ᠨᠤᠳᠤᠭ ᠤᠨ ᠠᠬᠠᠮᠠᠳ ᠤᠨ ᠬᠡᠯᠡᠬᠦ ᠪᠠᠷ ᠡᠷᠳᠡ ᠤᠷᠢᠳᠤ ᠴᠠᠭ ᠲᠤ ᠴᠢᠩᠬᠢᠰ ᠬᠠᠭᠠᠨ ᠠᠶᠠᠨ ᠲᠠᠶᠢᠨ ᠳᠤ | ᠮᠤᠷᠳᠠᠵᠤ᠂ ᠶᠡᠭᠡ ᠭᠤᠪᠢ ᠶᠢ ᠲᠤᠭᠤᠯᠤᠭᠠᠳ ᠡᠨᠡ ᠨᠤᠳᠤᠭ ᠲᠤ ᠢᠷᠡᠳᠡᠯ᠎ᠡ ᠵᠠᠮ ᠲᠠᠭᠠᠤ ᠴᠡᠷᠢᠭ ᠮᠤᠷᠢ ᠨᠢ | ᠠᠩᠭᠠᠵᠤ ᠤᠮᠳᠠᠭᠠᠰᠬᠤ ᠶᠢᠨ ᠲᠤᠶᠢᠯ ᠳᠤ ᠲᠤᠯᠵᠤ᠂ ᠤᠷᠢᠳ ᠬᠤᠵᠢᠳ ᠵᠢᠷᠠᠨ ᠬᠤᠳᠳᠤᠭ ᠮᠠᠯᠳᠠᠭᠰᠠᠨ ᠴᠤ | ᠤᠰᠤ ᠤᠮᠳᠠ ᠬᠦᠷᠦᠯᠴᠡᠬᠦ ᠦᠬᠡᠢ᠂ ᠤᠷᠤᠭᠰᠢᠯᠠᠯᠳᠠ ᠶᠢᠨ ᠵᠠᠮ ᠳᠤ ᠶᠡᠭᠡ ᠰᠠᠭᠠᠳ ᠪᠤᠯᠤᠭᠰᠠᠨ ᠬᠡᠨ᠎ᠡ᠃ ᠠᠶᠠᠯᠠᠨ | ᠶᠠᠪᠤᠭᠰᠠᠭᠠᠷ ᠤᠯᠠᠭᠠᠨ ᠨᠠᠭᠤᠷ ᠤᠨ ᠬᠦᠪᠡᠭᠡᠨ ᠳᠤ ᠢᠷᠡᠵᠦ ᠪᠠᠭᠤᠳᠠᠯᠯᠠᠬᠤ ᠳᠠᠭᠠᠨ ᠪᠠᠶᠢᠭᠠᠯᠢ ᠤᠷᠴᠢᠨ ᠢ ᠠᠵᠢᠭᠯᠠᠨ | ᠦᠵᠡᠬᠦ ᠳᠤ ᠡᠪᠡᠰᠦ ᠨᠤᠭᠤᠭ᠎ᠠ ᠡᠪᠦᠳᠦᠭ ᠲᠠᠪᠠᠵᠤ᠂ ᠦᠩᠬᠡ ᠶᠢᠨ ᠴᠡᠴᠡᠭ ᠮᠢᠷᠠᠯᠵᠠᠨ ᠲᠡᠯᠭᠡᠷᠡᠭᠰᠡᠨ ᠦᠨᠢᠷ | ᠲᠠᠩᠰᠤᠭ ᠨᠤᠳᠤᠭ ᠪᠠᠶᠢᠵᠠᠢ᠂ ᠪᠤᠭᠳᠠ ᠡᠵᠡᠨ ᠶᠡᠬᠡᠯ᠎ᠡ ᠪᠠᠶᠠᠰᠴᠤ᠂ ᠭᠠᠵᠠᠷ ᠦᠵᠡᠨ ᠪᠠᠭᠤᠴᠠ ᠪᠠᠨ ᠠᠪᠤᠭᠠᠳ᠂ | ᠬᠤᠶᠠᠭ ᠴᠡᠷᠢᠭ ᠤᠳ ᠨᠢ ᠬᠤᠳᠳᠤᠭ ᠮᠠᠯᠳᠠᠵᠤ ᠦᠵᠡᠭᠰᠡᠨ ᠳᠤ ᠠᠷᠪᠠᠨ ᠲᠤᠬᠤᠢ ᠮᠠᠯᠳᠠᠭᠰᠠᠨ ᠦᠬᠡᠢ ᠪᠠᠷ | ᠲᠤᠩᠭᠠᠯᠠᠭ ᠤᠰᠤ ᠤᠷᠬᠢᠯᠤᠨ ᠭᠠᠷᠴᠤ ᠂ ᠬᠡᠳᠦᠨ ᠲᠦᠮᠡᠨ ᠴᠡᠷᠢᠭ ᠮᠤᠷᠢᠳ ᠤᠨ ᠴᠠᠩᠭᠠᠭ᠎ᠠ ᠶᠢ ᠲᠠᠶᠢᠯᠤᠭᠠᠳ | ᠪᠠᠰᠠ ᠰᠢᠷᠬᠢᠭᠰᠡᠨ ᠦᠬᠡᠢ ᠮᠦᠷᠳᠡᠭᠡᠨ ᠠᠮᠳᠠᠳᠤ ᠤᠰᠤ ᠨᠢ ᠤᠷᠬᠢᠯᠤᠨ ᠤᠨᠳᠤᠷᠴᠤ ᠪᠠᠶᠢᠵᠠᠢ᠂ ᠴᠢᠩᠬᠢᠰ ᠪᠤᠭᠳᠠ | ᠲᠤᠩ ᠪᠠᠶᠠᠰᠤᠨ ᠲᠠᠭᠠᠰᠢᠶᠠᠵᠤ᠂ ᠡᠨᠡ ᠬᠤᠳᠳᠤᠭ ᠢ ᠵᠢᠷᠠᠨ ᠤᠰᠤ ᠭᠡᠵᠦ ᠨᠡᠷᠡᠯᠡᠯ᠎ᠡ ᠭᠡᠳᠡᠭ᠃ ᠤᠯᠠᠮᠵᠢᠯᠠᠯ | ᠶᠠᠷᠢᠶᠠᠨ ᠳᠤ ᠪᠠᠰᠠ ᠬᠦᠨᠪᠤᠯᠠᠭ ᠨᠤᠳᠤᠭ ᠢ ᠰᠤᠨᠳᠠᠯᠠᠵᠤ ᠦᠩᠭᠡᠷᠡᠭᠡ ︽ᠠᠯᠳᠠᠨ ᠤᠯᠤᠰ ᠤᠨ ᠬᠡᠷᠡᠮ︾ ᠢ | ᠪᠠᠷᠢᠬᠤ ᠦᠶᠡᠰ ᠵᠠᠮ ᠲᠠᠭᠠᠤ ᠵᠢᠷᠠᠨ ᠬᠤᠳᠳᠤᠭ ᠮᠠᠯᠳᠠᠭᠠᠳ ᠤᠰᠤ ᠨᠢ ᠬᠦᠷᠦᠭᠰᠡᠨ ᠦᠬᠡᠢ᠂ ᠬᠠᠷᠢᠨ ᠡᠨᠡ | ᠬᠤᠳᠳᠤᠭ ᠢ ᠤᠯᠵᠤ ᠠᠪᠤᠭᠰᠠᠨ ᠳᠤ ᠤᠨᠳᠤᠷᠴᠤ ᠭᠠᠷᠤᠭᠰᠠᠨ ᠤᠰᠤ ᠨᠢ ᠵᠢᠷᠠᠨ ᠬᠤᠳᠳᠤᠭ ᠤᠨ ᠤᠰᠤ ᠲᠠᠢ | ᠲᠡᠩᠴᠡᠭᠡᠳ᠂ ᠪᠠᠷᠢᠯᠭ᠎ᠠ ᠶᠢᠨ ᠭᠡᠷᠡᠭᠴᠡᠭᠡ ᠶᠢ ᠨᠢ ᠬᠠᠩᠭᠠᠴᠢᠬᠠᠵᠠᠢ᠃ ᠲᠡᠭᠡᠭᠡᠳ ᠡᠨ᠋ᠨ ᠨᠤᠳᠤᠭ ᠢ ᠵᠢᠷᠠᠨ ᠤᠰᠤ | ᠬᠡᠵᠦ ᠨᠡᠷᠡᠯᠡᠯ᠎ᠡ ᠭᠡᠳᠡᠭ᠃ ᠭᠡᠷᠪᠡ ᠡᠨᠡ ᠨᠢ ᠦᠯᠢᠭᠡᠷ ᠪᠢᠰᠢ ᠦᠨᠡᠨ ᠪᠤᠯᠳᠠᠭ ᠲᠤ ᠬᠦᠷᠪᠡᠯ᠂ ᠡᠵᠡᠨ ᠴᠢᠩᠬᠢᠰ | ᠤᠨ ᠮᠠᠯᠳᠠᠭᠰᠠᠨ ᠬᠤᠳᠳᠤᠭ ᠪᠤᠯᠤᠨ ᠠᠯᠳᠠᠨ ᠤᠯᠤᠰ ᠤᠨ ᠬᠦᠮᠦᠨ ᠤ ᠲᠤᠬᠢᠶᠠᠯᠳᠤᠭᠰᠠᠨ ᠬᠤᠳᠳᠤᠭ ᠨᠢ ᠨᠢᠬᠡ | ᠯᠡ ᠬᠤᠳᠳᠤᠭ ᠪᠠᠶᠢᠬᠤ ᠳ᠋ᠡ᠃ |