠢ ᠲᠡᠪᠢᠰᠦᠨ ᠰᠢᠷᠡᠭᠡ | ᠵᠠᠰᠠᠵᠤ᠂ ᠰᠠᠩ ᠤᠨ ᠰᠤᠳᠤᠷ ᠤᠩᠰᠢᠵᠤ ᠰᠠᠩ ᠲᠠᠯᠪᠢᠭᠠᠳ᠂ ᠮᠢᠬ᠎ᠠ ᠴᠠᠭᠠᠨ ᠢᠳᠡᠭᠡ ᠲᠠᠪᠠᠭᠯᠠᠵᠤ ᠪᠡᠯᠡᠳᠭᠡᠨ᠎ᠡ᠃ | ᠨᠤᠳᠤᠭ ᠤᠰᠤᠨ ᠤ ᠬᠢᠨ ᠴᠤ ᠢᠳᠡᠭᠡ ᠴᠠᠭ᠎ᠠ ᠠᠪᠴᠢᠷᠠᠵᠤ᠂ ᠵᠠᠯᠠᠭᠤᠴᠤᠳ ᠴᠤᠭᠯᠠᠷᠠᠨ ᠤᠨᠠᠭ᠎ᠠ ᠭᠡᠬᠦᠦ ᠤᠷᠭᠠᠯᠠᠬᠤ | ᠪᠠᠷ ᠪᠡᠯᠡᠳᠬᠡᠨ᠎ᠡ᠃ ᠡᠬᠢᠯᠡᠵᠦ ᠤᠷᠠᠭᠠᠯᠠᠬᠤ ᠬᠦᠮᠦᠨ ᠬᠤᠶᠢᠪᠢ ᠶᠢᠨ ᠤᠭᠴᠤᠭᠤᠷᠭᠠ ᠳᠤ ᠪᠠᠶᠠᠷ ᠤᠨ ᠪᠡᠯᠭᠡᠳᠡᠯ | ᠪᠤᠯᠭᠠᠨ ᠬᠠᠳᠠᠭ ᠵᠠᠩᠬᠢᠳᠤᠭᠠᠳ᠂ ᠤᠤᠭᠠᠨ ᠤᠨᠠᠭ᠎ᠠ ᠠᠴᠠ ᠡᠬᠢᠯᠡᠨ ᠤᠷᠭᠠᠯᠠᠵᠤ᠂ ᠲᠠᠷᠠᠭ᠎ᠠ ᠨᠢ ᠪᠤᠰᠤᠳ ᠤᠨᠠᠭ᠎ᠠ | ᠨᠤᠭᠤᠳ ᠢ ᠤᠷᠭᠠᠯᠠᠨ ᠨᠤᠭᠳᠤᠯᠠᠵᠤ ᠴᠢᠬᠳᠠᠯᠠᠵᠤ ᠵᠡᠯᠡᠯᠡᠨᠡ᠃ ᠡᠬᠦᠨ ᠤ ᠬᠠᠮᠳᠤ ᠬᠡᠬᠦᠦ ᠪᠠᠨ ᠪᠠᠷᠢᠵᠤ ᠭᠡᠴᠡᠯᠡᠭᠡᠳ | ᠰᠠᠭᠠᠬᠤ ᠪᠤᠯᠤᠨ᠎ᠠ᠃ ᠬᠡᠬᠦᠦ ᠶᠢ ᠵᠦᠪ ᠲᠠᠯ᠎ᠠ ᠠᠴᠠ ᠨᠢ ᠭᠤᠶ᠎ᠠ ᠶᠢ ᠨᠢ ᠲᠡᠪᠡᠷᠢᠵᠦ ᠴᠤᠮᠴᠤᠶᠢᠨ ᠰᠠᠭᠤᠵᠤ ᠰᠠᠭᠠᠳᠠᠭ | ᠃ ᠭᠡᠬᠦᠦ ᠶᠢ ᠬᠦᠬᠦᠬᠦᠯᠵᠦ ᠢᠪᠢᠯᠭᠡᠳᠡᠭ ᠦᠬᠡᠢ᠂ ᠤᠨᠠᠭ᠎ᠠ ᠶᠢ ᠡᠭᠡ ᠶᠢᠨ ᠬᠢᠨᠢ ᠬᠤᠩᠰᠢᠶᠠᠷ ᠲᠤ ᠤᠶᠢᠷᠠᠳᠤᠭᠤᠯᠤᠨ | ᠪᠠᠷᠢᠵᠤ ᠢᠪᠢᠯᠭᠡᠭᠡᠳ ᠲᠠᠳᠠᠵᠤ ᠴᠢᠬᠳᠠᠯᠠᠬᠤ ᠲᠤᠯᠠ ᠤᠨᠠᠭ᠎ᠠ ᠲᠠᠳᠠᠨ᠎ᠠ ᠭᠡᠳᠡᠭ᠃ ᠭᠡᠬᠦᠦ ᠰᠠᠭᠠᠬᠤ ᠳᠠᠭᠠᠨ ︽ | ᠭᠤᠤᠷᠠᠢ — ᠲᠤᠤᠰ︾ ᠬᠡᠮᠡᠨ ᠤᠷᠳᠤ ᠠᠶᠠᠯᠠᠭᠤᠯᠤᠨ ᠲᠠᠭᠤᠯᠠᠵᠤ ᠰᠦᠨ ᠢ ᠢᠪᠢᠯᠬᠡᠨ ᠪᠠᠭᠤᠯᠭᠠᠳᠠᠭ᠃ ᠰᠠᠭᠠᠭᠰᠠᠨ | ᠰᠦ ᠰᠠᠭᠤᠯᠠᠭ᠎ᠠ ᠲᠦᠬᠦᠷᠦᠭᠰᠡᠨ ᠤ ᠬᠤᠶᠢᠨ᠎ᠠ᠂ ᠵᠠᠰᠠᠭᠰᠠᠨ ᠰᠢᠷᠡᠭᠡᠨ ᠤ ᠡᠮᠦᠨ᠎ᠡ ᠠᠪᠠᠴᠢᠵᠤ ᠰᠠᠴᠤᠯᠢ ᠶᠢᠨ | ᠬᠠᠮᠳᠤ ᠲᠠᠯᠪᠢᠨ᠎ᠠ᠃ ᠰᠠᠴᠤᠯᠢ ᠭᠡᠵᠦ ᠽᠠᠨᠳᠠᠨ ᠪᠤᠶᠤ ᠠᠭᠠᠷᠤ ᠵᠡᠷᠭᠡ ᠦᠨᠡᠳᠦ ᠮᠤᠳᠤᠨ ᠳᠤ ᠶᠢᠰᠦᠨ ᠨᠦᠬᠡ | ᠭᠠᠷᠭᠠᠵᠤ ᠰᠢᠨᠠᠭ᠎ᠠ ᠮᠡᠳᠦ ᠤᠬᠤᠵᠤ ᠬᠢᠭᠰᠡᠨ ᠲᠤᠰᠬᠠᠢ ᠤᠳᠬᠤᠭᠤᠷ ᠢ ᠬᠡᠯᠡᠨ᠎ᠡ᠃ ᠰᠠᠴᠤᠯᠢ ᠶᠢᠨ ᠪᠠᠷᠢᠭᠤᠯ ᠳᠤ | ᠠᠵᠢᠷᠭ᠎ᠠ᠂ ᠬᠡᠬᠦᠦ᠂ ᠤᠨᠠᠭ᠎ᠠ᠂ ᠲᠠᠭ᠎ᠠ ᠶᠢ ᠪᠤᠰᠤᠭ᠎ᠠ ᠪᠠᠷ ᠤᠷᠠᠯᠠᠨ ᠰᠡᠶᠢᠯᠦᠭᠰᠡᠨ ᠪᠠᠶᠢᠳᠠᠭ ᠪᠦᠬᠡᠳ ᠭᠭᠢᠪ ᠬᠠᠳᠠᠭ | ᠰᠡᠳᠡᠷᠯᠡᠨ ᠵᠡᠬᠦᠭᠰᠡᠨ ᠪᠠᠶᠢᠳᠠᠭ᠃ ᠰᠠᠴᠤᠯᠢ ᠪᠠᠷ ᠰᠦ ᠡᠷᠬᠦᠬᠦ ᠶᠢ ᠰᠠᠴᠤᠯᠢ ᠡᠷᠬᠦᠬᠦ ᠬᠡᠨ᠎ᠡ᠃ ᠰᠠᠭᠤᠯᠠᠭ᠎ᠠ ᠲᠠᠢ ᠰᠦ | ᠶᠢ ᠬᠠᠳᠠᠭ ᠢᠶᠠᠷ ᠰᠡᠳᠡᠷᠯᠡᠭᠰᠡᠨ ᠤᠷᠭᠠᠨ ᠤ ᠡᠰᠢ ᠪᠠᠷ ᠬᠤᠶᠠᠷ ᠬᠦᠮᠦᠨ ᠲᠠᠮᠵᠢᠯᠠᠵᠤ ᠨᠢᠬᠡ ᠬᠦᠮᠦᠨ ᠲᠠᠭᠠᠯᠳᠤᠨ᠂ | ᠨᠠᠷᠠᠨ ᠵᠦᠪ ᠭᠤᠷᠪᠠ ᠡᠷᠬᠢᠵᠦ ᠰᠠᠴᠤᠯᠢ ᠡᠷᠬᠦᠨ ᠄ | ᠵᠧ᠂ ᠴᠢᠩᠬᠢᠰ ᠪᠤᠭᠳᠠ ᠶᠢᠨ ᠵᠢᠷᠤᠮ ᠶᠤᠰᠤᠨ ᠢ ᠲᠠᠭᠠᠵᠤ | ᠴᠢᠩ ᠪᠠᠳᠤ ᠰᠦᠵᠢᠭ ᠢᠶᠠᠷ ᠪᠢᠰᠢᠷᠡᠨ | ᠴᠡᠯ ᠨᠤᠭᠤᠭᠠᠨ ᠵᠦᠯᠬᠡᠨ ᠲᠡᠭᠡᠷ᠎ᠡ | ᠴᠡᠭᠡᠯ ᠤᠷᠳᠤ ᠵᠡᠯ᠎ᠡ ᠪᠠᠨ ᠲᠠᠳᠠᠵᠤ | ᠴᠢᠬᠢᠳᠡᠢ ᠬᠤᠯᠠᠨ ᠮᠡᠳᠦ ᠤᠨᠠᠭᠠᠳ ᠢᠶᠠᠨ ᠵᠡᠯᠡᠯᠡᠨ | ᠴᠢᠨᠦᠭᠰᠡᠨ ᠶᠡᠭᠡ ᠲᠡᠯᠡᠩᠳᠦ ᠬᠡᠬᠦᠳ ᠢᠶᠠᠨ ᠰᠠᠭᠠᠵᠤ | ᠴᠠᠭᠠᠳᠠᠢ ᠪᠦᠬᠡ ᠪᠠᠷ ᠰᠠᠴᠤᠯᠢ ᠪᠠᠨ ᠰᠠᠴᠤᠭᠤᠯᠤᠨᠠᠮ | ᠡᠷᠭᠡᠳᠦ ᠮᠦᠩᠭᠡ ᠲᠡᠭᠷᠢ | ᠡᠳᠦᠬᠡᠨ ᠶᠡᠭᠡ ᠡᠬᠡ ᠳᠤᠷ | ᠶᠡᠷᠡ ᠶᠢᠰᠦᠨ ᠰᠠᠴᠤᠯᠢ ᠰᠠᠴᠤᠨᠠᠮ | ᠤᠪᠤᠭ᠎ᠠ ᠪᠤᠩᠬᠤᠨ | ᠤᠷᠤᠨ ᠲᠡᠯᠡᠬᠡᠢ | ᠠᠭᠤᠯᠠ ᠤᠰᠤᠨ ᠳᠤᠷ ᠢᠶᠠᠨ | ᠰᠠᠴᠤᠯᠢ ᠡᠷᠬᠦᠨᠡᠮ᠂᠂᠂᠂᠂᠂ | ᠬᠡᠮᠡᠨ ᠢᠷᠦᠬᠡᠯ ᠬᠡᠯᠡᠬᠦ ᠪᠦᠬᠡᠳ ᠡᠨᠡ ᠰᠦ ᠪᠠᠷ ᠤᠨᠠᠭ᠎ᠠ ᠬᠡᠬᠦᠦ ᠪᠠᠨ ᠮᠢᠯᠢᠶᠠᠨ᠂ ᠵᠡᠯ᠎ᠡ ᠭᠡᠴᠡ ᠲᠡᠭᠡᠷ᠎ᠡ | ᠪᠠᠨ ᠲᠤᠰᠤᠭᠠᠭᠠᠳ᠂ ᠠᠵᠢᠷᠭᠠᠨ ᠤ ᠲᠡᠯ ᠳᠤ ᠬᠠᠳᠠᠭ ᠰᠦᠯᠵᠢᠨ ᠵᠠᠩᠬᠢᠳᠴᠤ᠂ ᠤᠤᠭᠠᠨ ᠤᠨᠠᠭᠠᠨ ᠤ ᠬᠦᠬᠦᠯ ᠳᠤ | ᠮᠦᠨ ᠬᠠᠳᠠᠭ ᠪᠤᠶᠤ ᠭᠭᠢᠪ ᠵᠠᠩᠬᠢᠳᠤᠨ᠎ᠠ᠃ ᠲᠠᠷᠠᠭ᠎ᠠ ᠨᠢ ᠰᠦ ᠪᠠᠨ ᠨᠠᠶᠢᠷ ᠤᠨ ᠰᠢᠷᠡᠭᠡᠨ ᠳᠤ ᠠᠪᠴᠢᠷᠠᠬᠤ ᠵᠠᠮ | ᠳᠠᠭᠠᠨ ᠭᠤᠷᠪᠠ ︽ᠦᠳᠡᠯᠡᠬᠦᠯᠦᠭᠡᠳ︾ ᠢᠷᠡᠬᠦ ᠶᠤᠰᠤᠳᠠᠢ᠃ ᠦᠳᠡᠯᠡᠬᠦ ᠳᠡᠭᠡᠨ ︽ᠪᠠᠭᠤᠶ᠎ᠠ︾ ᠬᠡᠵᠦ᠂ ᠬᠦᠳᠡᠯᠬᠦ | ᠳᠡᠭᠡᠨ ︽ᠨᠡᠬᠦᠶᠡ︾ ᠬᠡᠮᠡᠨ ᠬᠡᠯᠡᠯᠴᠡᠬᠦ ᠪᠠ ᠰᠢᠷᠡᠭᠡᠨ ᠤ ᠡᠮᠦᠨ᠎ᠡ ᠬᠦᠷᠦᠭᠡᠳ ︽ᠬᠡᠬᠦᠦ ᠶᠢᠨ ᠰᠦᠨ ᠢ ᠬᠦᠷᠭᠡᠵᠦ | ᠢᠷᠡᠯ᠎ᠡ︾ ᠬᠡᠮᠡᠨ ᠮᠡᠳᠡᠬᠦᠯᠦᠨ᠎ᠡ᠃ ᠭᠡᠷ ᠤᠨ ᠡᠵᠡᠨ ︽ᠰᠠᠶᠢᠨ ᠶᠠᠪᠤᠵᠤ ᠢᠷᠡᠪᠡᠦ︖ ᠬᠠᠮᠢᠭ᠎ᠠ ᠦᠳᠡᠯᠡᠭᠡᠳ | ᠬᠠᠮᠢᠭ᠎ᠠ ᠬᠤᠨᠤᠭᠠᠳ ᠢᠷᠡᠪᠡ︖︾ ᠬᠡᠬᠦ ᠳᠤ ᠰᠦ ᠬᠦᠷᠭᠡᠵᠦ ᠢᠷᠡᠭᠰᠡᠨ ᠬᠦᠮᠦᠨ ᠤ ᠲᠤᠳᠤᠷ᠎ᠠ ᠠᠴᠠ ᠨᠢᠬᠡ ᠨᠢ | ᠡᠨᠡ ᠨᠤᠳᠤᠭ ᠤᠨ ᠨᠡᠷ᠎ᠡ ᠴᠤᠤ ᠲᠠᠢ ᠭᠠᠵᠠᠷ ᠤᠰᠤᠨ ᠤ ᠨᠡᠷᠡᠰ ᠢ ᠲᠤᠷᠠᠳᠴᠤ᠂ ᠲᠡᠨᠳᠡ ᠬᠤᠨᠤᠭᠠᠳ ᠠᠳᠡ | ᠦᠳᠡᠯᠡᠭᠡᠳ ᠢᠷᠡᠯ᠎ᠡ ᠬᠡᠮᠡᠨ᠎ᠡ᠃ ᠢᠩᠬᠢᠭᠡᠳ ᠨᠠᠶᠢᠷ ᠡᠬᠢᠯᠡᠵᠦ᠂ ᠬᠡᠷ ᠤᠨ ᠡᠵᠡᠨ ᠮᠦᠩᠬᠦᠨ ᠠᠶᠠᠭᠠᠨ ᠳᠤ ᠰᠦ᠂ | ᠬᠠᠳᠠᠭ ᠲᠠᠢ ᠪᠠᠷᠢᠵᠤ᠂ ᠢᠷᠦᠭᠡᠯᠴᠢ ᠠᠴᠠ ︽ᠪᠡᠯᠬᠡ ᠲᠠᠢ ᠰᠠᠶᠢᠨ ᠢᠷᠦᠬᠡᠯ ᠬᠠᠶᠢᠷᠠᠯᠠᠨ᠎ᠠ ᠤᠤ︾ ᠬᠡᠮᠡᠨ ᠬᠦᠰᠡᠬᠦ ᠳᠤ | ᠢᠷᠦᠭᠡᠯᠴᠢ ᠰᠦ ᠪᠠ ᠬᠠᠳᠠᠭ ᠢ ᠬᠤᠶᠠᠷ ᠭᠠᠷ ᠢᠶᠠᠷ ᠲᠤᠰᠤᠨ ᠠᠪᠤᠭᠠᠳ᠂ ᠬᠠᠳᠠᠭ ᠢᠶᠠᠨ ᠲᠡᠯᠬᠡᠵᠦ ᠄ | ᠵᠧ᠂ ᠤᠮ ᠰᠠᠶᠢᠨ ᠠᠮᠤᠭᠤᠯᠠᠩ ᠪᠤᠯᠳᠤᠭᠠᠢ | ᠡᠩᠬᠡ ᠰᠠᠶᠢᠨ ᠵᠢᠷᠭᠠᠯᠠᠩ ᠪᠤᠯᠳᠤᠭᠠᠢ | ᠦᠨᠳᠦᠷ ᠲᠡᠨᠵᠢ ᠶᠢᠨ ᠡᠬᠢᠨ ᠳᠤᠷ ᠪᠠᠭᠤᠵᠤ | ᠦᠷᠭᠡᠨ ᠲᠠᠯ᠎ᠠ ᠳᠤᠷ ᠵᠡᠯ᠎ᠡ ᠶᠦᠭᠡᠨ ᠲᠠᠳᠠᠵᠤ | ᠡᠳᠦᠷ ᠤᠨ ᠰᠠᠶᠢᠨ ᠢ ᠰᠤᠩᠭᠤᠨ ᠪᠠᠶᠢᠵᠤ | ᠰᠠᠷ᠎ᠠ ᠶᠢᠨ ᠰᠠᠶᠢᠨ ᠢ ᠰᠢᠯᠢᠨ ᠪᠠᠶᠢᠵᠤ | ᠦᠯᠵᠡᠶᠢᠳᠦ ᠰᠠᠶᠢᠬᠠᠨ ᠡᠨᠡ ᠡᠳᠦᠷ | ᠬᠡᠬᠦᠦ ᠪᠠᠨ ᠪᠠᠷᠢᠵᠤ | ᠰᠦ ᠪᠠᠨ ᠰᠠᠭᠠᠵᠤ | ᠴᠡᠭᠡ ᠪᠠᠨ ᠡᠰᠭᠡᠵᠦ | ᠴᠡᠩᠭᠡᠯ ᠢᠶᠠᠨ ᠡᠬᠢᠯᠡᠪᠡ᠃ | ᠲᠠᠶᠢᠷ ᠪᠤᠷᠤ ᠶᠢᠨ ᠮᠢᠨᠳᠠᠰᠤᠨ ᠲᠡᠯ ᠢᠶᠠᠷ | ᠲᠠᠰᠤᠷᠠᠰᠢ ᠦᠬᠡᠢ ᠪᠦᠬᠡ | ᠲᠠᠮᠤᠵᠤ ᠬᠢᠭᠰᠡᠨ ᠵᠡᠯ᠎ᠡ ᠶᠦᠭᠡᠨ | ᠲᠠᠷᠠᠭ ᠠᠶᠢᠷᠠᠭ ᠢᠶᠠᠷ ᠮᠢᠯᠢᠶᠡᠶᠠ | ᠴᠡᠪᠡᠷ ᠲᠡᠭᠰᠢ ᠭᠠᠵᠠᠷ ᠲᠤ | ᠴᠢᠬᠢᠭ ᠨᠤᠶᠢᠳᠠᠨ ᠳᠤ ᠰᠤᠯᠠᠷᠠᠰᠢ ᠦᠬᠡᠢ | ᠴᠢᠨᠳᠠᠮᠯᠠᠨ ᠲᠠᠳᠠᠭᠰᠠᠨ ᠵᠡᠯ᠎ᠡ ᠪᠠᠨ | ᠴᠡᠭᠡ ᠠᠶᠢᠷᠠᠭ ᠢᠶᠠᠷ ᠮᠢᠯᠢᠶᠡᠶᠡ | ᠵᠡᠯᠡᠯᠡᠭᠰᠡᠨ ᠠᠳᠤᠭᠤ ᠨᠢ | ᠵᠢᠸ᠎ᠠ ᠬᠦᠷᠴᠦ | ᠵᠢᠭᠠᠰᠤ ᠵᠢᠷᠠᠭᠠᠬᠠᠢ ᠠᠴᠠ ᠤᠯᠠᠨ ᠪᠤᠯᠳᠤᠭᠠᠢ | ᠨᠤᠭᠳᠤᠯᠤᠭᠰᠠᠨ ᠮᠤᠷᠢᠳ ᠨᠢ | ᠨᠤᠮᠤᠬᠠᠨ ᠪᠤᠯᠵᠤ | ᠨᠤᠭᠳᠤᠷᠤ ᠰᠢᠪᠠᠭᠤᠳ ᠠᠴᠠ ᠤᠯᠠᠨ ᠪᠤᠯᠳᠤᠭᠠᠢ | ᠵᠠᠶᠠᠭᠠᠳᠤ ᠡᠵᠡᠨ ᠨᠢ | ᠵᠢᠷᠭᠠᠨ ᠪᠠᠶᠠᠰᠴᠤ | ᠵᠢᠯ ᠠᠴᠠ ᠵᠢᠯ ᠴᠢᠨᠡᠭᠡᠯᠢᠭᠵᠢᠳᠦᠬᠡᠢ ᠬᠡᠮᠡᠨ ᠢᠷᠦᠬᠡᠯ ᠲᠠᠯᠪᠢᠨ᠎ᠠ᠃ | ᠡᠬᠦᠨ ᠤ ᠲᠠᠷᠠᠭ᠎ᠠ ᠠᠶᠢᠷᠠᠭ ᠰᠠᠷᠬᠤᠳ ᠢᠶᠠᠨ ᠪᠠᠷᠢᠵᠤ᠂ ᠲᠠᠭᠤᠤ ᠬᠦᠭᠵᠢᠮ ᠡᠬᠦᠰᠬᠡᠨ ᠨᠠᠶᠢᠷᠯᠠᠬᠤ ᠶᠢᠨ | ᠬᠠᠮᠳᠤ ᠵᠠᠯᠠᠭᠤᠰ ᠪᠠᠭᠠᠴᠤᠳ ᠢ ᠪᠦᠬᠡ ᠪᠠᠷᠢᠯᠳᠤᠭᠤᠯᠵᠤ ᠨᠠᠭᠠᠳᠤᠭᠤᠯᠤᠨ᠎ᠠ᠃ | ᠠᠶᠢᠷᠠᠭ ᠭᠡᠳᠡᠭ ᠪᠤᠯ ᠢᠰᠭᠡᠭᠰᠡᠨ ᠰᠦ ᠬᠡᠵᠦ ᠬᠡᠯᠡᠪᠡᠴᠦ ᠪᠤᠯᠬᠤ ᠶᠤᠮ᠃ ᠠᠶᠢᠷᠠᠭ ᠪᠤᠯ ᠡᠭᠡ ᠲᠠᠢ | ᠤᠮᠳᠠᠭᠠᠨ᠃ ᠠᠶᠢᠷᠠᠭ ᠢᠰᠭᠡᠬᠦ ᠳᠤ ᠵᠠᠪᠠᠯ ᠠᠶᠢᠷᠠᠭ ᠤᠨ ᠬᠦᠷᠦᠩᠭᠡ ︵ᠡᠬᠡ︶ ᠪᠠᠶᠢᠬᠤ ᠭᠡᠷᠡᠭᠳᠡᠢ᠃ ᠲᠠᠶᠢᠹᠤᠰᠧ | ᠨᠤᠳᠤᠭ ᠲᠤ ᠠᠶᠢᠷᠠᠭ ᠬᠦᠷᠦᠩᠬᠡᠯᠡᠬᠦ ᠳᠤ ᠮᠦᠨ ᠪᠢᠯᠢᠭ ᠤᠨ ᠤᠯᠠᠷᠢᠯ ᠤᠨ ᠲᠦᠷᠪᠡᠨ ᠰᠠᠷ᠎ᠠ ᠶᠢᠨ ᠠᠷᠪᠠᠨ ᠨᠢᠬᠡᠨ ᠤ | ᠡᠳᠦᠷ ᠢ ᠶᠡᠬᠡᠳᠡ ᠪᠡᠯᠭᠡᠰᠢᠶᠡᠨ ᠡᠷᠬᠢᠮᠯᠡᠳᠡᠭ ᠃ ᠡᠨᠡ ᠡᠳᠦᠷ ᠠᠶᠢᠷᠠᠭ ᠤᠨ ᠬᠦᠷᠦᠩᠬᠡ ᠵᠠᠯᠠᠵᠤ ᠠᠶᠢᠷᠠᠭ ᠢᠰᠭᠡᠨ᠂ | ᠰᠠᠭᠠᠯᠢ ᠶᠢᠨ ᠠᠷᠢᠬᠢ ᠨᠡᠷᠡᠬᠦ ᠠᠵᠢᠯ ᠢᠶᠠᠨ ᠡᠬᠢᠯᠡᠳᠡᠭ᠃ ᠠᠶᠢᠷᠠᠭ ᠤᠨ ᠬᠦᠷᠦᠩᠬᠡ ᠵᠠᠯᠠᠬᠤ ᠳᠠᠭᠠᠨ ᠰᠠᠪᠠ ᠲᠠᠢ ᠰᠦ | ᠂ ᠫᠢᠯᠠ ᠲᠠᠢ ᠪᠤᠤᠪᠤ ᠂ ᠬᠠᠳᠠᠭ ᠲᠠᠢ ᠠᠪᠴᠤ ᠤᠴᠢᠨ᠎ᠠ᠃ ᠪᠤᠤᠪᠤ ᠪᠠᠨ ᠰᠠᠶᠢᠬᠠᠨ ᠲᠠᠪᠠᠭᠯᠠᠵᠤ ᠰᠢᠷᠡᠭᠡᠨ ᠤ ᠭᠤᠤᠯ | ᠳᠤᠨᠢ ᠲᠡᠭᠰᠢ ᠰᠠᠶᠢᠬᠠᠨ ᠲᠠᠯᠪᠢᠵᠤ᠂ ᠰᠦ ᠪᠠᠨ ᠬᠡᠮᠨᠡᠭᠡᠳ ᠬᠠᠳᠠᠭ ᠤᠨ ᠬᠠᠮᠳᠤ ᠭᠡᠷ ᠤᠨ ᠡᠵᠡᠨ ᠳᠤᠨᠢ ᠪᠠᠷᠢᠵᠤ᠂ | ᠠᠶᠢᠷᠠᠭ ᠤᠨ ᠬᠦᠷᠦᠩᠬᠡ ᠵᠠᠯᠠᠬᠤ ᠤᠴᠢᠷ ᠢᠶᠠᠨ ᠢᠯᠡᠳᠭᠡᠨ᠎ᠡ᠃ ᠭᠡᠷ ᠤᠨ ᠡᠵᠡᠨ ᠲᠤᠰᠤᠨ ᠠᠪᠤᠭᠰᠠᠨ ᠤ ᠲᠠᠷᠠᠭ᠎ᠠ | ᠢᠷᠡᠭᠰᠡᠨ ᠬᠦᠮᠦᠨ ᠳᠤ ᠵᠠᠪᠠᠯ ᠠᠷᠢᠬᠢᠨ ᠤ ᠠᠮᠳᠠ ᠬᠦᠴᠦ ᠶᠢ ᠦᠵᠡ ᠬᠡᠮᠡᠨ ᠨᠡᠷᠡᠭᠰᠡᠨ ᠠᠷᠢᠬᠢ ᠪᠠᠨ | ᠠᠮᠰᠠᠭᠤᠯᠤᠭᠠᠳ᠂ ᠠᠪᠴᠢᠷᠠᠭᠰᠠᠨ ᠰᠦᠨ ᠤ ᠰᠠᠪᠠᠨ ᠳᠤ ᠠᠶᠢᠷᠠᠭ ᠲᠦᠬᠦᠷᠭᠡᠵᠦ ᠦᠭᠬᠦᠨ᠎ᠡ᠃ ᠠᠶᠢᠷᠠᠭ ᠤᠨ | ᠬᠦᠷᠦᠩᠬᠡ ᠵᠠᠯᠠᠭᠠᠳ ᠤᠶᠠᠭᠠᠨ ᠲᠡᠭᠡᠷ᠎ᠡ ᠪᠠᠨ ᠢᠷᠡᠵᠦ ᠪᠠᠭᠤᠬᠤ ᠳᠤ ᠭᠡᠷ ᠤᠨ ᠡᠵᠡᠭᠳᠡᠢ ᠰᠦᠢᠬᠡ ᠵᠡᠬᠦᠵᠦ | ᠠᠯᠴᠢᠭᠤᠷ ᠲᠠᠯᠪᠢᠨ ᠤᠭᠳᠤᠵᠤ ᠠᠪᠤᠭᠠᠳ᠂ ᠴᠡᠪᠡᠷᠯᠡᠵᠦ ᠠᠷᠢᠭᠤᠯᠤᠭᠰᠠᠨ ᠰᠠᠪᠠᠨ ᠳᠠᠭᠠᠨ ᠬᠢᠨ᠎ᠠ᠃ ᠠᠶᠢᠷᠠᠭ ᠨᠢ | ᠢᠰᠦᠭᠡᠳ ᠠᠩᠬᠠᠨ ᠤ ᠲᠤᠭᠤᠭ᠎ᠠ ᠨᠡᠷᠡᠬᠦ ᠦᠶ᠎ᠡ ᠳᠤ ᠬᠤᠳᠠ ᠤᠰᠤᠨ ᠤ ᠡᠪᠦᠬᠡᠳ ᠨᠠᠰᠤᠳᠠᠳ ᠴᠤ ᠬᠦᠷᠦᠯᠴᠡᠨ | ᠢᠷᠡᠵᠦ ᠪᠠᠶᠠᠷ ᠬᠦᠷᠭᠡᠨ ᠢᠷᠦᠬᠡᠯ ᠬᠠᠶᠢᠷᠠᠯᠠᠬᠤ ᠪᠦᠬᠡᠳ ᠪᠠᠭᠠᠴᠤᠳ ᠬᠡᠦᠬᠡᠳ ᠢ ᠪᠦᠬᠡ ᠪᠠᠷᠢᠯᠳᠤᠭᠤᠯᠵᠤ ᠨᠠᠶᠢᠷ | ᠬᠦᠷ ᠨᠡᠮᠡᠳᠡᠭ ᠪᠠᠶᠢᠨ᠎ᠠ᠃ |