ᠭᠠᠵᠠᠷ ᠤᠰᠤᠨ —  ᠬᠠᠰᠢᠶᠠᠳᠤ  ᠨᠠᠭᠤᠷ
ᠨᠡᠶᠢᠲᠡᠯᠡᠭᠰᠡᠨ ᠴᠠᠭ᠄
2020/11/18
 ᠨᠠᠰᠤᠳᠠᠶᠢᠴᠤᠳ ᠤᠨ ᠶᠠᠷᠢᠬᠤ ᠪᠠᠷ ᠡᠨᠡ ᠨᠤᠳᠤᠭ ᠲᠤ ᠠᠩᠬ᠎ᠠ ᠨᠤᠳᠤᠭᠯᠠᠭᠰᠠᠨ ᠮᠠᠯᠴᠢᠳ  ᠨᠢᠬᠡ ᠲᠤᠮᠤ ᠨᠠᠭᠤᠷ  ᠤᠨ ᠬᠤᠶᠢᠳᠤ ᠬᠦᠪᠡᠭᠡ ᠶᠢ ᠲᠠᠭᠠᠵᠤ ᠪᠠᠭᠤᠭᠰᠠᠨ ᠪᠠᠶᠢᠵᠠᠢ᠃ ᠲᠡᠷᠡ  ᠦᠶᠡᠰ  ᠡᠨᠡᠬᠦ ᠨᠠᠭᠤᠷ ᠨᠢ ᠬᠠᠯᠬᠢᠯᠠᠵᠤ ᠴᠠᠯᠬᠢᠯᠠᠭᠰᠠᠨ ᠲᠤᠮᠤ ᠤᠰᠤ ᠲᠠᠢ ᠨᠠᠭᠤᠷ ᠪᠠᠶᠢᠭᠰᠠᠨ ᠶᠤᠮ ᠭᠡᠨ᠎ᠡ᠃ ᠬᠤᠷ᠎ᠠ ᠪᠤᠷᠤᠭᠠᠨ ᠡᠯᠪᠡᠭ ᠵᠢᠯ ᠨᠠᠭᠤᠷ ᠭᠡᠴᠢᠨᠡᠨ ᠲᠡᠯᠡᠷᠡᠭᠰᠡᠨ ᠴᠤ  ᠬᠤᠶᠢᠳᠤ ᠵᠠᠬ᠎ᠠ ᠪᠠᠷ ᠨᠢ ᠰᠠᠭᠤᠭᠰᠠᠨ ᠠᠶᠢᠯ ᠤᠳ ᠢᠶᠠᠨ ᠶᠡᠷᠦ ᠤᠰᠤᠳᠠᠭᠤᠯᠳᠠᠭ ᠦᠬᠡᠢ ᠪᠠᠶᠢᠵᠠᠢ᠃ ᠠᠶᠢᠯ ᠤᠨ ᠬᠤᠶᠢᠭᠤᠷ  ᠪᠠᠶᠠᠨ ᠬᠠᠩᠭᠠᠢ ᠠᠭᠤᠯᠠᠨ ᠠᠴᠠ ᠦᠷᠬᠦᠯᠵᠢᠯᠡᠭᠰᠡᠨ ᠰᠢᠷᠡᠭᠡ ᠪᠠᠶᠢᠳᠠᠭ᠂ ᠡᠨᠡ‌‍ᠰᠢᠷᠡᠭᠡ ᠬᠤᠪᠢᠯᠭᠠᠨ ᠤᠪᠢᠳᠢᠰ ᠲᠠᠢ ᠪᠠᠶᠢᠵᠤ᠂ ᠨᠠᠭᠤᠷ ᠤᠨ ᠤᠰᠤ ᠶᠢ ᠵᠢᠭᠠᠬᠠᠨ ᠴᠤ ᠬᠤᠶᠢᠰᠢ ᠲᠡᠯᠡᠬᠦᠯᠳᠡᠭ ᠦᠬᠡᠢ ᠴᠢᠳᠠᠯ ᠲᠠᠢ ᠭᠡᠨ᠎ᠡ᠃ ᠢᠩᠬᠢᠭᠡᠳ ᠮᠠᠯᠴᠢᠳ ᠠᠶᠢᠯ ᠤᠨ ᠬᠤᠶᠢᠭᠤᠷᠬᠢ ᠰᠢᠷᠡᠭᠡ ᠪᠠᠨ ᠰᠢᠳᠢᠳᠦ ᠬᠠᠰᠢᠶ᠎ᠠ ᠭᠡᠮᠡᠨ᠂ ᠬᠠᠰᠢᠶ᠎ᠠ ᠶᠢ ᠲᠠᠭᠠᠵᠤ ᠪᠠᠭᠤᠭᠰᠠᠨ ᠠᠶᠢᠯ ᠢ ᠬᠠᠰᠢᠶᠠᠳᠤ ᠠᠶᠢᠯ ᠭᠡᠵᠦ ᠨᠡᠷᠡᠯᠡᠨ᠂ ᠲᠡᠷᠡᠬᠦ ᠨᠠᠭᠤᠷ ᠢ ᠴᠤ ᠬᠠᠰᠢᠶᠠᠳᠤ ᠨᠠᠭᠤᠷ ᠭᠡᠵᠦ ᠨᠡᠷᠡᠯᠡᠬᠦ ᠪᠤᠯᠤᠭᠰᠠᠨ ᠪᠠᠶᠢᠨ᠎ᠠ᠃  ᠬᠠᠰᠢᠶᠠᠳᠤ ᠨᠤᠳᠤᠭ ᠤᠨ  ᠭᠠᠵᠠᠷ ᠤᠨ ᠪᠠᠶᠢᠴᠠ ᠶᠢ ᠨᠠᠷᠢᠪᠴᠢᠯᠠᠨ ᠠᠵᠢᠭᠯᠠᠪᠠᠯ᠂ ᠪᠠᠶᠠᠨ ᠬᠠᠩᠭᠠᠢ ᠠᠴᠠ ᠵᠡᠬᠦᠨᠰᠢ ᠦᠷᠬᠦᠯᠵᠢᠯᠡᠭᠰᠡᠨ ᠰᠢᠷᠡᠭᠡ ᠨᠢ  ᠬᠠᠷ᠎ᠠ ᠴᠢᠯᠠᠭᠤᠳᠤ ᠬᠦᠷᠴᠦ᠂  ᠡᠮᠦᠨᠡᠰᠢ ᠲᠠᠬᠢᠷᠯᠠᠨ ᠭᠠᠰᠢᠭᠤᠨ ᠰᠢᠷᠡᠭᠡ᠂ ᠠᠮᠤᠷᠯᠢᠩᠭᠤᠢ ᠠᠭᠤᠯᠠ  ᠪᠤᠭᠤᠮ᠎ᠠ ᠶᠢᠨ ᠰᠢᠷᠡᠭᠡ ᠬᠦᠷᠳᠡᠯ᠎ᠡ ᠬᠠᠭᠠᠰ ᠲᠤᠭᠤᠢ ᠬᠠᠰᠢᠶ᠎ᠠ ᠮᠡᠳᠦ  ᠬᠠᠷᠠᠭᠳᠠᠭᠠᠳ᠂ ᠠᠯᠢ ᠡᠷᠳᠡᠨ ᠳᠡᠭᠡᠨ ᠬᠠᠰᠢᠶᠠᠳᠤ ᠨᠤᠳᠤᠭ ᠬᠠᠯᠬᠢᠯᠠᠨ ᠲᠤᠯᠬᠢᠶᠠᠯᠠᠭᠰᠠᠨ ᠲᠤᠮᠤ ᠨᠠᠭᠤᠷ ᠪᠠᠶᠢᠭᠰᠠᠨ ᠨᠢ ᠮᠡᠳᠡᠭᠳᠡᠨᠡᠮ᠃  ᠡᠨᠡ  ᠬᠦ᠋ ᠬᠠᠭᠠᠰ ᠲᠤᠭᠤᠢ ᠬᠠᠰᠢᠶ᠎ᠠ ᠨᠢ ᠲᠠᠷᠤᠢ ᠲᠤᠬᠠᠢ ᠶᠢᠨ ᠦᠶ᠎ᠡ ᠶᠢᠨ ᠨᠠᠭᠤᠷ ᠤᠨ ᠬᠦᠪᠡᠭᠡ  ᠪᠠᠶᠢᠵᠠᠢ᠃  ᠨᠠᠭᠤᠷ ᠤᠨ ᠬᠦᠪᠡᠭᠡᠨ ᠳᠠᠬᠢ ᠠᠭᠤᠯᠠ   ᠨᠢ ᠶᠠᠭ ᠯᠠ ᠡᠯᠡᠰᠦᠨ ᠲᠠᠩ ᠲᠡᠭᠡᠷ᠎ᠡ ᠠᠮᠤᠭᠤᠯᠠᠩ ᠲᠠᠶᠢᠪᠤᠩ ᠠᠮᠢᠳᠤᠷᠠᠯ ᠳᠠᠭᠠᠨ ᠰᠡᠳᠬᠢᠯ ᠬᠠᠨᠤᠮᠵᠢᠳᠠᠢ ᠨᠣᠶᠢᠷᠰᠤᠵᠤ ᠪᠠᠶᠢᠭ᠎ᠠ ᠠᠪᠤᠷᠭᠤ ᠬᠦᠮᠦᠨ ᠮᠡᠳᠦ ᠬᠠᠷᠠᠭᠳᠠᠨ᠎ᠠ᠃  ᠡᠶᠢᠨ ᠬᠦ᠋᠂ ᠡᠨᠡ  ᠠᠭᠤᠯᠠ ᠶᠢ ᠠᠮᠤᠷᠯᠢᠩᠭᠤᠢ ᠭᠡᠳᠡᠭ ᠪᠢᠯᠡ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号