ᠭᠠᠵᠠᠷ ᠤᠰᠤᠨ —  ᠲᠤᠮᠳᠠ ᠪᠤᠩᠬᠤᠨ
ᠨᠡᠶᠢᠲᠡᠯᠡᠭᠰᠡᠨ ᠴᠠᠭ᠄
2020/12/18
 ᠬᠦᠨᠪᠤᠯᠠᠭ ᠰᠤᠮᠤᠨ ᠤ ᠲᠤᠮᠳᠠ ᠤᠰᠤ ᠭᠠᠴᠠᠭᠠᠨ ᠳᠤ ᠲᠤᠮᠳᠠ ᠪᠤᠩᠬᠤᠨ ᠭᠡᠵᠦ ᠬᠤᠳᠠ ᠤᠰᠤᠨ ᠪᠤᠢ᠃  ᠡᠨᠡ  ᠲᠤᠬᠠᠢ ᠲᠤᠮᠤᠭ ᠭᠡᠪᠡᠯ᠂ ᠡᠷᠳᠡ ᠴᠠᠭ ᠲᠤ ᠡᠨᠡ  ᠨᠤᠳᠤᠭ ᠲᠤ ᠨᠡᠷ᠎ᠡ ᠶᠢ ᠨᠢ ᠦᠯᠦ ᠮᠡᠳᠡᠬᠦ‍ ᠨᠢᠬᠡ ᠵᠦᠢᠯ ᠤᠨ ᠬᠡᠭᠡᠷ᠎ᠡ ᠶᠢᠨ ᠠᠮᠢᠳᠠᠨ ᠪᠠᠶᠢᠵᠠᠢ᠂ ᠬᠦᠮᠦᠰ ᠲᠡᠬᠦᠨ ᠢ ︽ᠠᠯᠮᠠᠰ︾ ᠭᠡᠵᠦ ᠨᠡᠷᠡᠯᠡᠳᠡᠭ ᠪᠦᠬᠡᠳ ᠶᠡᠬᠡᠯᠡ  ᠮᠠᠭᠤ ᠢᠷᠸ᠎ᠠ ᠶᠢᠨ ᠠᠮᠢᠳᠠᠨ ᠬᠡᠵᠦ ᠦᠵᠡᠳᠡᠭ ᠪᠠᠶᠢᠪᠠ᠃ ᠡᠨᠡ  ᠠᠮᠢᠳᠠᠨ ᠭᠤᠷᠪᠠᠨ ᠲᠤᠬᠤᠢ ᠦᠨᠳᠦᠷ ᠪᠡᠶ᠎ᠡ ᠲᠠᠢ᠂ ᠪᠡᠶ᠎ᠡ ᠲᠦᠬᠦᠷᠡᠩ ᠬᠠᠷ᠎ᠠ ᠬᠦᠷᠡᠩ ᠦᠰᠦ ᠲᠠᠢ᠂  ᠴᠡᠭᠡᠵᠢᠨ ᠳᠡᠭᠡᠨ ᠤᠨᠵᠠᠶᠢᠭᠰᠠᠨ ᠲᠤᠮᠤ ᠭᠠᠭᠴᠠ ᠬᠦᠬᠦ ᠲᠠᠢ  ᠪᠦᠭᠡᠳ ᠬᠦᠮᠦᠨ ᠰᠢᠭ ᠬᠤᠶᠠᠷ ᠬᠦᠯ ᠢᠶᠠᠷ ᠬᠦᠶᠦᠳᠡᠭ ᠭᠡᠨ᠎ᠡ᠃ ᠲᠡᠷᠡ ᠠᠮᠢᠳᠠᠨ ᠬᠦᠬᠦ ᠪᠠᠨ ᠮᠦᠷᠦᠨ ᠲᠡᠭᠡᠷ᠎ᠡ ᠪᠠᠨ ᠡᠬᠦᠷᠴᠢᠭᠡᠪᠡᠯ ᠶᠡᠭᠡ ᠬᠤᠷᠳᠤᠨ ᠬᠦᠶᠦᠳᠡᠭ ᠪᠦᠭᠡᠳ ᠬᠦᠴᠦ ᠴᠢᠳᠠᠯ ᠨᠢ ᠴᠤ ᠨᠡᠮᠡᠭᠳᠡᠳᠡᠭ  ᠪᠠᠶᠢᠵᠤ᠂ ᠠᠷᠭᠠᠯᠠᠵᠤ ᠪᠠᠶᠢᠭᠠᠳ ᠠᠷᠭᠠᠯ ᠤᠨ ᠰᠠᠪᠠᠷ ᠢᠶᠠᠷ ᠬᠦᠬᠦ ᠶᠢ ᠨᠢ ᠪᠠᠭᠤᠯᠭᠠᠴᠢᠬᠠᠪᠠᠯ ᠬᠠᠷᠢᠨ ᠬᠦᠶᠦᠵᠦ ᠴᠢᠳᠠᠬᠤ ᠦᠬᠡᠢ ᠮᠦᠷᠳᠡᠭᠡᠨ ᠴᠢᠳᠠᠯ ᠲᠡᠩᠬᠡᠬᠡ ᠦᠬᠡᠢ ᠪᠤᠯᠴᠢᠬᠠᠳᠠᠭ ᠬᠡᠨ᠎ᠡ᠃ ᠡᠨᠡ  ᠠᠮᠢᠳᠠᠨ ᠮᠠᠯ ᠤᠨ ᠬᠠᠯᠠᠭᠤᠨ ᠰᠡᠪᠡᠰᠦᠨ ᠤ ᠦᠨᠦᠷ ᠲᠤ ᠮᠠᠰᠢ ᠰᠤᠷᠭᠤᠭ ᠭᠡᠳᠡᠭ᠃ ᠡᠷᠳᠡ ᠦᠶ᠎ᠡ ᠳᠤ ᠲᠤᠬᠤᠢ ᠶᠢᠨ ᠤᠰᠤᠨ ᠤ ᠨᠢᠬᠡᠨ ᠪᠠᠶᠠᠨ ᠠᠶᠢᠯ  ᠬᠤᠨᠢ ᠵᠠᠷᠤᠴᠢᠬᠠᠭᠠᠳ᠂ ᠡᠬᠡᠨᠡᠷ ᠪᠡᠷᠢ ᠬᠤᠶᠠᠷ ᠨᠢ ᠰᠡᠪᠡᠰᠦ ᠪᠠᠨ ᠠᠰᠬᠠᠵᠤ ᠪᠠᠶᠢᠳᠠᠯ᠎ᠠ  ᠦᠨᠦ ᠠᠮᠢᠳᠠᠨ ᠰᠡᠪᠡᠰᠦᠨ ᠤ ᠦᠨᠦᠷ ᠢᠶᠠᠷ ᠬᠦᠶᠦᠵᠦ ᠢᠷᠡᠭᠡᠳ ᠶᠡᠬᠡᠯᠡ  ᠲᠡᠪᠵᠢᠶᠠᠨ ᠪᠤᠯᠵᠤ᠂ ᠡᠷᠡᠴᠤᠳ ᠬᠦᠷᠵᠡ ᠰᠠᠪᠠᠷ ᠢᠶᠠᠷ ᠲᠡᠬᠦᠨ ᠢ ᠴᠤᠬᠢᠵᠤ ᠠᠯᠠᠵᠠᠢ᠃ ᠲᠡᠭᠡᠭᠡᠳ ᠯᠠᠮᠠ ᠵᠠᠯᠠᠵᠤ  ᠬᠦᠷᠢᠮ ᠨᠤᠮ ᠤᠩᠰᠢᠭᠤᠯᠤᠨ ᠲᠤᠮ ᠬᠢᠯᠬᠡᠵᠦ᠂ ᠲᠡᠬᠦᠨ ᠢ ᠤᠳᠤ  ᠶᠢᠨ ᠲᠤᠮᠳᠠ ᠪᠤᠩᠬᠤᠨ ᠤ ᠵᠡᠬᠦᠨ ᠡᠮᠦᠨ᠎ᠡ ᠠᠭᠤᠯᠠ   ᠶᠢᠨ ᠡᠩᠬᠡᠷ ᠲᠤ ᠪᠤᠯᠠᠵᠤ  ᠂ ᠲᠠᠷᠤᠯᠭ᠎ᠠ ᠬᠢᠵᠦ ᠪᠤᠩᠬᠤᠨ ᠪᠤᠰᠬᠠᠨ ᠲᠠᠯᠪᠢᠭᠰᠠᠨ ᠠᠴᠠ ᠡᠨᠡ  ᠭᠠᠵᠠᠷ ᠢ ᠲᠤᠮᠳᠠ ᠪᠤᠩᠬᠤᠨ ᠭᠡᠵᠦ ᠨᠡᠷᠡᠯᠡᠭᠰᠡᠨ ᠪᠦᠬᠡᠳ ᠡᠬᠦᠨ ᠠᠴᠠ ᠬᠤᠶᠢᠰᠢ ᠲᠤᠬᠤᠢ ᠶᠢᠨ ᠠᠶᠢᠯ ᠶᠠᠮᠠᠷ ᠴᠢᠬᠤᠯᠠ  ᠤᠴᠢᠷ ᠲᠠᠢ ᠪᠤᠯᠤᠭᠰᠠᠨ ᠴᠤ ᠦᠳᠡᠰᠢ ᠤᠷᠤᠢ ᠮᠠᠯ ᠵᠠᠷᠤᠳᠠᠭ ᠦᠬᠡᠢ ᠵᠠᠩᠰᠢᠯ ᠲᠠᠢ ᠪᠤᠯᠤᠭᠰᠠᠨ ᠶᠤᠮ ᠬᠡᠨ᠎ᠡ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号