ᠭᠠᠵᠠᠷ ᠤᠰᠤᠨ —  ᠠᠯᠠᠭ ᠠᠳᠤᠭᠤᠨ ᠰᠦᠷᠦᠭ
ᠨᠡᠶᠢᠲᠡᠯᠡᠭᠰᠡᠨ ᠴᠠᠭ᠄
2021/4/21
 ᠬᠦᠨᠪᠤᠯᠠᠭ ᠰᠤᠮᠤᠨ ᠤ ᠰᠠᠶᠢᠬᠠᠨᠨᠠᠭᠤᠷ ᠭᠠᠴᠠᠭᠠᠨ ᠤ ᠨᠢᠬᠡ ᠬᠤᠳᠠ ᠤᠰᠤ  ᠂ ᠬᠢᠳᠠᠳᠴᠤᠳ ᠬᠤᠸᠠ ᠮᠠ ᠴᠢᠶᠦ᠋ᠨ ᠭᠡᠳᠡᠭ᠃  ᠮᠠᠨᠵᠤ ᠶᠢᠨ ᠪᠠᠳᠠᠷᠠᠭᠤᠯᠳᠤ ᠲᠦᠷᠦ ᠶᠢᠨ ᠦᠶᠡᠰ ᠨᠢᠬᠡ ᠪᠦᠯᠦᠭ ᠨᠤᠶᠠᠳ ᠴᠡᠷᠢᠭ ᠮᠠᠯᠠᠭᠠᠢ  ᠶᠢᠨ ᠰᠦᠮ᠎ᠡ ᠲᠡᠭᠡᠷ᠎ᠡ ᠰᠠᠭᠤᠵᠤ᠂  ᠬᠦᠢᠰᠦᠳᠦ ᠨᠠᠭᠤᠷ ᠤᠨ ᠵᠡᠬᠦᠨ ᠡᠮᠦᠨ᠎ᠡ ᠰᠢᠷᠡᠭᠡᠨ ᠲᠡᠭᠡᠷ᠎ᠡ ᠪᠠ ᠬᠠᠰᠢᠶᠠᠳᠤ ᠨᠠᠭᠤᠷ ᠤᠨ ᠵᠡᠬᠦᠨᠳᠡᠢ ᠶᠡᠭᠡ ᠭᠤᠤ ᠮᠠᠯᠳᠠᠨ ᠠᠳᠤᠭᠤ ᠬᠤᠷᠢᠵᠤ᠂  ᠠᠳᠤᠭᠤᠨ ᠰᠦᠷᠦᠭ ᠪᠦᠷᠢ ᠶᠢ ᠨᠢᠭᠡᠳ ᠨᠢᠬᠡ  ᠪᠠᠷ ᠨᠢ ᠡᠷ᠎ᠡ ᠡᠮ᠎ᠡ᠂ ᠨᠠᠰᠤ ᠵᠢᠰᠦ ᠪᠠᠷ ᠨᠢ ᠢᠯᠭᠠᠨ ᠲᠠᠩᠰᠠᠯᠠᠭᠠᠳ᠂ ᠵᠦᠪ ᠲᠠᠯ᠎ᠠ ᠶᠢᠨ ᠭᠤᠶ᠎ᠠ ᠲᠡᠭᠡᠷ᠎ᠡ ᠨᠢ ᠭᠢᠳᠠᠳ ᠦᠰᠦᠭ ᠤᠨ生 ᠲᠠᠮᠠᠭ᠎ᠠ ᠬᠠᠶᠢᠷᠤᠭᠰᠠᠨ ᠭᠡᠨ᠎ᠡ᠃ ᠲᠡᠷᠡ  ᠶᠡᠭᠡ ᠭᠤᠤ ᠶᠢ ︽ᠲᠠᠪᠤᠨ ᠬᠤᠰᠢᠭᠤ ᠬᠦᠷᠢᠶ᠎ᠡ︾ ᠭᠡᠳᠡᠭ᠃ ᠵᠠᠯᠭᠠᠭᠠᠳ ᠲᠤᠭᠠᠯᠠᠨ ᠲᠠᠮᠠᠭᠠᠯᠠᠭᠰᠠᠨ ᠠᠳᠤᠭᠤ ᠪᠠᠨ ᠦᠩᠬᠡ ᠵᠢᠰᠦ ᠪᠠᠷ ᠨᠢ ᠢᠯᠭᠠᠨ ᠴᠠᠭᠠᠨ ᠠᠳᠤᠭᠤ᠂ ᠠᠯᠠᠭ ᠠᠳᠤᠭᠤ᠂ ᠭᠡᠭᠡᠷ ᠠᠳᠤᠭᠤ᠂ ᠵᠡᠭᠡᠷᠳᠡ ᠠᠳᠤᠭᠤ ᠭᠡᠮᠡᠨ ᠵᠢᠰᠦᠯᠡᠨ ᠨᠡᠶᠢᠯᠡᠬᠦᠯᠵᠦ᠂ ᠰᠦᠷᠦᠭ ᠪᠤᠯᠭᠠᠨ ᠢ ᠲᠤᠰᠬᠠᠢ ᠲᠠᠷᠤᠭ᠎ᠠ ᠳᠤ ᠲᠤᠰᠢᠶᠠᠨ ᠦᠭᠴᠦ ᠮᠠᠯᠵᠢᠭᠤᠯᠤᠭᠰᠠᠨ ᠪᠠᠶᠢᠪᠠ᠃ ᠡᠶᠢᠨᠬᠦ ᠲᠠᠶᠢᠹᠤᠰᠧ ᠵᠡᠬᠦᠨ ᠭᠠᠷ   ᠤᠨ ᠲᠠᠯᠠᠨ ᠲᠠᠪᠤᠨ ᠠᠳᠤᠭᠤᠨ ᠰᠦᠷᠦᠭ ᠨᠢ ᠬᠤᠷᠢᠶᠠᠭᠳᠠᠭᠠᠳ᠂ ᠠᠳᠤᠭᠤᠨ ᠲᠠᠷᠤᠭ᠎ᠠ᠂ ᠮᠡᠶᠢᠷᠡᠨ᠂ ᠠᠳᠤᠭᠤᠴᠢᠨ ᠬᠦᠷᠳᠡᠯ᠎ᠡ ᠤᠨᠤᠭᠠᠷᠢ ᠪᠠᠨ ᠠᠯᠳᠠᠵᠤ᠂ ᠭᠠᠭ᠋ᠠᠢ ᠶᠠᠪᠠᠭᠠᠨ ᠪᠤᠯᠤᠯ᠎ᠠ ᠬᠡᠵᠦ ᠮᠠᠨᠵᠤ ᠶᠢ ᠵᠦᠬᠡᠳᠡᠭ ᠪᠠᠶᠢᠵᠠᠢ᠃ ᠲᠡᠭᠡᠬᠦ ᠳᠡᠭᠡᠨ  ᠴᠤᠬᠤᠷ ᠠᠯᠠᠭ ᠠᠳᠤᠭᠤᠨ ᠰᠦᠷᠦᠭ ᠢ ᠰᠠᠶᠢᠬᠠᠨᠨᠠᠭᠤᠷ ᠤᠨ ᠲᠠᠯ᠎ᠠ ᠳᠤ ᠮᠠᠯᠵᠢᠭᠰᠠᠨ  ᠠᠴᠠ ᠠᠯᠠᠭ ᠰᠦᠷᠦᠭ ᠤᠨ ᠰᠠᠭᠤᠷᠢᠰᠢᠯ   ᠪᠤᠯᠵᠤ᠂   ᠬᠢᠳᠠᠳ ᠢᠶᠠᠷ ᠬᠤᠸᠠ ᠮᠠ  ᠴᠢᠶᠦ᠋ᠨ ᠭᠡᠮᠡᠬᠦ ᠭᠠᠵᠠᠷ ᠤᠰᠤᠨ ᠤ ᠨᠡᠷᠡᠶᠢᠳᠦᠯ  ᠪᠤᠯᠵᠠᠢ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号