ᠤᠯᠠᠮᠵᠢᠯᠠᠯᠳᠤ ᠨᠠᠭᠠᠳᠤᠮ ᠲᠤᠭᠯᠠᠭᠠᠮ —  ᠳ᠋ᠠᠯᠢᠶᠤᠤ
ᠨᠡᠶᠢᠲᠡᠯᠡᠭᠰᠡᠨ ᠴᠠᠭ᠄
2020/12/11
  ᠳ᠋ᠠᠯᠢᠶᠤᠤ ᠬᠡᠳᠡᠭ ᠨᠢ  ᠵᠢᠵᠢᠭ ᠲᠦᠷᠪᠡᠯᠵᠢᠨ ᠬᠤᠯᠤᠰᠤ᠂ ᠮᠤᠳᠤ ᠪᠤᠶᠤ  ᠶᠠᠰᠤᠨ ᠲᠡᠭᠡᠷ᠎ᠡ  ᠨᠦᠬᠡᠨ ᠤᠷᠤᠮ ᠭᠠᠷᠭᠠᠵᠤ ᠬᠢᠭᠰᠡᠨ 64 ᠫᠠᠢ ᠪᠤᠯᠤᠨ᠎ᠠ᠃ ᠲᠠᠪᠢᠳᠤ ᠶᠢᠨ  ᠬᠤᠨᠵᠢᠶ᠎ᠠ ᠨᠠᠭᠠᠳᠬᠤ᠂ ᠬᠤᠷᠢᠨ ᠲᠦᠷᠪᠡ ᠶᠢᠨ ᠬᠤᠨᠵᠢᠶ᠎ᠠ ᠨᠠᠭᠠᠳᠬᠤ᠂  ︽ᠭᠡᠷ ᠪᠠᠷᠢᠬᠤ︾᠂  ᠨᠦᠬᠡ ᠲᠠᠭᠠᠷᠠᠭᠤᠯᠬᠤ ᠮᠡᠳᠦ   ᠪᠠᠷ ᠤᠯᠠᠨ ᠲᠤᠭᠳᠠᠭᠠᠯ ᠵᠢᠷᠤᠮ  ᠲᠠᠢ᠂ ᠤᠯᠠᠨ ᠱᠦᠬᠦᠯᠳᠡ ᠲᠠᠢ ᠨᠠᠭᠠᠳᠴᠤ ᠪᠤᠯᠤᠨ᠎ᠠ᠃ ᠫᠠᠢ ᠨᠤᠭᠤᠳ ᠨᠢ ᠫᠠᠷᠴᠢᠨ ᠠᠷᠪᠠ᠂ ᠯᠠᠮᠠ ᠶᠢᠰᠦ᠂ ᠴᠢᠪᠠᠭᠠᠨᠴᠠ ᠨᠠᠢᠮᠠ᠂ ᠬᠦᠷᠵᠡ ᠲᠤᠯᠤᠭ᠎ᠠ᠂  ᠴᠡᠴᠡᠭ ᠵᠢᠷᠭᠤᠭ᠎ᠠ᠂ ᠬᠠᠷ᠎ᠠ ᠲᠠᠪᠤ᠂ ᠤᠶᠢᠮᠤᠰᠤ ︵ ᠲᠦᠷᠪᠡᠨ ᠨᠦᠬᠡ  ᠲᠠᠢ︶᠂  ᠰᠤᠬᠤᠷ ︵ ᠬᠤᠶᠠᠷ ᠨᠦᠬᠡ ᠲᠠᠢ︶ ᠬᠡᠮᠡᠬᠦ ᠮᠤᠩᠭᠤᠯ ᠨᠡᠷᠡᠶᠢᠳᠦᠯ ᠲᠠᠢ ᠪᠠᠶᠢᠳᠠᠭ᠃  ᠬᠠᠮᠤᠭ ᠶᠡᠭᠡ ᠫᠠᠢ  ᠨᠢ 12 ᠨᠦᠬᠡ ᠲᠠᠢ᠂ ᠲᠡᠬᠦᠨ ᠢ ︽ ᠳ᠋ᠠᠯᠢᠶᠤᠤ︾ ᠬᠡᠵᠦ᠂  11 ᠨᠦᠬᠡ ᠲᠠᠢ ᠫᠠᠢ ᠶᠢ ᠨᠢ ︽ᠦᠯᠢᠶᠤᠤ︾  ᠭᠡᠳᠡᠭ᠃  ᠡᠬᠦᠪᠡᠷ ᠰᠡᠳᠦᠪᠯᠡᠭᠡᠳ ᠬᠦᠮᠦᠰ  ᠪᠠᠰᠠ ︽ ᠳ᠋ᠠᠯᠢᠶᠤᠤ ᠦᠯᠢᠶᠤᠤ ᠰᠢᠷᠡᠭᠡᠨ ᠤ ᠬᠤᠸᠠᠷ᠂ ᠳ᠋ᠠᠮᠪᠠ ᠶᠢᠨ ᠬᠡᠦᠬᠡᠨ ᠬᠤᠳᠠᠨ ᠤ ᠬᠤᠸᠠᠷ︾  ᠭᠡᠮᠡᠬᠦ ᠨᠠᠭᠠᠳᠤᠮ ᠤᠨ ᠦᠬᠡ ᠵᠤᠬᠢᠶᠠᠭᠰᠠᠨ ᠪᠠᠶᠢᠳᠠᠭ᠃     ︽ᠭᠡᠷ ᠪᠠᠷᠢᠬᠤ︾ ᠳᠤ ᠨᠠᠭᠠᠳᠬᠤ ᠬᠦᠮᠦᠨ ᠤ ᠪᠠᠨ ᠲᠤᠭ᠎ᠠ ᠶᠢ ᠦᠵᠡᠵᠦ ᠪᠠᠶᠢᠭᠠᠳ 64 ᠫᠠᠢ ᠪᠠᠨ ᠠᠳᠠᠯᠢ ᠬᠡᠮᠵᠢᠶ᠎ᠡ ᠲᠠᠢ ᠤᠪᠤᠭᠠᠯᠠᠵᠤ ᠲᠤᠭᠤᠷᠢᠭᠯᠠᠨ ᠲᠠᠯᠪᠢᠨ᠎ᠠ᠃ ᠵᠢᠱᠢᠶᠡᠯᠡᠪᠡᠯ  ᠲᠦᠷᠪᠡᠨ ᠬᠦᠮᠦᠨ ᠨᠠᠭᠠᠳᠪᠠᠯ  ᠂ ᠬᠦᠮᠦᠨ ᠪᠦᠷᠢ ᠳᠤ ᠲᠡᠭᠰᠢ ᠨᠤᠭᠳᠠᠭᠤᠯᠬᠤ  ᠭᠡᠵᠦ ᠲᠦᠷᠪᠡ ᠲᠦᠷᠪᠡ ᠪᠠᠷ 16 ᠤᠪᠤᠭ᠎ᠠ  ᠪᠤᠰᠬᠠᠨ᠎ᠠ  ᠃ ᠲᠠᠪᠤᠨ ᠬᠦᠮᠦᠨ ᠨᠠᠭᠠᠳᠬᠤ ᠳᠤ 64 ᠫᠠᠢ ᠨᠢ ᠲᠡᠭᠰᠢ ᠨᠤᠭᠳᠠᠬᠤ ᠦᠬᠡᠢ ᠪᠤᠯᠬᠤᠷ ᠲᠦᠷᠪᠡᠨ ︽ᠤᠶᠢᠮᠤᠰᠤ︾ ᠪᠤᠶᠤ ᠲᠦᠷᠪᠡᠨ ︽ᠰᠠᠨᠳᠠᠯᠢ︾   ᠶᠢᠨ ᠠᠯᠢ ᠨᠢᠬᠡ ᠵᠦᠢᠯ ᠢ  ᠭᠠᠷᠭᠠᠵᠤ ᠬᠠᠶᠠᠭᠠᠳ  ᠂ 60 ᠫᠠᠢ ᠪᠠᠨ ᠲᠠᠪᠤᠨ ᠬᠦᠮᠦᠨ ᠳᠤ ᠲᠡᠭᠰᠢ ᠨᠤᠭᠳᠠᠭᠤᠯᠵᠤ᠂  ᠲᠠᠪᠤ ᠲᠠᠪᠤ ᠪᠠᠷ 12 ᠤᠪᠤᠭ᠎ᠠ ᠤᠪᠤᠭᠠᠯᠠᠨ᠎ᠠ᠃   ︽ᠳ᠋ᠠᠯᠢᠶᠤᠤ︾  ᠪᠤᠯ  ᠠᠷᠪᠠᠨ ᠬᠤᠶᠠᠷ ᠨᠦᠬᠡ ᠲᠠᠢ ᠬᠠᠮᠤᠭ ᠶᠡᠭᠡ ᠫᠠᠢ᠂  ︽ᠰᠤᠬᠤᠷ︾ ᠪᠤᠯ  ᠬᠤᠶᠠᠷᠬᠠᠨ ᠨᠦᠬᠡ ᠲᠠᠢ ᠬᠠᠮᠤᠭ ᠪᠠᠭ᠎ᠠ ᠫᠠᠢ᠃  ᠨᠠᠭᠠᠳᠬᠤ ᠠᠷᠭ᠎ᠠ ᠨᠢ  ᠬᠠᠮᠤᠭ ᠴᠦᠬᠡᠨ ᠳᠡᠭᠡᠨ ᠨᠢᠬᠡ ᠫᠠᠢ᠂  ᠬᠠᠮᠤᠭ ᠶᠡᠭᠡ ᠳᠡᠭᠡᠨ ᠲᠦᠷᠪᠡᠨ ᠫᠠᠢ  ᠭᠠᠷᠴᠤ ᠪᠤᠯᠤᠨ᠎ᠠ᠂  ᠲᠡᠭᠡᠬᠦ ᠳᠡᠭᠡᠨ  ᠬᠤᠶᠠᠷ ᠪᠤᠶᠤ ᠬᠤᠶᠠᠷ ᠠᠴᠠ ᠲᠡᠭᠡᠭᠰᠢ ᠫᠠᠢ ᠭᠠᠷᠬᠤ ᠳᠤ ᠵᠠᠪᠠᠯ ᠢᠵᠢᠯ  ᠫᠠᠢ ᠭᠠᠷᠬᠤ ᠭᠡᠷᠡᠭᠳᠡᠢ᠃  ᠵᠢᠱᠢᠶᠡᠯᠡᠪᠡᠯ᠂   ᠬᠤᠤᠰ ︽ᠤᠶᠢᠮᠤᠰᠤ︾᠂  ᠭᠤᠷᠪᠠᠨ  ︽ᠰᠤᠬᠤᠷ︾᠂   ᠲᠦᠷᠪᠡᠨ ︽ ᠬᠦᠷᠵᠡ ᠲᠤᠯᠤᠭ᠎ᠠ︾᠂᠂᠂᠂᠂᠂ ᠬᠡᠬᠦ ᠮᠡᠳᠦ᠃  ᠲᠡᠭᠡᠭᠡᠳ ᠶᠡᠭᠡ ᠫᠠᠢ ᠨᠢ ᠪᠠᠭ᠎ᠠ ᠫᠠᠢ ᠪᠠᠨ ᠲᠠᠷᠤᠵᠤ  ︽ᠭᠡᠷ ᠪᠠᠷᠢᠨ᠎ᠠ︾᠃  ᠲᠡᠭᠡᠷᠡᠬᠢ ᠬᠦᠮᠦᠨ ᠨᠢ  ᠬᠤᠶᠠᠷ᠂ ᠭᠤᠷᠪᠠ᠂ ᠲᠦᠷᠪᠡ ᠪᠠᠷ ᠢᠵᠢᠯ ᠫᠠᠢ ᠭᠠᠷᠬᠤ ᠦᠶᠡᠰ᠂  ᠲᠠᠷᠠᠭᠠᠴᠢ ᠶᠢᠨ  ᠬᠦᠮᠦᠰ ᠲᠤ ᠲᠡᠬᠦᠨ ᠢ ᠲᠠᠷᠤᠬᠤ ᠢᠵᠢᠯ ᠫᠠᠢ ᠪᠠᠶᠢᠪᠠᠯ ᠲᠠᠷᠤᠭᠠᠳ ︽ᠭᠡᠷ ᠪᠠᠷᠢᠨ᠎ᠠ︾  ᠂  ᠲᠠᠷᠤᠬᠤ ᠢᠵᠢᠯ ᠫᠠᠢ ᠪᠠᠶᠢᠬᠤ ᠦᠬᠡᠢ ᠪᠤᠯ  ᠬᠠᠮᠤᠭ ᠮᠠᠭᠤ ᠫᠠᠢ ᠠᠴᠠ ᠪᠠᠨ ᠦᠭᠴᠦ ᠲᠠᠷᠤᠭᠤᠯᠤᠨ᠎ᠠ᠃  ᠡᠶᠢᠮᠦ  ᠠᠴᠠ ᠲᠤᠰ ᠲᠤᠭᠯᠠᠭᠠᠮ ᠢ ᠨᠠᠭᠠᠳᠬᠤ ᠳᠤ ᠪᠠᠭ᠎ᠠ ᠪᠤᠰᠤ ᠠᠷᠭ᠎ᠠ ᠤᠬᠠᠭᠠᠨ ᠭᠡᠷᠡᠭᠰᠡᠨ᠎ᠡ᠃  ᠵᠠᠷᠢᠮ ᠦᠶᠡᠰ ᠫᠠᠢ ᠰᠠᠶᠢᠳᠠᠢ᠂ ︽ᠭᠡᠷ ᠪᠠᠷᠢᠬᠤ︾ ᠪᠠᠳᠤᠯᠠᠭ᠎ᠠ ᠲᠠᠢ ᠬᠦᠮᠦᠰ ᠨᠢ ᠫᠠᠢ ᠮᠠᠭᠤᠳᠠᠢ ᠬᠦᠮᠦᠨ ᠢᠶᠠᠨ ᠬᠠᠪᠴᠢᠨ ᠰᠢᠬᠠᠮᠳᠠᠭᠤᠯᠵᠤ᠂ ᠲᠠᠷᠤᠬᠤ ᠴᠠᠭ ᠲᠤᠨᠢ ᠲᠠᠷᠤᠵᠤ᠂ ᠲᠠᠷᠤᠭᠤᠯᠬᠤ ᠴᠠᠭ ᠲᠠᠭᠠᠨ ᠲᠠᠷᠤᠭᠤᠯᠤᠨ ᠪᠠᠶᠢᠵᠤ᠂  ᠨᠦᠬᠦᠬᠡ ᠬᠦᠮᠦᠨ ᠢᠶᠠᠨ ︽ᠬᠡᠷ ᠪᠠᠷᠢᠬᠤ︾ ᠵᠠᠪᠰᠢᠶᠠᠨ ᠦᠬᠡᠢ ᠪᠤᠯᠭᠠᠨ ︽ᠬᠦᠳᠡᠭᠡ ᠬᠤᠨᠤᠭᠤᠯᠳᠠᠭ︾᠃ ︽ᠬᠦᠳᠡᠭᠡ  ᠬᠤᠨᠤᠭᠰᠠᠨ︾ ᠬᠦᠮᠦᠨ ᠳᠤ ᠴᠠᠭᠠᠰᠤᠨ ᠮᠠᠯᠠᠭᠠᠢ ᠡᠮᠦᠰᠭᠡᠵᠦ᠂  ᠰᠠᠭᠤᠯᠠᠭ᠎ᠠ ᠰᠠᠪᠠ ᠵᠡᠬᠦᠯᠬᠡᠬᠦ  ᠪᠤᠶᠤ  ᠤᠯᠠᠨ ᠳᠤ ᠠᠮᠤᠷ ᠡᠷᠢᠬᠦᠯᠵᠦ  ᠵᠤᠪᠠᠭᠠᠨ᠎ᠠ᠃ ᠤᠯᠠᠨ ᠬᠦᠮᠦᠨ ᠨᠠᠭᠠᠳᠪᠠᠯ ︽ᠬᠦᠳᠡᠭᠡ ᠬᠤᠨᠤᠬᠤ︾ ᠨᠢ ᠴᠤ ᠤᠯᠠᠨ ᠪᠤᠯᠵᠤ᠂ ᠤᠯᠠᠮ ᠶᠡᠭᠡ ᠠᠳᠠᠭ᠎ᠠ ᠲᠠᠢ ᠪᠠᠶᠢᠳᠠᠭ᠃      ︽ᠨᠦᠬᠡ ᠲᠠᠭᠠᠷᠠᠭᠤᠯᠬᠤ︾ ᠨᠢ ︽ᠭᠡᠷ ᠪᠠᠷᠢᠬᠤ︾ ᠶᠢ ᠪᠤᠳᠤᠪᠠᠯ  ᠨᠠᠭᠠᠳᠬᠤ ᠳᠤ ᠨᠡᠩ ᠠᠮᠠᠷᠬᠠᠨ᠂ ᠵᠢᠭᠠᠯ ᠬᠡᠦᠭᠡᠳ ᠴᠤ ᠨᠠᠭᠠᠳᠴᠤ ᠴᠢᠳᠠᠨ᠎ᠠ᠃  ᠲᠤᠬᠠᠶᠢᠯᠠᠪᠠᠯ᠂ 64 ᠫᠠᠢ ᠪᠠᠨ ᠠᠳᠠᠯᠢ ᠲᠡᠭᠰᠢ ᠬᠤᠪᠢᠶᠠᠵᠤ ᠠᠪᠤᠭᠠᠳ᠂  ᠲᠡᠭᠡᠷ᠎ᠡ ᠬᠦᠮᠦᠨ ᠨᠢ ᠨᠢᠬᠡ ᠫᠠᠢ  ᠭᠠᠷᠪᠠᠯ ᠲᠠᠷᠠᠭᠠᠴᠢ ᠶᠢᠨ ᠬᠦᠮᠦᠨ ᠨᠢ ᠭᠠᠷᠤᠭᠰᠠᠨ ᠫᠠᠢ ᠶᠢᠨ ᠠᠯᠢ ᠨᠢᠬᠡ ᠦᠵᠦᠬᠦᠷ   ᠤᠨ ᠬᠢᠨᠢ ᠨᠦᠬᠡᠨ ᠤ ᠲᠤᠭ᠎ᠠ ᠳᠤ  ᠲᠠᠭᠠᠷᠠᠭᠤᠯᠤᠨ ᠦᠪᠡᠷ ᠤᠨ  ᠫᠠᠢ ᠪᠠᠨ ᠵᠠᠯᠭᠠᠵᠤ ᠲᠠᠯᠪᠢᠨ᠎ᠠ᠃  ᠵᠢᠱᠢᠶᠡᠯᠡᠪᠡᠯ᠂  ︽ᠬᠦᠷᠵᠡ ᠲᠤᠯᠤᠭ᠎ᠠ︾   ᠪᠠᠷ ᠠᠪᠴᠤ ᠬᠡᠯᠡᠬᠦ ᠳᠤ ᠵᠢᠷᠭᠤᠭᠠᠨ ᠨᠦᠬᠡ ᠲᠠᠢ ᠨᠢ ᠲᠠᠭᠠᠷᠠᠭᠤᠯᠵᠤ ᠵᠠᠯᠭᠠᠭᠰᠠᠨ ᠴᠤ ᠪᠤᠯᠤᠨ᠎ᠠ᠂  ᠨᠢᠬᠡ ᠨᠦᠬᠡ ᠲᠠᠢ ᠨᠢ ᠲᠠᠭᠠᠷᠠᠭᠤᠯᠵᠤ ᠵᠠᠯᠭᠠᠭᠰᠠᠨ ᠴᠤ ᠪᠤᠯᠳᠠᠭ᠃  ᠡᠨᠡ ᠮᠡᠳᠦ ᠪᠠᠷ ᠡᠬᠡᠯᠵᠢᠯᠡᠨ ᠲᠠᠭᠠᠷᠠᠭᠤᠯᠵᠤ ᠵᠠᠯᠭᠠᠭᠠᠳ᠂ ᠬᠡᠨ ᠤᠷᠢᠳᠠᠪᠠᠷ ᠭᠠᠷ ᠲᠠᠬᠢ ᠫᠠᠢ ᠪᠠᠨ ᠵᠠᠯᠭᠠᠵᠤ ᠪᠠᠷᠠᠪᠠᠯ  ᠱᠦᠬᠦᠭᠰᠡᠨ  ᠢᠶᠠᠷ ᠪᠤᠳᠤᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号