ᠭᠠᠵᠠᠷ ᠤᠰᠤᠨ —  ᠪᠤᠮᠪᠠᠨ
ᠨᠡᠶᠢᠲᠡᠯᠡᠭᠰᠡᠨ ᠴᠠᠭ᠄
2020/11/18
 ᠤᠳᠤ ᠶᠢᠨ  ᠪᠤᠮᠪᠠᠨ ᠭᠠᠴᠠᠭᠠᠨ ᠤ ᠡᠷᠬᠢᠨ ᠲᠤᠭᠤᠷᠢᠨ ᠳᠤ ᠤᠯᠠᠨ ᠪᠢᠴᠢᠬᠠᠨ ᠲᠤᠪᠤ ᠲᠤᠯᠤᠭᠠᠳ ᠪᠤᠢ᠃ ᠨᠤᠳᠤᠭ ᠤᠨ ᠬᠢᠨ ᠡᠳᠡᠭᠡᠷ ᠲᠤᠪᠤ ᠲᠤᠯᠤᠭᠠᠳ ᠢᠶᠠᠨ ᠦᠨᠦᠴᠢᠨ ᠲᠤᠯᠤᠭᠠᠢ᠂ ᠤᠳᠤᠷ ᠤᠨ ᠲᠤᠯᠤᠭᠠᠢ᠂ ᠲᠠᠯ᠎ᠠ ᠶᠢᠨ ᠪᠤᠩᠬᠤᠨ᠂ ᠬᠠᠳᠠᠨ ᠲᠤᠯᠤᠭᠠᠢ᠂ ᠲᠠᠷᠢᠶᠠᠨ ᠲᠤᠯᠤᠭᠠᠢ᠂  ᠪᠤᠩᠬᠤᠨ ᠲᠤᠯᠤᠭᠠᠢ᠂ ᠵᠡᠬᠦᠨ ᠪᠤᠮᠪᠠᠨ ᠲᠤᠯᠤᠭᠠᠢ᠂ ᠰᠠᠴᠢ ᠶᠢᠨ ᠲᠤᠯᠤᠭᠠᠢ ᠭᠡᠬᠦᠴᠢᠯᠡᠨ ᠨᠡᠷᠡᠯᠡᠵᠦ ᠪᠠᠶᠢᠳᠠᠭ᠃ ᠡᠬᠦᠨ ᠤ ᠲᠤᠳᠤᠷ᠎ᠠ ᠪᠤᠩᠬᠤᠨ ᠲᠤᠯᠤᠭᠠᠢ᠂ ᠰᠠᠴᠢ ᠶᠢᠨ ᠲᠤᠯᠤᠭᠠᠢ ᠮᠡᠳᠦ ᠲᠦᠷᠪᠡᠨ ᠲᠤᠪᠤ ᠲᠤᠯᠤᠭᠠᠳ ᠲᠡᠭᠡᠷ᠎ᠡ ᠲᠠᠬᠢᠯᠭ᠎ᠠ ᠶᠢᠨ ᠴᠢᠯᠠᠭᠤᠨ ᠤᠪᠤᠭ᠎ᠠ  ᠪᠤᠰᠬᠠᠵᠤ᠂  ᠲᠤᠤᠷ᠎ᠠ  ᠨᠢ ᠯᠠᠮᠠ  ᠨᠠᠷ ᠤᠨ ᠷᠠᠪᠨᠠᠶᠢᠯᠠᠭᠰᠠᠨ ᠡᠷᠳᠡᠨᠢᠰ ᠤᠨ ᠲᠡᠭᠡᠵᠢ ᠪᠤᠯᠤᠨ ᠲᠠᠪᠤᠨ ᠲᠠᠷᠢᠶᠠᠨ ᠤ ᠦᠷ᠎ᠡ ᠶᠢ ᠸᠠᠭᠠᠷᠤᠨ ᠪᠤᠮᠪᠠ ᠳᠤ ᠬᠢᠵᠦ  ᠲᠠᠷᠤᠭᠠᠳ᠂ ᠨᠤᠳᠤᠭ ᠤᠨ ᠢᠶᠠᠨ ᠪᠠᠶᠠᠨ ᠲᠡᠯᠭᠡᠷ᠂ ᠠᠮᠤᠷ ᠠᠮᠤᠭᠤᠯᠠᠩ ᠪᠠᠶᠢᠬᠤ ᠶᠢ ᠠᠭᠤᠯᠠ ᠤᠰᠤᠨ ᠤ ᠨᠠᠪᠳᠠᠭ ᠰᠠᠪᠳᠠᠭ ᠲᠠᠭᠠᠨ ᠲᠠᠭᠠᠳᠬᠠᠵᠠᠢ᠃  ᠪᠤᠮᠪᠠᠨ ᠭᠡᠳᠡᠭ ᠨᠡᠷ᠎ᠡ ᠨᠢ ᠲᠠᠷᠤᠢ ᠲᠡᠷᠡ ᠬᠦ᠋ ᠪᠤᠮᠪᠠ ᠲᠠᠷᠤᠭᠰᠠᠨ ᠲᠤᠪᠤ ᠲᠤᠯᠤᠭᠠᠳ ᠠᠴᠠ  ᠢᠷᠡᠯ ᠲᠠᠢ ᠭᠡᠳᠡᠭ  ᠃  ᠪᠤᠮᠪᠠᠨ ᠵᠡᠬᠦᠨ ᠭᠠᠷ ᠲᠠᠶᠢᠹᠤᠰᠧ ᠤᠨ ᠠᠭᠳᠠᠨ ᠬᠤᠰᠢᠭᠤᠨ ᠤ ᠨᠤᠳᠤᠭ ᠪᠤᠯᠤᠨ᠎ᠠ᠂ ᠪᠤᠮᠪᠠᠨ ᠤ ᠤᠤᠯ ᠨᠤᠳᠤᠭ ᠨᠢ ᠵᠡᠬᠦᠨᠰᠢ ᠲᠡᠮᠡᠭᠡᠳᠦ ᠠᠭᠤᠯᠠ᠂ ᠬᠤᠶᠢᠰᠢ  ᠰᠢᠯᠤᠭᠤᠨ  ᠴᠠᠭᠠᠨ ᠲᠠᠢ ᠵᠠᠯᠭᠠᠵᠤ ᠪᠠᠶᠢᠭᠰᠠᠨ ᠢᠶᠠᠨ ᠰᠡᠬᠦᠯᠡᠷ ᠨᠢ  ᠶᠡᠬᠡᠩᠬᠡᠢ ᠭᠡᠰᠡᠭ ᠭᠠᠵᠠᠷ ᠨᠤᠳᠤᠭ ᠨᠢ  ᠪᠤᠤᠴᠠᠩ ᠰᠢᠶᠠᠨ ᠪᠤᠯᠤᠨ  ᠬᠦᠶᠤᠸᠠᠨ ᠰᠢᠶᠠᠨ ᠳᠤ  ᠬᠤᠪᠢᠶᠠᠭᠳᠠᠪᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号