ᠤᠯᠠᠮᠵᠢᠯᠠᠯᠳᠤ ᠨᠠᠭᠠᠳᠤᠮ ᠲᠤᠭᠯᠠᠭᠠᠮ —  ᠡᠪᠡᠷ ᠪᠤᠭᠤ
ᠨᠡᠶᠢᠲᠡᠯᠡᠭᠰᠡᠨ ᠴᠠᠭ᠄
2020/11/18
 ᠡᠪᠡᠷ ᠪᠤᠭᠤ ᠪᠤᠯ ᠲᠦᠬᠦᠮ ᠮᠦᠷᠳᠡᠭᠡᠨ ᠰᠤᠨᠢᠷᠬᠠᠯᠳᠠᠢ ᠲᠤᠭᠯᠠᠭᠠᠮ ᠶᠤᠮ᠃ ᠦᠬᠡᠷ ᠤᠨ ᠡᠪᠡᠷ ᠤᠨ ᠲᠦᠷᠰᠦ ᠲᠠᠢ ᠠᠷᠪᠠᠨ ᠰᠠᠭᠤᠳᠠᠯ ᠲᠠᠢ ᠬᠦᠯᠬᠡ ᠵᠢᠷᠤᠭᠠᠳ᠂ ᠪᠤᠭᠤ ᠶᠢ ᠨᠢᠬᠡ ᠬᠦᠮᠦᠨ ᠪᠠᠷᠢᠵᠤ᠂ ᠬᠤᠶᠠᠷ ᠬᠦᠯᠦᠬᠡ ᠶᠢ ᠨᠢᠬᠡ ᠬᠦᠮᠦᠨ ᠪᠠᠷᠢᠵᠤ᠂  ᠪᠦᠬᠦᠳᠡ ᠡᠶᠢᠮᠦ ᠭᠤᠷᠪᠠᠭ᠋ᠠᠨ ᠱᠠᠭ᠎ᠠ ᠪᠠᠷ ᠬᠤᠶᠠᠷ ᠬᠦᠮᠦᠨ ᠨᠠᠭᠠᠳᠤᠨ᠎ᠠ᠃ ᠡᠬᠢᠯᠡᠵᠦ ᠨᠠᠭᠠᠳᠬᠤ  ᠳᠠᠭᠠᠨ ᠡᠪᠡᠷ ᠬᠦᠯᠬᠡ ᠶᠢᠨ ᠲᠤᠤᠷ᠎ᠠ ᠲᠠᠯ᠎ᠠ ᠶᠢᠨ ᠬᠤᠶᠠᠷ ᠰᠠᠭᠤᠳᠠᠯ ᠳᠤ ᠬᠦᠯᠦᠬᠡ ᠰᠠᠭᠤᠵᠤ᠂ ᠲᠡᠬᠦᠨ ᠤ ᠶᠠᠭ ᠲᠡᠭᠡᠷᠡᠬᠢ ᠨᠢᠬᠡ ᠰᠠᠭᠤᠳᠠᠯ ᠳᠤ ᠪᠤᠭᠤ ᠰᠠᠭᠤᠨ᠎ᠠ᠃ ᠡᠬᠢᠯᠡᠭᠡᠳ ᠪᠤᠭᠤ ᠨᠡᠬᠦᠵᠦ ᠲᠠᠷᠠᠭ᠎ᠠ ᠨᠢ ᠬᠦᠯᠦᠬᠡ ᠨᠡᠬᠦᠨ᠎ᠡ  ᠂ ᠬᠡᠬᠦ ᠳᠡᠭᠡᠨ ᠡᠷᠭᠡᠪᠰᠢ ᠨᠢᠬᠡ ᠨᠢᠬᠡ ᠨᠡᠬᠦᠳᠡᠯ ᠢᠶᠠᠷ ᠨᠡᠬᠦᠨ᠎ᠡ᠃ ᠢᠩᠬᠢᠵᠦ ᠡᠬᠡᠯᠵᠢᠯᠡᠨ ᠨᠡᠬᠦᠭᠰᠡᠭᠡᠷ ᠪᠠᠶᠢᠵᠤ ᠪᠤᠭᠤ ᠶᠢ ᠭᠤᠷᠪᠠᠨ ᠦᠨᠴᠦᠭ ᠤᠨ ᠠᠯᠢ ᠨᠢᠬᠡᠨ ᠰᠠᠭᠤᠳᠠᠯ ᠳᠤ ᠰᠢᠬᠠᠵᠤ ᠤᠷᠤᠭᠤᠯᠪᠠᠯ ᠬᠦᠯᠦᠬᠡ ᠪᠠᠷᠢᠭᠰᠠᠨ ᠬᠦᠮᠦᠨ  ᠱᠦᠬᠦᠵᠦ᠂  ᠭᠡᠷᠪᠡ ᠪᠤᠭᠤ ᠨᠢ ᠬᠦᠯᠦᠬᠡ ᠶᠢᠨ ᠠᠷᠤ ᠲᠠᠯ᠎ᠠ ᠳᠤ ᠰᠢᠷᠭᠤᠨ ᠤᠷᠤᠵᠤ ᠴᠢᠳᠠᠪᠠᠯ ᠪᠤᠭᠤ ᠪᠠᠷᠢᠭᠰᠠᠨ ᠬᠦᠮᠦᠨ ᠱᠦᠬᠦᠨ᠎ᠡ᠃ ᠡᠨᠡ  ᠲᠤᠭᠯᠠᠭᠠᠮ ᠢ ᠨᠠᠭᠠᠳᠬᠤ ᠳᠤ ᠲᠦᠬᠦᠮ᠂  ᠬᠦᠳᠡᠭᠡ ᠭᠠᠳᠠᠭ᠎ᠠ ᠬᠠᠮᠢᠭ᠎ᠠ ᠭᠠᠵᠠᠷ ᠴᠤ ᠬᠠᠮᠢᠶ᠎ᠠ ᠦᠬᠡᠢ᠂ ᠠᠷᠪᠠᠨ ᠨᠢᠬᠡᠨ ᠰᠠᠭᠤᠳᠠᠯ ᠲᠠᠢ  ᠪᠤᠶᠤ ᠶᠢᠰᠦᠨ ᠰᠠᠭᠤᠳᠠᠯ ᠲᠠᠢ  ᠬᠦᠯᠬᠡ ᠵᠢᠷᠤᠭᠠᠳ᠂ ᠭᠤᠷᠪᠠᠨ ᠴᠢᠯᠠᠭᠤ ᠪᠠᠷ ᠲᠤᠭᠯᠠᠵᠤ ᠪᠦᠷ ᠪᠤᠯᠳᠠᠭ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号