ᠤᠯᠠᠮᠵᠢᠯᠠᠯᠳᠤ ᠨᠠᠭᠠᠳᠤᠮ ᠲᠤᠭᠯᠠᠭᠠᠮ — ᠮᠤᠩᠭᠤᠯ ᠰᠢᠳᠠᠷ᠎ᠠ
ᠨᠡᠶᠢᠲᠡᠯᠡᠭᠰᠡᠨ ᠴᠠᠭ᠄
2020/11/18
   ᠦᠨᠳᠦᠰᠦᠲᠡᠨ ᠤ ᠰᠤᠶᠤᠯ ᠲᠠᠮᠢᠷ ᠤᠨ ᠨᠢᠭᠡᠨ ᠲᠥᠷᠥᠯ ᠪᠤᠯᠬᠤ  ᠪᠦᠬᠡᠳ ᠤᠯᠠᠮᠵᠢᠯᠠᠯᠲᠦ ᠮᠤᠩᠭᠤᠯ ᠤᠬᠠᠭᠠᠨ ᠤ  ᠤᠬᠢ ᠲᠠᠯᠠᠰ  ᠪᠤᠯᠤᠭᠰᠠᠨ  ᠮᠤᠩᠭᠤᠯ  ᠰᠢᠳᠠᠷ᠎ᠠ ᠨᠢ ᠬᠦᠮᠦᠨ ᠠᠷᠠᠳ ᠤᠨ ᠤᠶᠤᠨ ᠢ ᠰᠤᠷᠢᠵᠤ ᠤᠬᠠᠭᠠᠨ ᠢ  ᠨᠡᠭᠡᠭᠡᠭᠳᠡᠬᠦᠯᠳᠡᠭ  ᠤᠨᠴᠠᠯᠢᠭᠳᠤ ᠲᠤᠭᠯᠠᠭᠠᠮ  ᠪᠤᠯᠬᠤᠷ  ᠮᠤᠩᠭᠤᠯᠴᠤᠳ ᠤᠨ ᠲᠤᠮᠳᠠ ᠦᠨᠦ  ᠪᠤᠯᠳᠠᠯ᠎ᠠ ᠤᠯᠠᠮᠵᠢᠯᠠᠭᠳᠠᠨ ᠳᠡᠯᠬᠡᠷᠡᠭᠰᠡᠭᠡᠷ ᠪᠠᠶᠢᠵᠤ᠂  ᠶᠡᠷᠦᠨᠢ  ᠨᠠᠢᠮᠠᠨ ᠨᠠᠰᠤᠳᠠᠢ  ᠪᠠᠯᠴᠢᠷ ᠠᠴᠠ ᠨᠠᠶᠠ ᠭᠠᠷᠤᠭᠰᠠᠨ  ᠦᠳᠡᠬᠦᠰ ᠬᠦᠷᠳᠡᠯ᠎ᠡ᠂  ᠬᠠᠮᠢᠭ᠎ᠠ ᠭᠠᠵᠠᠷ ᠢᠯᠭᠠᠯ ᠦᠬᠡᠢ ᠮᠤᠩᠭᠤᠯ ᠰᠢᠳᠠᠷ᠎ᠠ ᠪᠠᠨ  ᠲᠡᠯᠭᠡᠵᠦ᠂ ᠤᠷ᠎ᠠ ᠡᠷᠳᠡᠮ  ᠢᠶᠠᠨ ᠰᠢᠯᠭᠠᠵᠤ ᠯᠠ ᠪᠠᠶᠢᠳᠠᠭ᠃ ᠤᠨᠴᠠᠭᠠᠢᠢᠯᠠᠨ ᠦᠩᠭᠡᠷᠡᠭᠰᠡᠨ ᠡᠷᠡᠨ   ᠳᠤ ᠬᠦᠳᠡᠭᠡ ᠨᠤᠳᠤᠭ ᠲᠤ ᠡᠯᠳᠡᠪ ᠰᠤᠨᠢᠨ ᠨᠠᠭᠠᠳᠤᠮ ᠲᠤᠭᠯᠠᠭᠠᠮ ᠬᠡᠵᠦ ᠦᠭᠡᠢ  ᠪᠤᠯᠬᠤᠷ ᠮᠠᠯᠴᠢᠳ ᠬᠡᠤᠭᠡᠳ ᠳᠡᠭᠦᠤᠨᠡᠷ ᠢᠶᠠᠨ ᠬᠠᠷᠠᠬᠠᠠ ᠪᠠᠭ᠎ᠠ ᠠᠴᠠ ᠨᠢ ᠰᠢᠳᠠᠷ᠎ᠠ ᠲᠤᠭᠯᠠᠭᠠᠮ ᠰᠤᠷᠭᠠᠨ᠂ ᠤᠢ ᠤᠬᠠᠭᠠᠨ ᠢ ᠨᠢ ᠨᠡᠭᠡᠭᠡᠭᠳᠡᠭᠦᠯᠵᠤ᠂ ᠠᠮᠢᠳᠤᠷᠠᠯ ᠲᠡᠮᠡᠴᠡᠯ ᠤᠨ ᠤᠬᠠᠭᠠᠨ  ᠰᠤᠷᠢᠭᠤᠯᠳᠠᠭ ᠪᠠᠶᠢᠵᠠᠢ᠃       ᠮᠤᠩᠭᠤᠯ ᠰᠢᠳᠠᠷ᠎ᠠ ᠨᠢ ᠲᠠᠶᠢᠹᠤᠰᠧ ᠨᠤᠳᠤᠭ ᠲᠤ ᠡᠷᠳᠡ ᠲᠡᠭᠡᠳᠦ ᠠᠴᠠ ᠤᠯᠠᠮᠵᠢᠯᠠᠭᠳᠠᠵᠤ᠂  ᠰᠢᠯᠢᠳᠡᠭ ᠰᠠᠶᠢᠨ  ᠰᠢᠳᠠᠷᠴᠢᠳ ᠪᠠ ᠰᠢᠳᠠᠷ᠎ᠠ ᠶᠢᠨ ᠰᠡᠶᠢᠯᠪᠦᠷᠢᠴᠢᠳ ᠴᠤᠯᠭᠤᠷᠠᠨ ᠭᠠᠷᠤᠭᠰᠠᠨ  ᠶᠤᠮ  ᠃  ᠵᠦᠩᠨᠠᠢ ᠮᠠᠶᠢᠷᠡᠨ ︵1862 ᠤᠨ — 1931 ᠤᠨ︶ ᠪᠤᠯ ᠲᠠᠶᠢᠹᠤᠰᠧ ᠵᠡᠬᠦᠨ ᠭᠠᠷ ᠰᠦᠷᠦᠭ ᠤᠨ ᠬᠦᠪᠡᠭᠡᠳᠦ ᠰᠢᠷ᠎ᠠ ᠬᠤᠰᠢᠭᠤᠨ  ᠤ ᠨᠡᠷᠡᠳᠦ  ᠰᠢᠳᠠᠷᠠᠴᠢᠨ ᠪᠠᠶᠢᠭᠰᠠᠨ ᠪᠦᠬᠡᠳ ᠤᠷᠠᠨ ᠰᠡᠶᠢᠯᠪᠦᠷᠢᠴᠢᠨ ᠪᠠᠶᠢᠵᠠᠢ᠃ ᠲᠡᠬᠦᠨ ᠤ ᠤᠷᠠᠯᠠᠨ  ᠰᠡᠶᠢᠯᠪᠦᠷᠢᠯᠡᠭᠰᠡᠨ ᠮᠤᠩᠭᠤᠯ ᠰᠢᠳᠠᠷ᠎ᠠ ᠶᠢ ᠬᠦᠮᠦᠰ ᠮᠤᠷᠢ ᠪᠠᠷ ᠰᠤᠯᠢᠵᠤ ᠠᠪᠳᠠᠭ ᠭᠡᠰᠡᠨ᠃ ᠶᠠᠫᠤᠨ ᠤᠷᠤᠵᠤ ᠢᠷᠡᠭᠰᠡᠨ ᠤ ᠲᠠᠷᠠᠭ᠎ᠠ ᠲᠡᠬᠦᠨ ᠤ ᠰᠡᠶᠢᠯᠦᠭᠰᠡᠨ ᠰᠢᠳᠠᠷ᠎ᠠ ᠶᠢ ᠤᠯᠵᠤ ᠦᠵᠡᠭᠡᠳ ᠶᠡᠬᠡᠳᠡ ᠲᠤᠭᠤᠵᠤ ᠨᠢᠬᠡ ᠶᠢ ᠠᠪᠤᠭᠠᠳ ᠤᠯᠤᠰ ᠲᠠᠭᠠᠨ ᠶᠠᠪᠤᠭᠤᠯᠤᠭᠰᠠᠨ ᠳᠤ ᠶᠠᠫᠤᠨ ᠤ ᠬᠢᠨ ᠦᠯᠡᠳᠡᠭᠡᠨ ᠠᠪᠤᠭᠰᠠᠨ ᠢᠶᠠᠷ ᠪᠠᠷᠠᠬᠤ ᠦᠬᠡᠢ᠂  ᠲᠠᠬᠢᠭᠠᠳ ᠨᠢᠬᠡ ᠶᠢ ᠰᠡᠶᠢᠯᠦᠬᠦᠯᠬᠦ ᠪᠠᠷ ᠱᠠᠭᠠᠷᠳᠠᠭᠰᠠᠨ ᠭᠡᠳᠡᠭ᠃ ᠵᠦᠩᠨᠡᠢ ᠮᠡᠶᠢᠷᠡᠨ ᠠᠴᠠ ᠭᠠᠳᠠᠨ᠎ᠠ᠂ ᠲᠠᠶᠢᠹᠤᠰᠧ ᠨᠤᠳᠤᠭ ᠲᠤ ᠪᠤᠶᠠᠨᠳᠠᠯᠠᠢ᠂ ᠷᠠᠰᠢᠵᠠᠮᠰᠤ᠂ ᠬᠤᠳᠤᠷᠠᠩᠭ᠎ᠠ᠂ ᠵᠤᠳᠪᠠ᠂ ᠷᠠᠳᠨᠠᠪᠠᠽᠠᠷ᠂ ᠸᠠᠩᠴᠤᠭᠷᠠᠪᠳᠠᠨ᠂ ᠪᠠᠯᠳᠤᠷᠵᠢ᠂ ᠴᠤᠶᠢᠷᠤᠭ ᠵᠡᠷᠭᠡ ᠠᠬᠠᠮᠠᠳ ᠦᠶ᠎ᠡ ᠶᠢᠨ ᠨᠡᠷᠡᠳᠦ  ᠰᠢᠳᠠᠷᠠᠴᠢᠳ ᠪᠠᠶᠢᠭᠰᠠᠨ ᠪᠦᠬᠡᠳ ᠽᠠᠨᠳᠠᠨ ᠮᠤᠳᠤᠨ ᠰᠢᠳᠠᠷ᠎ᠠ᠂  ᠲᠤᠷᠯᠤᠭ ᠮᠤᠳᠤᠨ ᠰᠢᠳᠠᠷ᠎ᠠ᠂ ᠦᠨᠳᠦᠰᠦᠨ ᠰᠢᠳᠠᠷ᠎ᠠ᠂  ᠶᠠᠰᠤᠨ ᠰᠢᠳᠠᠷ᠎ᠠ᠂  ᠡᠪᠡᠷ ᠰᠢᠳᠠᠷ᠎ᠠ ᠵᠡᠷᠭᠡ  ᠡᠯᠳᠡᠪ ᠮᠠᠲ᠋ᠧᠷᠢᠶᠠᠯ ᠢᠶᠠᠷ ᠤᠷᠠᠯᠠᠨ ᠰᠡᠶᠢᠯᠦᠭᠰᠡᠨ ᠭᠤᠴᠤ ᠰᠠᠶᠢᠬᠠᠨ ᠮᠤᠩᠭᠤᠯ ᠰᠢᠳᠠᠷ᠎ᠠ   ᠤᠳ ᠪᠠᠶᠢᠵᠠᠢ᠃  ︽ᠰᠤᠶᠤᠯ ᠤᠨ ᠶᠡᠭᠡ ᠬᠤᠪᠢᠰᠬᠠᠯ︾ ᠤᠨ ᠦᠶ᠎ᠡ ᠳᠤ ᠡᠳᠡᠭᠡᠷ  ᠤᠷᠠᠨ ᠬᠢᠴᠡ ᠲᠠᠢ  ᠮᠤᠩᠭᠤᠯ ᠰᠢᠳᠠᠷ᠎ᠠ ᠶᠢᠨ  ᠤᠯᠠᠩᠬᠢ ᠨᠢ ᠰᠦᠢᠳᠴᠦ ᠭᠡᠭᠡᠭᠳᠡᠭᠰᠡᠨ ᠪᠠᠶᠢᠨ᠎ᠠ᠃     ᠮᠤᠩᠭᠤᠯ ᠰᠢᠳᠠᠷ᠎ᠠ ᠶᠢ ᠴᠢᠨᠠᠷ ᠰᠠᠶᠢᠳᠠᠢ ᠽᠠᠨᠳᠠᠨ ᠮᠤᠳᠤ ᠪᠤᠶᠤ ᠰᠤᠮᠤ ᠮᠤᠳᠤ ᠪᠠᠷ ᠰᠡᠶᠢᠯᠵᠦ ᠬᠢᠬᠦ ᠪᠤᠶᠤ ᠦᠬᠡᠷ ᠤᠨ ᠡᠪᠡᠷ ᠢ ᠬᠠᠷ᠎ᠠ ᠴᠠᠭᠠᠨ ᠢᠶᠠᠷ ᠦᠩᠬᠡ ᠢᠯᠭᠠᠵᠤ ᠰᠢᠷᠭᠡᠭ ᠲᠠᠭᠠᠷᠠᠭᠤᠯᠤᠨ ᠰᠡᠶᠢᠯᠦᠭᠰᠡᠨ ᠴᠤ ᠪᠠᠶᠢᠳᠠᠭ᠃ ᠡᠶᠢᠮᠦ ᠰᠡᠶᠢᠯᠦᠮᠡᠯ ᠰᠢᠳᠠᠷ᠎ᠠ ᠤᠳᠤ ᠴᠤ ᠬᠠᠳᠠᠭᠠᠯᠠᠭᠳᠠᠵᠤ ᠪᠤᠢ᠃ ᠰᠢᠳᠠᠷ᠎ᠠ ᠶᠢᠨ ᠰᠡᠶᠢᠯᠪᠦᠷᠢ ᠮᠠᠰᠢ ᠤᠷᠠᠨ ᠨᠠᠷᠢᠨ ᠪᠠᠶᠢᠳᠠᠭ᠃ ᠲᠠᠶᠢᠹᠤᠰᠧ ᠤᠨ ᠤᠷᠠᠴᠤᠳ ᠤᠷ᠎ᠠ ᠡᠷᠳᠡᠮ ᠢᠶᠠᠨ ᠭᠠᠶᠢᠬᠠᠭᠤᠯᠵᠤ᠂ ᠨᠤᠶᠠᠨ ᠢ ᠰᠡᠦᠬᠡ ᠲᠡᠷᠭᠡᠨ ᠳᠤ ᠰᠠᠭᠤᠭ᠎ᠠ ᠪᠤᠶᠤ ᠲᠦᠰᠢᠯᠬᠡ ᠲᠠᠢ ᠰᠠᠨᠳᠠᠯᠢ ᠲᠡᠭᠡᠷ᠎ᠡ ᠰᠠᠭᠤᠭᠰᠠᠨ ᠬᠦᠮᠦᠨ ᠢᠶᠠᠷ᠂ ᠪᠡᠷᠰᠡ ᠶᠢ ᠠᠷᠰᠯᠠᠨ ᠪᠠᠷᠰ ᠤᠨ ᠲᠦᠷᠢ ᠪᠠᠷ᠂ ᠲᠡᠮᠡᠭᠡ ᠶᠢ ᠰᠡᠷᠡᠭᠡ ᠪᠦᠬᠦ ᠲᠠᠢ ᠪᠤᠤᠷ᠎ᠠ ᠪᠤᠶᠤ ᠪᠤᠳᠤᠭᠤ ᠬᠦᠬᠦᠬᠦᠯᠵᠦ ᠪᠠᠶᠢᠭ᠎ᠠ ᠢᠩᠭᠡ ᠪᠠᠷ᠂ ᠮᠤᠷᠢ  ᠶᠢ   ᠬᠤᠷ ᠲᠡᠯ ᠲᠠᠢ ᠠᠵᠢᠷᠭ᠎ᠠ ᠪᠤᠶᠤ ᠤᠨᠠᠭ᠎ᠠ ᠬᠦᠬᠦᠬᠦᠯᠵᠦ ᠪᠠᠶᠢᠭ᠎ᠠ ᠬᠡᠬᠦᠦ ᠪᠠᠷ᠂  ᠬᠦᠦ ᠨᠦᠭᠦᠳ ᠢ  ᠮᠠᠭᠰᠢᠨ ᠲᠡᠪᠢᠵᠦ ᠪᠠᠶᠢᠭ᠎ᠠ ᠪᠤᠶᠤ  ᠵᠤᠯᠭᠠᠨ ᠪᠠᠷᠢᠯᠳᠤᠵᠤ ᠪᠠᠶᠢᠭ᠎ᠠ ᠪᠦᠬᠡᠴᠢᠨ ᠤ ᠲᠦᠷᠢ ᠪᠠᠷ ᠲᠤᠰ ᠲᠤᠰ ᠤᠷᠠᠯᠠᠨ  ᠰᠡᠶᠢᠯᠪᠦᠷᠢᠯᠡᠵᠦ᠂  ᠦᠩᠬᠡ ᠶᠢᠨ ᠪᠤᠳᠤᠭ  ᠰᠠᠭᠤᠯᠭᠠᠵᠤ ᠭᠤᠶᠤ ᠭᠠᠩᠭᠠᠩ ᠪᠤᠯᠭᠠᠳᠠᠭ᠃ ᠮᠤᠩᠭᠤᠯ ᠤᠷᠤᠨ ᠤ ᠰᠢᠳᠠᠷ᠎ᠠ ᠶᠢᠨ ᠨᠡᠬᠦᠳᠡᠯ ᠦᠨᠳᠦᠰᠦᠨ ᠳᠡᠭᠡᠨ ᠠᠳᠠᠯᠢ ᠪᠠᠶᠢᠳᠠᠭ ᠨᠢ ᠲᠠᠶᠠᠭᠠᠷ ᠮᠤᠩᠭᠤᠯ ᠢ ᠨᠢᠬᠡᠨ ᠬᠦᠯᠬᠡ ᠳᠤ ᠨᠢᠬᠡᠳᠭᠡᠭᠰᠡᠨ ᠮᠡᠳᠦ  ᠃ ᠢᠯᠠᠩᠭᠤᠶ᠎ᠠ ᠤᠳᠤ ᠶᠢᠨ ᠤᠯᠠᠨ ᠤᠯᠤᠰ ᠤᠨ ᠰᠢᠳᠠᠷ᠎ᠠ ᠲᠠᠢ ᠠᠳᠠᠯᠢᠪᠳᠤᠷ ᠪᠠᠶᠢᠭ᠎ᠠ ᠨᠢ ᠮᠤᠩᠭᠤᠯᠴᠤᠳ ᠤᠨ ᠤᠶᠤᠨ ᠪᠢᠯᠢᠭ ᠤᠷ᠎ᠠ ᠮᠡᠷᠭᠡᠵᠢᠯ ᠤᠨ ᠤᠬᠢ ᠰᠤᠳᠤ ᠶᠢ ᠭᠠᠶᠢᠬᠠᠭᠤᠯᠵᠤ ᠪᠠᠶᠢᠨ᠎ᠠ᠃      ᠲᠠᠶᠢᠹᠤᠰᠧᠴᠤᠳ ᠡᠷᠳᠡ ᠤᠷᠢᠳᠤ ᠠᠴᠠ ᠪᠠᠨ ᠮᠤᠩᠭᠤᠯ ᠰᠢᠳᠠᠷ᠎ᠠ ᠲᠤᠭᠯᠠᠬᠤ ᠳᠤ ᠲᠤᠷ᠎ᠠ ᠪᠠᠭ᠋ᠠᠳᠠᠢ  ᠪᠠᠶᠢᠵᠤ ᠂ ᠶᠡᠷᠦ ᠶᠢᠨ ᠦᠶ᠎ᠡ ᠳᠤ ᠨᠠᠰᠤᠳᠠᠶᠢᠴᠤᠳ ᠦᠷᠬᠦᠯᠵᠢ ᠮᠤᠩᠭᠤᠯ ᠰᠢᠳᠠᠷ᠎ᠠ ᠲᠤᠭᠯᠠᠬᠤ ᠪᠠᠷ ᠦᠯᠦ  ᠪᠠᠷᠠᠨ ᠨᠠᠶᠢᠷ ᠨᠠᠭᠠᠳᠤᠮ ᠤᠨ  ᠮᠦᠷᠦᠶᠢᠴᠡᠭᠡᠨ ᠤ ᠴᠤ ᠴᠢᠬᠤᠯᠠ  ᠨᠢᠬᠡᠨ ᠠᠭᠤᠯᠭ᠎ᠠ ᠪᠤᠯᠵᠤ ᠪᠠᠶᠢᠪᠠ᠃  ᠨᠠᠰᠤᠳᠠᠶᠢᠴᠤᠳ ᠤᠨ ᠭᠡᠯᠡᠬᠦ ᠪᠠᠷ᠂ ᠠᠯᠢ ᠡᠷᠳᠡ ᠵᠠᠭᠤ ᠭᠠᠷᠤᠢ ᠵᠢᠯ ᠤᠨ ᠡᠮᠦᠨ᠎ᠡ ᠮᠠᠯᠠᠭᠠᠢ ᠶᠢᠨ ᠰᠦᠮ᠎ᠡ ᠶᠢᠨ ᠬᠤᠷᠠᠯ᠂  ᠬᠤᠶᠠᠷ ᠰᠦᠷᠦᠭ ᠤᠨ ᠠᠷᠠᠳ ᠤᠨ ᠶᠡᠭᠡ ᠨᠠᠶᠢᠷ ᠲᠡᠭᠡᠷ᠎ᠡ ᠪᠦᠷ ᠡᠷ᠎ᠡ ᠶᠢᠨ ᠭᠤᠷᠪᠠᠨ ᠨᠠᠭᠠᠳᠤᠮ ᠤᠨ ᠬᠠᠮᠳᠤ ᠮᠤᠩᠭᠤᠯ ᠰᠢᠳᠠᠷ᠎ᠠ ᠶᠢᠨ ᠮᠦᠷᠦᠶᠢᠴᠡᠭᠡᠨ ᠶᠠᠪᠤᠭᠤᠯᠳᠠᠭ ᠬᠡᠨ᠎ᠡ᠃  ᠨᠡᠩ ᠢᠯᠠᠩᠭᠤᠶ᠎ᠠ ᠴᠢᠯᠦᠭᠡᠯᠡᠭᠳᠡᠭᠰᠡᠨ ᠠᠴᠠ ᠬᠤᠶᠢᠰᠢ᠂ ᠵᠢᠯ ᠪᠤᠯᠭᠠᠨ ᠤ ᠠᠷᠠᠳ ᠤᠨ ᠨᠠᠶᠢᠷ ᠨᠠᠭᠠᠳᠤᠮ ᠳᠤ ᠪᠦᠷ ᠮᠤᠩᠭᠤᠯ ᠰᠢᠳᠠᠷ᠎ᠠ ᠶᠢᠨ ᠤᠷᠤᠯᠳᠤᠭᠠᠨ ᠲᠤᠳᠠᠳᠠᠭ ᠦᠬᠡᠢ  ᠪᠠᠶᠢᠪᠠ᠃       ᠲᠠᠶᠢᠹᠤᠰᠧ ᠬᠤᠰᠢᠭᠤᠨ ᠳᠤ ᠦᠨᠦ ᠪᠤᠯᠳᠠᠯ᠎ᠠ ᠮᠤᠩᠭᠤᠯ ᠰᠢᠳᠡᠷ᠎ᠠ ᠲᠤᠭᠯᠠᠬᠤ ᠬᠦᠮᠦᠰ  ᠮᠤᠩ ᠦᠬᠡᠢ ᠤᠯᠠᠨ ᠪᠠᠶᠢᠵᠤ᠂  ᠰᠢᠳᠠᠷᠠᠴᠢᠳ ᠤᠨ ᠲᠤᠭ᠎ᠠ ᠵᠢᠯ ᠠᠴᠠ ᠵᠢᠯ ᠨᠡᠮᠡᠭᠳᠡᠨ᠎ᠡ᠃ ᠡᠨᠡᠬᠦ ᠤᠯᠠᠮᠵᠢᠯᠠᠯᠲᠤ ᠨᠠᠭᠠᠳᠤᠮ  ᠂ ᠦᠨᠳᠦᠰᠦᠲᠡᠨ ᠤ ᠪᠠᠨ ᠰᠢᠯᠢᠳᠡᠭ  ᠰᠤᠶᠤᠯ ᠢᠶᠠᠨ ᠤᠯᠠᠮᠵᠢᠯᠠᠨ ᠵᠠᠯᠭᠠᠮᠵᠢᠯᠠᠵᠤ᠂ ᠤᠯᠠᠮ ᠴᠢᠨᠠᠭᠰᠢᠳᠠ  ᠬᠦᠭᠵᠢᠬᠦᠯᠬᠦ  ᠶᠢᠨ ᠲᠦᠯᠦᠬᠡ  ᠂  ᠲᠤᠰ ᠬᠤᠰᠢᠭᠤᠨ ᠤ ᠠᠬᠠᠮᠠᠳ ᠰᠢᠳᠠᠷᠴᠢᠨ ᠪᠠᠳᠤᠪᠤᠶᠠᠨ᠂ ᠳ᠋ᠦᠩᠰᠢᠭ᠂ ᠲᠤᠷᠵᠢᠵᠠᠪ ᠵᠡᠷᠭᠡ ᠬᠦᠮᠦᠰ 2009 ᠤᠨ ᠳᠤ ᠬᠦᠨᠪᠤᠯᠠᠭ ᠮᠤᠩᠭᠤᠯ ᠰᠢᠳᠠᠷ᠎ᠠ ᠶᠢᠨ ᠨᠡᠶᠢᠭᠡᠮᠯᠢᠭ ︵ᠰᠡᠬᠦᠯᠡᠷ ᠨᠢ ︽ᠲᠠᠶᠢᠹᠤᠰᠧ ᠮᠤᠩᠭᠤᠯ ᠰᠢᠳᠠᠷ᠎ᠠ ᠶᠢᠨ ᠨᠡᠶᠢᠭᠡᠮᠯᠢᠭ︾ ᠬᠡᠮᠡᠨ ᠨᠡᠷ᠎ᠡ ᠪᠠᠨ ᠬᠠᠯᠠᠵᠠᠢ︶ ᠢ  ᠡᠬᠦᠰᠬᠡᠨ ᠪᠠᠶᠢᠭᠤᠯᠤᠭᠠᠳ᠂  ᠦᠨᠦ ᠪᠤᠯᠬᠤ ᠳᠤ ᠰᠢᠳᠠᠷ᠎ᠠ ᠶᠢᠨ ᠨᠡᠶᠢᠬᠡᠮᠯᠢᠭ ᠨᠢ  ᠲᠠᠪᠢᠭᠠᠳ ᠭᠡᠰᠢᠬᠦᠨ᠂  ᠲᠠᠯᠠᠭᠠᠳ ᠰᠤᠷᠤᠭᠴᠢ ᠲᠠᠢ ᠪᠤᠯᠵᠤ  ᠪᠤᠵᠠᠭᠠᠶᠢᠷᠠᠨ᠂  ᠰᠢᠳᠠᠷᠴᠢᠳ ᠨᠢ ᠨᠠᠢᠮᠠᠨ ᠮᠤᠵᠢ ᠤᠷᠤᠨ ᠤ ᠰᠢᠳᠠᠷ᠎ᠠ ᠶᠢᠨ ᠤᠷᠤᠯᠳᠤᠭᠠᠨ᠂ ᠰᠢᠯᠢ ᠶᠢᠨ ᠭᠤᠤᠯ ᠠᠶᠢᠮᠠᠭ ᠤᠨ ᠨᠠᠭᠠᠳᠤᠮ ᠤᠨ ᠶᠡᠭᠡ ᠬᠤᠷᠠᠯ  ᠵᠢᠴᠢ  ᠠᠬ᠎ᠠ ᠲᠡᠬᠦᠦ ᠬᠤᠰᠢᠭᠤ ᠰᠢᠶᠠᠨ ᠤ ᠡᠷᠬᠢᠯᠡᠭᠰᠡᠨ ᠤᠷᠤᠯᠳᠤᠭᠠᠨ ᠲᠡᠮᠡᠴᠡᠭᠡᠨ ᠳᠤ ᠤᠷᠤᠯᠴᠠᠭᠠᠳ ᠦᠨᠳᠦᠷ ᠠᠮᠵᠢᠯᠳᠠ ᠪᠠᠶᠢᠭᠤᠯᠤᠭᠰᠠᠨ ᠶᠤᠮ᠃ ᠬᠤᠰᠢᠭᠤᠨ ᠤ ᠮᠤᠩᠭᠤᠯ ᠰᠤᠷᠭᠠᠭᠤᠯᠢ ᠨᠢ ᠪᠠᠰᠠ ᠰᠢᠳᠠᠷ᠎ᠠ ᠶᠢᠨ ᠨᠡᠶᠢᠬᠡᠮᠯᠢᠭ ᠠᠴᠠ ᠪᠠᠭᠰᠢ ᠵᠠᠯᠠᠨ᠂ ᠮᠤᠩᠭᠤᠯ ᠰᠢᠳᠠᠷ᠎ᠠ ᠶᠢᠨ ᠲᠤᠰᠬᠠᠢ ᠬᠢᠴᠢᠶᠡᠯ  ᠨᠡᠭᠡᠭᠡᠵᠦ᠂ ᠰᠤᠷᠤᠭᠴᠢᠳ ᠤᠨ ᠢᠶᠠᠨ ᠰᠢᠳᠠᠷ᠎ᠠ ᠰᠤᠷᠬᠤ ᠳᠤ ᠨᠦᠬᠦᠴᠡᠯ  ᠬᠠᠩᠭᠠᠨ  ᠂ ᠰᠤᠷᠭᠠᠭᠤᠯᠢ ᠶᠢᠨ ᠬᠦᠷᠢᠶᠡᠨ   ᠤ ᠰᠣᠶᠣᠯ ᠤᠨ ᠠᠮᠢᠳᠣᠷᠠᠯ  ᠢ ᠪᠠᠶᠠᠯᠢᠬᠵᠢᠭᠤᠯᠵᠤ᠂ ᠦᠨᠳᠦᠰᠦᠲᠡᠨ ᠤ ᠪᠠᠨ ᠦᠪ ᠰᠤᠶᠤᠯ ᠢ ᠤᠯᠠᠮᠵᠢᠯᠠᠨ᠂  ᠠᠶᠢᠮᠠᠭ ᠬᠤᠰᠢᠭᠤ᠂ ᠰᠤᠮᠤ ᠭᠠᠴᠠᠭᠠᠨ ᠤ ᠶᠡᠭᠡ ᠪᠠᠭ᠎ᠠ ᠨᠠᠶᠢᠷ  ᠨᠠᠭᠠᠳᠤᠮ᠂ ᠤᠷᠤᠯᠳᠤᠭᠠᠨ  ᠲᠡᠮᠡᠴᠡᠭᠡᠨ ᠳᠤ  ᠰᠤᠷᠤᠭᠴᠢᠳ ᠢᠶᠠᠨ ᠲᠤᠮᠢᠯᠠᠨ ᠢᠳᠡᠪᠬᠢᠳᠡᠢ ᠤᠷᠤᠯᠴᠠᠭᠤᠯᠵᠤ᠂ ᠲᠤᠩ ᠰᠠᠶᠢᠨ ᠠᠮᠵᠢᠯᠳᠠ ᠪᠦᠳᠦᠮᠵᠢ ᠡᠬᠦᠳᠦᠭᠰᠡᠨ ᠪᠠᠶᠢᠨ᠎ᠠ᠃        ᠰᠢᠳᠠᠷ᠎ᠠ ᠨᠠᠭᠠᠳᠬᠤ  ᠲᠦᠷᠢᠮ᠄   ᠰᠢᠳᠠᠷ᠎ᠠ ᠶᠢ ᠬᠠᠷ᠎ᠠ ᠴᠠᠭᠠᠨ ᠬᠤᠶᠠᠷ ᠦᠩᠬᠡ ᠪᠠᠷ ᠢᠯᠭᠠᠵᠤ᠂ ᠬᠤᠶᠠᠷ ᠬᠦᠮᠦᠨ ᠨᠠᠭᠠᠳᠤᠨ᠎ᠠ᠃ ᠲᠠᠯ᠎ᠠ ᠪᠦᠷᠢ ᠳᠤ ᠨᠢᠬᠡ ᠨᠤᠶᠠᠨ᠂  ᠨᠢᠬᠡ ᠪᠡᠷᠰᠡ᠂ ᠬᠤᠶᠠᠷ ᠲᠡᠮᠡᠭᠡ᠂ ᠬᠤᠶᠠᠷ ᠮᠤᠷᠢ᠂ ᠬᠤᠶᠠᠷ ᠲᠡᠷᠭᠡ ︵ᠬᠠᠩᠭᠠᠢ︶᠂ ᠨᠠᠢᠮᠠᠨ ᠬᠦᠦ  ᠪᠠᠶᠢᠵᠤ᠂  ᠪᠦᠬᠦ ᠨᠡᠶᠢᠳᠡ 32 ᠰᠢᠳᠠᠷ᠎ᠠ ᠪᠠᠶᠢᠳᠠᠭ᠃ ᠰᠢᠳᠠᠷ᠎ᠠ  ᠶᠢᠨ ᠬᠦᠯᠬᠡ ᠪᠤᠯ ᠬᠠᠷ᠎ᠠ ᠴᠠᠭᠠᠨ ᠵᠡᠷᠭᠡᠴᠡᠨ ᠰᠦᠯᠵᠢᠭᠰᠡᠨ 64 ᠰᠠᠭᠤᠳᠠᠯ ᠲᠠᠢ᠃ ᠰᠢᠳᠠᠷ᠎ᠠ   ᠶᠢᠨ  ᠦᠷᠦᠯᠳᠡ ᠨᠡᠬᠦᠳᠡᠯ ᠳᠤ ᠴᠢᠩᠭ᠎ᠠ ᠲᠤᠭᠳᠠᠭᠰᠠᠨ ᠶᠤᠰᠤ ᠭᠤᠷᠢᠮ ᠲᠠᠢ᠃ ᠭᠤᠤᠯ ᠤᠨ ᠬᠤᠶᠠᠷ ᠰᠠᠭᠤᠳᠠᠯ ᠳᠤ ᠨᠤᠶᠠᠨ᠂ ᠪᠡᠷᠰᠡ ︵ᠵᠠᠩᠵᠤᠨ︶ ᠵᠡᠷᠭᠡᠴᠡᠨ ᠰᠠᠭᠤᠵᠤ᠂  ᠬᠤᠶᠠᠷ ᠲᠡᠰᠢ ᠪᠠᠨ ᠲᠡᠮᠡᠭᠡ᠂ ᠮᠤᠷᠢ᠂ ᠲᠡᠷᠭᠡ ᠲᠤᠰ ᠲᠤᠰ ᠰᠠᠭᠤᠳᠠᠯ ᠡᠵᠡᠯᠡᠨ᠎ᠡ᠂ ᠡᠳᠡᠭᠡᠷ ᠢ ᠪᠤᠳᠠ ᠭᠡᠨ᠎ᠡ᠃ ᠪᠦᠬᠦᠳᠡ ᠪᠤᠳᠠ ᠶᠢᠨ ᠡᠮᠦᠨᠡᠬᠢ ᠰᠠᠭᠤᠳᠠᠯ ᠢ ᠨᠠᠢᠮᠠᠨ ᠬᠦᠦ ᠡᠵᠡᠯᠡᠳᠡᠭ᠃ ᠨᠤᠶᠠᠨ ᠪᠤᠯ ᠨᠦᠬᠦᠬᠡ ᠡᠳᠡᠭᠡᠳ ᠤᠨ ᠢᠶᠠᠨ  ᠰᠢᠳᠠᠷ᠎ᠠ ᠶᠢᠨ ᠬᠦᠯ ᠡᠰᠡ ᠲᠤᠰᠬᠤ ᠭᠠᠵᠠᠷ ᠲᠤ ᠬᠦᠨᠳᠡᠯᠡᠨ ᠭᠤᠯᠳᠤ ᠲᠠᠰᠢᠭᠤ ᠨᠠᠢᠮᠠᠨ ᠲᠡᠰᠢ ᠪᠠᠨ ᠨᠢᠬᠡ ᠨᠢᠬᠡ ᠠᠯᠬᠤᠮ ᠢᠶᠠᠷ ᠨᠡᠬᠦᠵᠦ ᠶᠠᠪᠤᠨ᠎ᠠ᠃ ᠲᠡᠮᠡᠭᠡ  ᠪᠤᠯ ᠲᠠᠰᠢᠭᠤ ᠪᠠᠷ ᠰᠠᠭᠤᠳᠠᠯ ᠪᠦᠬᠦᠨ ᠳᠤ ᠨᠡᠬᠦᠵᠦ᠂ ᠲᠡᠷᠭᠡ ᠪᠤᠯ ᠬᠦᠨᠳᠡᠯᠡᠨ ᠭᠤᠯᠳᠤ ᠪᠠᠷ ᠲᠦᠷᠪᠡᠨ ᠲᠡᠰᠢ ᠰᠠᠭᠤᠳᠠᠯ ᠪᠦᠬᠦᠨ ᠳᠤ ᠨᠡᠬᠦᠨ᠂ ᠪᠡᠷᠰᠡ ᠪᠤᠯ ᠲᠡᠷᠭᠡ ᠲᠡᠮᠡᠭᠡᠨ ᠤ ᠶᠠᠪᠤᠳᠠᠯ ᠢᠶᠠᠷ ᠬᠠᠮᠢᠭ᠎ᠠ ᠴᠤ ᠪᠦᠷ ᠨᠡᠬᠦᠵᠦ᠂ ᠮᠤᠷᠢ ᠪᠤᠯ ᠲᠦᠷᠪᠡᠯᠵᠢ ᠬᠠᠷᠠᠶᠢᠨ ᠵᠢᠰᠢᠬᠦᠯᠵᠢᠨ ᠢᠶᠠᠷ ᠦᠷᠦᠭᠡᠯᠳᠦᠵᠦ ᠨᠡᠬᠦᠨ᠂ ᠬᠦᠦ ᠪᠤᠯ ᠤᠷᠤᠭᠰᠢ ᠨᠢᠬᠡ ᠯᠡ ᠰᠠᠭᠤᠳᠠᠯ ᠳᠤ ᠨᠡᠬᠦᠬᠦ ᠪᠠ ᠢᠳᠡᠰᠢ ᠲᠠᠭᠠᠷᠠᠪᠠᠯ ᠵᠢᠰᠢᠬᠦᠯᠵᠦ ᠢᠳᠡᠨ᠎ᠡ᠃ ᠬᠦᠦ ᠨᠡᠬᠦᠭᠰᠡᠭᠡᠷ ᠪᠠᠶᠢᠵᠤ ᠪᠡᠷᠰᠡ ᠶᠢᠨ ᠰᠠᠭᠤᠳᠠᠯ ᠳᠤ ᠬᠦᠷᠪᠡᠯ᠂ ᠪᠡᠷᠰᠡ ᠶᠢᠨ ᠶᠠᠪᠤᠳᠠᠯ ᠢᠶᠠᠷ ᠶᠠᠪᠤᠨ᠎ᠠ᠃      ᠡᠬᠢᠯᠡᠵᠦ ᠨᠠᠭᠠᠳᠬᠤ ᠳᠤ ᠪᠡᠷᠰᠡ ᠶᠢᠨ ᠡᠮᠦᠨᠡᠬᠢ ᠬᠦᠦ ᠶᠢ ᠬᠤᠶᠠᠷ ᠠᠯᠬᠤᠮ ᠲᠦᠯᠬᠢᠵᠦ ᠪᠤᠯᠳᠠᠭ᠃ ᠨᠠᠭᠠᠳᠬᠤ ᠳᠠᠭᠠᠨ ᠭᠡᠷ ᠤᠨ ᠡᠵᠡᠨ ᠨᠢ ᠵᠤᠴᠢᠨ ᠳᠤ ᠨᠠᠶᠢᠷ ᠲᠠᠯᠪᠢᠵᠤ᠂ ᠵᠠᠯᠠᠭᠤ ᠨᠢ ᠠᠬᠠᠮᠠᠳ ᠲᠠᠭᠠᠨ ᠨᠠᠶᠢᠷ ᠲᠠᠯᠪᠢᠵᠤ ᠡᠬᠢᠯᠡᠬᠦᠯᠦᠨ᠎ᠡ᠃  ᠲᠡᠭᠡᠭᠡᠳ ᠡᠬᠡᠯᠵᠢᠯᠡᠨ ᠶᠠᠪᠤᠬᠤ ᠳᠠᠭᠠᠨ ᠨᠡᠬᠦᠳᠡᠯ ᠠᠴᠠ ᠪᠤᠴᠠᠵᠤ ᠪᠤᠯᠬᠤ ᠦᠬᠡᠢ᠂ ᠬᠦᠮᠦᠨ ᠤ ᠭᠠᠭᠴᠠ ᠬᠦᠦ ᠶᠢ ᠢᠳᠡᠵᠦ ᠪᠤᠯᠬᠤ ᠦᠬᠡᠢ᠃ ︽ᠪᠤᠷᠤᠭᠤ ᠶᠠᠪᠤᠭᠰᠠᠨ ᠴᠤ ᠪᠤᠴᠠᠬᠤ ᠦᠬᠡᠢ᠂ ᠪᠤᠳᠠ ᠠᠯᠳᠠᠭᠰᠠᠨ ᠴᠤ ᠪᠤᠳᠤᠯᠭ᠎ᠠ ᠠᠯᠳᠠᠬᠤ ᠦᠬᠡᠢ︾ ᠭᠡᠮᠡᠳᠡᠭ ᠨᠢ ᠮᠤᠩᠭᠤᠯᠴᠤᠳ ᠤᠨ ᠢᠯᠠᠭᠳᠠᠰᠢ ᠦᠬᠡᠢ ᠪᠠᠳᠤ ᠪᠠᠶᠢᠯᠳᠤᠭᠠᠨ ᠤ ᠵᠤᠷᠢᠭ ᠰᠦᠯᠳᠡ ᠶᠢ ᠢᠯᠡᠷᠡᠬᠦᠯᠦᠭᠰᠡᠨ ᠦᠬᠡ ᠠᠵᠢ᠃ ᠮᠤᠩᠭᠤᠯ ᠰᠢᠳᠠᠷ᠎ᠠ ᠶᠢᠨ ᠨᠡᠬᠦᠳᠡᠯ ᠲᠤᠮᠳᠠ ᠮᠠᠰᠢ ᠤᠯᠠᠨ ᠶᠠᠩᠵᠤ ᠶᠢᠨ ᠪᠤᠳᠤᠯᠢᠶᠠᠨ ᠲᠠᠢ ᠬᠤᠪᠢᠷᠠᠯᠳᠠ ᠭᠠᠷᠴᠤ᠂ ᠤᠬᠠᠭᠠᠨ ᠪᠤᠳᠤᠯᠭ᠎ᠠ ᠶᠡᠭᠡ ᠭᠡᠷᠡᠭᠰᠡᠨ᠎ᠡ᠃ ᠲᠡᠬᠦᠨ ᠳᠤ ᠨᠡᠬᠡᠯ᠂ ᠬᠠᠪᠬᠠᠭ᠂ ᠲᠠᠷᠤᠯᠭ᠎ᠠ᠂ ᠪᠦᠭᠯᠡᠭᠡ᠂ ᠵᠠᠶᠢᠯᠠᠬᠤ᠂ ᠢᠳᠡᠰᠢ ᠦᠭᠬᠦ ᠵᠡᠷᠭᠡ ᠤᠯᠠᠨ ᠠᠷᠭ᠎ᠠ ᠪᠠᠶᠢᠬᠤ ᠪᠦᠬᠡᠳ ᠱᠠᠯᠠᠭ᠎ᠠ᠂ ᠳ᠋ᠤᠯᠠᠭ᠎ᠠ᠂ ᠴᠤᠯᠠᠭ᠎ᠠ ᠵᠡᠷᠭᠡ ᠤᠯᠠᠨ ᠰᠠᠶᠢᠬᠠᠨ ᠨᠡᠷᠡᠶᠢᠳᠦᠯ ᠲᠠᠢ᠃ ᠰᠢᠳᠠᠷ᠎ᠠ ᠶᠢᠨ ᠱᠠᠯᠠᠭ᠎ᠠ ᠭᠡᠳᠡᠭ ᠪᠤᠯ ᠨᠤᠶᠠᠨ ᠢ ᠢᠳᠡᠬᠦ ᠪᠠᠷ ᠬᠠᠯᠳᠠᠵᠤ ᠨᠡᠬᠦᠬᠦ ᠶᠢ ᠬᠡᠯᠡᠵᠦ᠂  ᠮᠤᠷᠢ᠂ ᠪᠡᠷᠰᠡ᠂ ᠲᠡᠷᠭᠡ ᠪᠠᠷ ᠱᠠᠯᠠᠬᠤ ᠶᠢ ︽ᠱᠠᠭ︾ ᠬᠡᠮᠡᠨ᠂ ᠲᠡᠮᠡᠭᠡ ᠪᠠᠷ ᠱᠠᠯᠠᠬᠤ ᠶᠢ ︽ᠳ᠋ᠤᠭ︾ ᠬᠡᠵᠦ᠂ ᠬᠦᠦ ᠪᠠᠷ ᠱᠠᠯᠠᠬᠤ ᠶᠢ  ︽ᠴᠦᠳ︾ ᠬᠡᠳᠡᠭ᠃ ᠨᠤᠶᠠᠨ ᠱᠠᠯᠠᠭᠠᠨ ᠳᠤ ᠤᠷᠤᠵᠤ ᠬᠠᠮᠢᠭᠠᠰᠢ ᠴᠤ ᠬᠦᠳᠡᠯᠵᠦ ᠴᠢᠳᠠᠬᠤ ᠦᠬᠡᠢ ᠪᠤᠯᠬᠤ ᠶᠢ ︽ᠮᠠᠳ ᠪᠤᠯᠪᠠ︾ ᠬᠡᠵᠦ᠂  ᠨᠦᠬᠦᠬᠡ ᠲᠠᠯ᠎ᠠ ᠠᠴᠠ ᠬᠡᠯᠡᠪᠡᠯ  ︽ᠮᠠᠳᠯᠠᠬᠤ︾ ᠬᠡᠨ᠎ᠡ᠃ ᠮᠤᠩᠭᠤᠯ ᠰᠢᠳᠠᠷ᠎ᠠ ᠶᠢᠨ ᠱᠦᠬᠦᠯᠳᠡ ᠮᠠᠰᠢ ᠤᠯᠠᠨ ᠶᠠᠩᠵᠤ ᠪᠠᠶᠢᠳᠠᠭ᠃ ᠲᠠᠶᠢᠹᠤᠰᠧᠴᠤᠳ ᠤᠨ ︽ᠨᠤᠷᠰᠤᠭᠮ᠎ᠠ︾ ᠬᠡᠵᠦ ᠨᠡᠷᠡᠯᠡᠳᠡᠭ ᠶᠡᠭᠡ ᠱᠦᠬᠦᠯᠳᠡ ᠨᠢ ᠪᠡᠷᠰᠡ  ᠠᠴᠠ ᠡᠬᠢᠯᠡᠵᠦ᠂ ︽ᠴᠡᠷᠢᠭ ᠤᠨ ᠲᠡᠷᠢᠬᠦᠨ ᠵᠠᠩᠵᠤᠨ ᠪᠡᠷᠰᠡ ᠶᠢᠨ ᠢᠯᠳᠦᠨ ᠱᠠᠭ᠂ ᠲᠡᠮᠡᠬᠡᠨ ᠲᠦᠷᠦᠬᠦᠦ ᠭᠠᠩᠭᠠᠩ ᠪᠤᠤᠷ᠎ᠠ ᠶᠢᠨ ᠲᠠᠪᠠᠭ ᠤᠨ ᠳ᠋ᠤᠭ᠂ ᠲᠡᠭᠷᠢ ᠶᠢᠨ ᠬᠦᠯᠬᠡ ᠡᠬᠦᠯᠡᠨ ᠪᠤᠷᠤ ᠶᠢᠨ ᠲᠤᠭᠤᠷᠠᠢ ᠶᠢᠨ ᠱᠠᠭ᠂ ᠯᠤᠤᠰ ᠤᠨ ᠦᠬᠢᠨ ᠨᠤᠷᠰᠤᠭᠮ᠎ᠠ ᠶᠢᠨ ᠰᠡᠦᠬᠡ ᠲᠡᠷᠭᠡᠨ ᠤ ᠬᠦᠷᠳᠦᠨ ᠱᠠᠭ᠂ ᠲᠡᠭᠷᠢ ᠶᠢᠨ ᠬᠦᠪᠡᠬᠦᠨ ᠲᠠᠮᠪᠠᠳᠤᠷᠵᠢ ᠶᠢᠨ ᠰᠤᠮᠤᠨ ᠴᠦᠳ︾ ᠬᠡᠵᠦ ᠲᠠᠷᠠᠭᠠᠯᠠᠨ ᠱᠠᠯᠠᠳᠠᠭ᠃ ᠪᠠᠰᠠ ︽ᠳ᠋ᠠ ᠬᠦᠷᠢᠶ᠎ᠡ︾ ︵ᠵᠠᠷᠢᠮ ᠭᠠᠵᠠᠷ ᠲᠤ ᠪᠠᠰᠠ ᠲᠡᠮᠡᠭᠡᠨ ᠲᠤᠭᠤᠷᠢᠭᠤᠯᠭ᠎ᠠ ᠭᠡᠨ᠎ᠡ︶ ᠭᠡᠳᠡᠭ ᠬᠤᠤᠰ ᠲᠡᠮᠡᠭᠡ ᠪᠠᠷ 27 ᠤᠳᠠᠭ᠎ᠠ ᠲᠠᠷᠠᠭᠠᠯᠠᠨ ᠳ᠋ᠤᠭᠯᠠᠵᠤ ᠢᠯᠠᠳᠠᠭ ᠶᠡᠭᠡ ᠱᠦᠬᠦᠯᠳᠡ ᠪᠠ ᠬᠦᠦ ᠶᠢᠨ ᠠᠷᠪᠠᠨ ᠭᠤᠷᠪᠠᠨ ᠴᠦᠳ᠂ ᠲᠡᠮᠡᠬᠡᠨ ᠲᠦᠷᠪᠡ᠂ ᠮᠤᠷᠢᠨ ᠲᠦᠷᠪᠡ᠂ ᠪᠡᠷᠰᠡ ᠶᠢᠨ ᠲᠦᠷᠪᠡ᠂ ᠪᠡᠷᠰᠡ ᠶᠢᠨ ᠨᠠᠢᠮᠠ ᠬᠡᠬᠦ ᠵᠡᠷᠭᠡ ᠱᠦᠬᠦᠯᠳᠡ ᠪᠤᠢ᠃ ᠭᠠᠭᠴᠠ ᠬᠦ᠋ ᠲᠠᠶᠢᠹᠤᠰᠧᠴᠤᠳ ᠤᠤᠯ ᠠᠴᠠ ᠠᠳᠤᠭᠤ ᠮᠠᠯᠵᠢᠵᠤ ᠢᠷᠡᠭᠰᠡᠨ ᠠᠴᠠ ᠮᠤᠷᠢᠨ ᠮᠠᠳ ᠬᠢᠬᠦ ᠶᠢ ᠴᠡᠭᠡᠷᠯᠡᠳᠡᠭ ᠵᠠᠩᠰᠢᠯ ᠲᠠᠢ᠃             ᠲᠠᠶᠢᠹᠤᠰᠧ ᠬᠤᠰᠢᠭᠤ ᠮᠤᠩᠭᠤᠯ ᠰᠢᠳᠠᠷ᠎ᠠ   ᠶᠢ  ᠬᠤᠰᠢᠭᠤᠨ   ᠤ ᠲᠡᠰ ᠤᠨ ᠪᠤᠳᠠᠰ ᠤᠨ ᠪᠤᠰᠤ ᠰᠤᠶᠤᠯ  ᠤᠨ ᠦᠪ ᠢᠶᠠᠷ ᠲᠡᠮᠳᠡᠭᠯᠡᠵᠦ᠂   ᠰᠡᠴᠡᠨᠳᠦ ᠬᠤᠰᠢᠭᠤᠨ ᠤ ᠲᠡᠰ ᠤᠨ ᠦᠪᠯᠡᠨ ᠤᠯᠠᠮᠵᠢᠯᠠᠭᠴᠢ ᠪᠤᠯᠤᠭᠰᠠᠨ ᠪᠠᠶᠢᠨ᠎ᠠ       ᠤᠯᠠᠮᠵᠢᠯᠠᠭᠴᠢ ᠶᠢᠨ ᠲᠤᠪᠴᠢ ᠲᠠᠨᠢᠯᠴᠠᠭᠤᠯᠭ᠎ᠠ᠄  ᠰᠡᠴᠡᠨᠳᠤ᠂ ᠡᠷᠡᠭᠳᠡᠢ᠂ ᠮᠤᠩᠭᠤᠯ ᠦᠨᠳᠦᠰᠦᠳᠡᠨ᠂ 1969 ᠤᠨ ᠳᠤ ᠲᠦᠷᠦᠪᠡ᠃ ᠲᠠᠶᠢᠹᠤᠰᠧ ᠬᠤᠰᠢᠭᠤᠨ ᠤ ᠬᠦᠨᠪᠤᠯᠠᠭ ᠰᠤᠮᠤᠨ ᠤ ᠬᠦᠮᠦᠨ᠃  ᠬᠠᠷᠠᠬᠠᠨ ᠪᠠᠭ᠎ᠠ  ᠠᠴᠠ ᠪᠠᠨ ᠮᠤᠩᠭᠤᠯ ᠰᠢᠳᠠᠷ᠎ᠠ ᠳᠤ ᠪᠠᠬ᠎ᠠ ᠰᠤᠨᠢᠷᠬᠠᠯ ᠲᠠᠢ  ᠲᠡᠷᠡᠪᠡᠷ  ᠨᠠᠢᠮᠠᠨ ᠨᠠᠰᠤᠳᠠᠢ ᠳᠠᠭᠠᠨ ᠠᠪᠤ ᠠᠴᠠ ᠪᠠᠨ ᠮᠤᠩᠭᠤᠯ ᠰᠢᠳᠠᠷ᠎ᠠ ᠨᠠᠭᠠᠳᠬᠤ ᠶᠢ  ᠰᠤᠷᠴᠤ᠂  ᠠᠷᠪᠠᠨ ᠲᠠᠪᠤᠨ ᠨᠠᠰᠤᠳᠠᠢ ᠳᠠᠭᠠᠨ ᠮᠤᠩᠭᠤᠯ ᠰᠢᠳᠠᠷ᠎ᠠ  ᠤᠷᠠᠯᠠᠵᠤ ᠰᠡᠶᠢᠯᠬᠦ ᠶᠢ  ᠰᠤᠷᠤᠭᠠᠳ᠂  ᠰᠢᠳᠠᠷ᠎ᠠ ᠶᠢᠨ ᠤᠷᠤᠯᠳᠤᠭᠠᠨ ᠳᠤ ᠤᠷᠤᠯᠴᠠᠵᠤ᠂ ᠰᠢᠯᠢᠳᠡᠭ  ᠠᠮᠵᠢᠯᠳᠠ  ᠪᠠᠶᠢᠭᠤᠯᠵᠤ ᠢᠷᠡᠵᠡᠢ᠃  ᠤᠳᠤ ᠲᠡᠷᠡᠪᠡᠷ ᠲᠠᠶᠢᠹᠤᠰᠧ ᠮᠤᠩᠭᠤᠯ ᠰᠢᠳᠠᠷ᠎ᠠ ᠶᠢᠨ ᠨᠡᠶᠢᠬᠡᠮᠯᠢᠭ ᠤᠨ ᠨᠠᠷᠢᠨ ᠪᠢᠴᠢᠭ ᠤᠨ ᠲᠠᠷᠤᠭ᠎ᠠ  ᠶᠢᠨ ᠲᠤᠰᠢᠶᠠᠯ ᠢ ᠡᠬᠦᠷᠭᠡᠯᠡᠨ᠂  ᠨᠡᠶᠢᠬᠡᠮᠯᠢᠭ ᠤᠨ ᠡᠳᠦᠷ ᠲᠤᠳᠤᠮ ᠤᠨ ᠠᠵᠢᠯ  ᠶᠠᠪᠤᠳᠠᠯ ᠢ ᠬᠠᠷᠢᠭᠤᠴᠠᠨ  ᠬᠦᠢᠴᠡᠳᠭᠡᠵᠦ ᠪᠠᠶᠢᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号