ᠤᠯᠠᠮᠵᠢᠯᠠᠯᠳᠤ ᠨᠠᠭᠠᠳᠤᠮ ᠲᠤᠭᠯᠠᠭᠠᠮ — ᠱᠠᠭ᠎ᠠ  ︵1︶
ᠨᠡᠶᠢᠲᠡᠯᠡᠭᠰᠡᠨ ᠴᠠᠭ᠄
2022/12/10
   ᠱᠠᠭ᠎ᠠ ᠨᠠᠭᠠᠳᠬᠤ ᠪᠤᠯ ᠮᠤᠩᠭᠤᠯᠴᠤᠳ ᠤᠨ ᠨᠡᠬᠦᠳᠡᠯ ᠮᠠᠯᠵᠢᠯ᠂  ᠠᠮᠢᠳᠤᠷᠠᠯ ᠤᠨ ᠶᠠᠪᠤᠴᠠ ᠳᠤ ᠪᠤᠢ ᠪᠤᠯᠤᠭᠰᠠᠨ  ᠂  ᠮᠤᠩᠭᠤᠯ ᠦᠨᠳᠦᠰᠦᠳᠡᠨ ᠤ ᠦᠰᠪᠦᠷᠢ ᠶᠢᠨ ᠬᠡᠦᠬᠡᠳ ᠠᠴᠠ ᠦᠳᠡᠯᠦᠬᠡ ᠨᠠᠰᠤᠳᠠᠨ ᠬᠦᠷᠳᠡᠯ᠎ᠡ ᠬᠦᠮᠦᠨ ᠪᠦᠬᠦᠨ ᠨᠠᠭᠠᠳᠴᠤ ᠴᠢᠳᠠᠳᠠᠭ ᠨᠢᠬᠡ ᠵᠦᠢᠯ ᠤᠨ ᠤᠨᠴᠠᠭᠠᠢ ᠲᠤᠭᠯᠠᠭᠠᠮ ᠪᠤᠯᠤᠨ᠎ᠠ᠃ ᠱᠠᠭ᠎ᠠ ᠪᠠᠷ ᠨᠠᠭᠠᠳᠬᠤ ᠳᠤ ᠨᠢᠳᠦ᠂ ᠰᠡᠷᠡᠯ᠂ ᠭᠠᠷ ᠤᠨ ᠬᠦᠳᠡᠯᠬᠡᠬᠡᠨ ᠵᠡᠷᠭᠡ ᠶᠢ ᠪᠦᠷ ᠪᠤᠯᠪᠠᠰᠤᠷᠠᠭᠤᠯᠬᠤ ᠪᠦᠬᠡᠳ ᠤᠢ ᠪᠢᠯᠢᠭ  ᠢ  ᠨᠡᠭᠡᠭᠡᠭᠳᠡᠬᠦᠯᠵᠦ᠂ ᠴᠡᠭᠡᠵᠢᠯᠡᠬᠦ ᠴᠢᠳᠠᠪᠤᠷᠢ ᠶᠢ ᠨᠡᠮᠡᠭᠳᠡᠬᠦᠯᠬᠦ ᠦᠢᠯᠡᠳᠦᠯ ᠲᠠᠢ ᠪᠠᠶᠢᠳᠠᠭ᠃ ᠮᠤᠩᠭᠤᠯᠴᠤᠳ ᠱᠠᠭ᠎ᠠ  ᠶᠢ ᠮᠠᠰᠢ ᠡᠷᠬᠢᠮᠯᠡᠳᠡᠭ ᠭᠡᠰᠡᠨ ᠢ ᠰᠢᠨ᠎ᠡ ᠬᠦᠷᠭᠡᠨ ᠱᠠᠭ᠎ᠠ ᠪᠤᠯᠢᠶᠠᠵᠤ ᠲᠦᠷᠡᠶᠢᠯᠡᠳᠡᠭ ᠶᠠᠪᠤᠳᠠᠯ ᠭᠡᠷᠡᠴᠢᠯᠡᠵᠦ ᠪᠠᠶᠢᠭ᠎ᠠ᠃  ᠲᠠᠶᠢᠹᠤᠰᠧᠴᠤᠳ ᠱᠠᠭ᠎ᠠ ᠶᠢ ᠬᠡᠬᠡᠵᠦ ᠬᠠᠶᠠᠪᠠᠯ ᠮᠠᠯ ᠭᠠᠷᠤᠵᠠᠳᠠᠨ᠎ᠠ ᠬᠡᠵᠦ ᠱᠠᠭ᠎ᠠ ᠶᠢ ᠶᠡᠷᠦ ᠠᠴᠠ ᠭᠡᠭᠡᠵᠦ ᠬᠠᠶᠠᠳᠠᠭ ᠦᠬᠡᠢ᠂  ᠱᠠᠭ᠎ᠠ ᠤᠯᠪᠠᠯ ᠬᠠᠷᠢᠨ ᠲᠡᠬᠦᠵᠦ ᠠᠪᠳᠠᠭ᠃ ︽ᠱᠠᠭ᠎ᠠ ᠰᠠᠶᠢᠬᠠᠨ ᠵᠠᠰᠠᠪᠠᠯ ᠤᠨᠠᠭ᠎ᠠ ᠰᠠᠶᠢᠬᠠᠨ ᠲᠦᠷᠦᠨ᠎ᠡ᠂ ᠲᠤᠶᠢᠭ ᠰᠠᠶᠢᠬᠠᠨ ᠵᠠᠰᠠᠪᠠᠯ ᠬᠦᠦ ᠰᠠᠶᠢᠬᠠᠨ ᠲᠦᠷᠦᠨ᠎ᠡ︾ ᠬᠡᠮᠡᠨ ᠪᠡᠯᠬᠡᠰᠢᠶᠡᠵᠦ᠂ ᠱᠠᠭ᠎ᠠ ᠶᠢ ᠰᠠᠶᠢᠬᠠᠨ ᠮᠦᠯᠵᠢᠵᠦ ᠠᠷᠢᠯᠭᠠᠭᠠᠳ ᠠᠷᠠᠰᠤᠨ ᠲᠤᠯᠤᠮ ᠳᠤ ᠬᠢᠵᠦ᠂ ᠦᠶ᠎ᠡ ᠲᠠᠮᠵᠢᠨ ᠬᠠᠳᠠᠭᠠᠯᠠᠳᠠᠭ ᠪᠠᠶᠢᠪᠠ᠃  ᠵᠠᠷᠢᠮ ᠠᠶᠢᠯ  ᠨᠢ ᠤᠳᠤ ᠴᠤ ᠭᠡᠳ ᠦᠶ᠎ᠡ ᠲᠠᠮᠵᠢᠭᠳᠠᠭᠰᠠᠨ ᠱᠠᠭ᠎ᠠ ᠪᠠᠨ ᠡᠷᠬᠢᠮᠨᠡᠨ ᠬᠠᠳᠠᠭᠠᠯᠠᠵᠤ ᠪᠠᠶᠢᠳᠠᠭ᠃  ᠱᠠᠭ᠎ᠠ ᠪᠠᠷ ᠬᠦᠭᠰᠢᠨ ᠵᠠᠯᠠᠭᠤ᠂ ᠬᠡᠦᠬᠡᠳ ᠪᠠᠭᠠᠴᠤᠳ ᠪᠦᠷ ᠨᠠᠭᠠᠳᠴᠤ ᠪᠤᠯᠤᠨ᠎ᠠ᠃  ᠲᠡᠭᠡᠬᠦ ᠳᠡᠭᠡᠨ ᠭᠤᠤᠯᠳᠠᠭᠤ ᠡᠪᠦᠯ ᠴᠠᠭ  ᠲᠤ ᠨᠠᠭᠠᠳᠴᠤ᠂ ᠬᠠᠷᠢᠨ ᠬᠠᠪᠤᠷ ᠮᠠᠯ ᠲᠦᠯᠯᠡᠬᠦ ᠦᠶ᠎ᠡ ᠳᠤ ᠪᠤᠯ ︽ᠱᠠᠭ᠎ᠠ ᠨᠠᠭᠠᠳᠪᠠᠯ ᠮᠠᠶᠢᠭ ᠲᠦᠯ ᠭᠠᠷᠤᠨ᠎ᠠ︾ ᠬᠡᠮᠡᠨ ᠬᠤᠷᠢᠶᠠᠵᠤ ᠲᠠᠯᠪᠢᠳᠠᠭ᠃  ᠦᠬᠡᠷ ᠤᠨ ᠱᠠᠭ᠎ᠠ ᠪᠠᠷ ᠨᠠᠭᠠᠳᠪᠠᠯ  ︽ᠦᠬᠡᠷ ᠲᠡᠨᠡᠭ  ︾ ᠪᠤᠯᠤᠨ᠎ᠠ ᠬᠡᠵᠦ  ᠨᠠᠭᠠᠳᠬᠤ ᠶᠢ ᠴᠡᠭᠡᠷᠯᠡᠨ᠎ᠡ᠃     ᠱᠠᠭ᠎ᠠ ᠨᠢ ᠲᠦᠷᠪᠡᠨ ᠲᠠᠯ᠎ᠠ ᠲᠠᠢ᠂  ᠲᠠᠶᠢᠹᠤᠰᠧ ᠨᠤᠳᠤᠭ ᠲᠤ ᠡᠨᠡ ᠲᠦᠷᠪᠡᠨ ᠲᠠᠯ᠎ᠠ ᠶᠢ ᠮᠤᠷᠢ᠂ ᠲᠡᠮᠡᠭᠡ᠂ ᠬᠤᠨᠢ᠂ ᠢᠮᠠᠭ᠎ᠠ ᠭᠡᠵᠦ ᠢᠯᠭᠠᠳᠠᠭ  ᠃ ᠲᠤᠭᠯᠠᠭᠠᠮ ᠤᠨ ᠱᠠᠭ᠎ᠠ ᠶᠢ ᠰᠠᠶᠢᠬᠠᠨ ᠵᠠᠰᠠᠭᠠᠳ᠂ ᠮᠤᠷᠢ ᠲᠡᠮᠡᠭᠡ ᠲᠠᠯ᠎ᠠ ᠶᠢ ᠲᠡᠭᠰᠢᠯᠡᠨ  ᠬᠦᠯᠡᠢᠯᠭᠡᠭᠡᠳ᠂ ᠤᠯᠠᠭᠠᠨ ᠪᠤᠶᠤ ᠬᠦᠷᠡᠩ ᠪᠤᠳᠤᠭ ᠢᠶᠠᠷ ᠪᠤᠳᠤᠵᠤ᠂ ᠢᠯᠠᠩᠭᠤᠶ᠎ᠠ ︽ᠤᠷᠤᠯᠳᠤᠭᠠᠨ ᠤ ᠮᠤᠷᠢ︾ ᠪᠤᠯᠭᠠᠬᠤ ᠱᠠᠭ᠎ᠠ ᠶᠢ ᠪᠤᠯ ᠭᠠᠩᠭᠠᠩ ᠰᠠᠶᠢᠬᠠᠨ ᠱᠠᠭ᠎ᠠ ᠪᠠ ᠵᠡᠭᠡᠷ᠎ᠡ ᠶᠢᠨ ᠱᠠᠭ᠎ᠠ ᠶᠢ ᠰᠢᠯᠢᠵᠦ ᠵᠠᠰᠠᠭᠠᠳ  ᠴᠠᠢ ᠪᠤᠶᠤ ᠲᠤᠰᠤᠨ ᠳᠤ ᠪᠤᠴᠠᠯᠭᠠᠵᠤ᠂ ᠬᠦᠷᠡᠩ ᠰᠢᠷᠭᠠᠯ  ᠦᠩᠬᠡ ᠤᠷᠤᠭᠤᠯᠤᠨ᠂ ᠲᠡᠬᠦᠨ ᠢᠶᠠᠨ ᠵᠡᠭᠡᠷᠳᠡ ᠮᠤᠷᠢ᠂ ᠰᠢᠷᠭ᠎ᠠ ᠮᠤᠷᠢ ᠬᠡᠮᠡᠨ ᠨᠡᠷᠡᠯᠡᠳᠡᠭ᠃ ᠱᠠᠭ᠎ᠠ ᠪᠠᠷ ᠮᠠᠰᠢ ᠤᠯᠠᠨ ᠶᠠᠩᠵᠤ ᠶᠢᠨ ᠲᠤᠭᠯᠠᠭᠠᠮ ᠲᠤᠭᠯᠠᠵᠤ ᠪᠤᠯᠤᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号