ᠤᠯᠠᠮᠵᠢᠯᠠᠯᠳᠤ ᠨᠠᠭᠠᠳᠤᠮ ᠲᠤᠭᠯᠠᠭᠠᠮ — ᠭᠤᠷᠪᠠᠨ ᠬᠦᠷᠢᠶᠡᠳᠦ ᠰᠢᠳᠠᠷ᠎ᠠ
ᠨᠡᠶᠢᠲᠡᠯᠡᠭᠰᠡᠨ ᠴᠠᠭ᠄
2020/11/18
   ᠭᠤᠷᠪᠠᠨ ᠬᠦᠷᠢᠶᠡᠳᠦ ᠰᠢᠳᠠᠷ᠎ᠠ   ᠨᠢ ᠲᠠᠶᠢᠹᠤᠰᠧ ᠬᠤᠰᠢᠭᠤᠨ ᠤ  ᠲᠠᠷᠢᠶᠠᠯᠠᠬᠤ ᠤᠷᠤᠨ ᠳᠤ ᠦᠷᠭᠡᠨ ᠢᠶᠠᠷ ᠲᠡᠯᠭᠡᠷᠡᠨ ᠤᠯᠠᠮᠵᠢᠯᠠᠭᠳᠠᠵᠤ᠂  ᠢᠯᠠᠩᠭᠤᠶ᠎ᠠ ᠲᠡᠭᠡᠷ᠎ᠡ ᠵᠠᠭᠤᠨ ᠤ ᠲᠠᠪᠢ ᠵᠢᠷᠠᠭᠠᠳ ᠤᠨ ᠤ ᠦᠶᠡᠰ ᠶᠡᠬᠡᠪᠡᠷ ᠲᠡᠯᠭᠡᠷᠡᠵᠦ ᠪᠠᠶᠢᠵᠠᠢ᠃ ᠲᠤᠰ ᠲᠤᠭᠯᠠᠭᠠᠮ ᠨᠢ ᠬᠤᠶᠠᠷ ᠬᠦᠮᠦᠨ ᠠᠭᠤᠯᠵᠠᠪᠠᠯ ᠬᠠᠮᠢᠭ᠎ᠠ ᠭᠠᠵᠠᠷ ᠲᠤ ᠴᠤ ᠬᠦᠯᠬᠡ ᠵᠢᠷᠤᠭᠠᠳ ᠮᠤᠳᠤ ᠴᠢᠯᠠᠭᠤ ᠶᠢᠨ ᠬᠡᠯᠳᠡᠷᠭᠡᠢ ᠪᠠᠷ ᠰᠢᠳᠠᠷ᠎ᠠ   ᠶᠢ ᠤᠷᠤᠯᠠᠭᠤᠯᠤᠨ ᠨᠠᠭᠠᠳᠴᠤ ᠪᠤᠯᠳᠠᠭ ᠮᠦᠷᠳᠡᠭᠡᠨ ᠰᠤᠷᠴᠤ ᠡᠵᠡᠮᠰᠢᠬᠦ ᠳᠤ ᠴᠤ ᠠᠮᠠᠷᠬᠠᠨ ᠪᠤᠯᠬᠤᠷ ᠬᠦᠮᠦᠨ ᠪᠦᠬᠦᠨ ᠨᠠᠭᠠᠳᠬᠤ ᠲᠤᠷᠠᠳᠠᠢ ᠪᠠᠶᠢᠳᠠᠭ᠃  ᠭᠤᠷᠪᠠᠨ ᠬᠦᠷᠢᠶᠡᠳᠦ ᠰᠢᠳᠠᠷ᠎ᠠ ᠶᠢᠨ ᠬᠦᠯᠬᠡ ᠨᠢ ᠶᠡᠭᠡ ᠪᠠᠭ᠎ᠠ ᠶᠢᠨ ᠲᠠᠷᠠᠭᠠᠯᠠᠯ ᠲᠠᠢ ᠭᠤᠷᠪᠠᠨ ᠲᠠᠪᠬᠤᠷ ᠲᠡᠭᠰᠢ ᠲᠦᠷᠪᠡᠯᠵᠢᠨ  ᠢᠶᠠᠷ ᠪᠦᠷᠢᠯᠳᠦᠵᠦ᠂  ᠭᠤᠷᠪᠠᠨ ᠲᠦᠷᠪᠡᠯᠵᠢᠨ ᠤ ᠬᠢᠨᠢ ᠲᠦᠷᠪᠡᠨ ᠦᠨᠴᠦᠭ ᠪᠠ ᠱᠤᠭᠤᠮ ᠤᠨ ᠲᠦᠪ ᠭᠤᠤᠯ ᠨᠢ ᠰᠢᠳᠠᠷ᠎ᠠ ᠶᠢᠨ ᠰᠠᠭᠤᠳᠠᠯ  ᠪᠤᠯᠤᠨ᠎ᠠ᠃        ᠨᠠᠭᠠᠳᠬᠤ ᠠᠷᠭ᠎ᠠ ᠨᠢ ᠬᠤᠶᠠᠷ ᠲᠠᠯ᠎ᠠ ᠪᠠᠷ ᠢᠶᠠᠨ ᠬᠦᠯᠬᠡ ᠶᠢᠨ ᠵᠢᠷᠤᠭᠠᠰᠤ   ᠶᠢ ᠲᠠᠭᠠᠵᠤ ᠰᠢᠳᠠᠷ᠎ᠠ ᠪᠠᠨ ᠨᠡᠬᠦᠯᠬᠡᠨ᠂  ᠨᠢᠬᠡ ᠲᠠᠯ᠎ᠠ ᠶᠢᠨ ᠬᠢᠨᠢ ᠭᠤᠷᠪᠠᠨ ᠰᠢᠳᠠᠷ᠎ᠠ ᠬᠦᠨᠳᠡᠯᠡᠨ ᠭᠤᠯᠳᠤ ᠠᠯᠢ ᠨᠢᠬᠡ ᠴᠢᠭᠯᠡᠯ ᠢᠶᠠᠷ ᠢᠶᠠᠨ ᠨᠦᠬᠦᠬᠡ ᠲᠠᠯ᠎ᠠ ᠶᠢᠨ ᠠᠯᠢ ᠨᠢᠬᠡ ᠰᠢᠳᠠᠷ᠎ᠠ ᠶᠢ ᠲᠠᠷᠤᠪᠠᠯ ᠲᠡᠷᠡ ᠰᠢᠳᠠᠷ᠎ᠠ   ᠶᠢ ᠢᠳᠡᠭᠳᠡᠭᠰᠡᠨ ᠢᠶᠠᠷ ᠪᠤᠳᠤᠵᠤ ᠭᠠᠷᠭᠠᠵᠤ ᠬᠠᠶᠠᠨ᠎ᠠ᠃ ᠡᠨᠡ  ᠮᠡᠳᠦ ᠪᠠᠷ ᠨᠢᠬᠡ ᠲᠠᠯ᠎ᠠ ᠨᠢ ᠨᠦᠬᠦᠬᠡ ᠲᠠᠯ᠎ᠠ ᠪᠠᠨ ᠪᠦᠬᠦᠳᠡ ᠶᠢ ᠢᠳᠡᠵᠦ ᠪᠠᠷᠠᠪᠠᠯ ᠢᠯᠠᠵᠤ ᠢᠯᠠᠭᠳᠠᠬᠤ ᠨᠢ ᠢᠯᠭᠠᠷᠠᠨ᠎ᠠ᠃     ᠤᠳᠤ ᠭᠤᠷᠪᠠᠨ ᠬᠦᠷᠢᠶᠡᠳᠦ ᠰᠢᠳᠠᠷ᠎ᠠ ᠲᠤᠭᠯᠠᠬᠤ ᠬᠦᠮᠦᠨ ᠲᠠᠷᠢᠶᠠᠯᠠᠬᠤ ᠤᠷᠤᠨ ᠳᠤ ᠲᠤᠩ ᠴᠦᠭᠡᠷᠡᠵᠦ᠂ ᠢᠯᠠᠩᠭᠤᠶ᠎ᠠ ᠵᠠᠯᠠᠭᠤᠴᠤᠳ   ᠤᠨ ᠲᠤᠳᠤᠷ᠎ᠠ ᠮᠡᠳᠡᠬᠦ ᠬᠦᠮᠦᠨ ᠴᠤ  ᠬᠤᠪᠤᠷ ᠪᠤᠯᠤᠭᠠᠳ᠂   ᠬᠠᠷᠢᠨ ᠬᠤᠳᠠ ᠶᠢᠨ ᠰᠠᠭᠤᠭᠠᠯᠢ ᠲᠤᠭᠤᠷᠢᠭ ᠲᠤ ᠭᠡᠳᠦᠨ ᠨᠠᠰᠤᠳᠠᠨ ᠰᠡᠬᠦᠳᠡᠷ ᠲᠤ ᠰᠠᠭᠤᠭᠠᠳ ᠲᠤᠭᠯᠠᠬᠤ ᠨᠢ ᠬᠠᠶᠠ ᠨᠢᠬᠡ ᠬᠠᠷᠠᠭᠳᠠᠬᠤ ᠪᠤᠯᠵᠤ᠂ ᠭᠤᠷᠪᠠᠨ ᠬᠦᠷᠢᠶᠡᠳᠦ ᠰᠢᠳᠠᠷ᠎ᠠ ᠤᠰᠠᠳᠬᠤ ᠬᠡᠮᠵᠢᠶᠡᠨ ᠳᠤ ᠬᠦᠷᠴᠡᠢ᠃     ᠭᠤᠷᠪᠠᠨ ᠬᠦᠷᠢᠶᠡᠳᠦ ᠰᠢᠳᠠᠷ᠎ᠠ ᠨᠢ ᠤᠳᠤ ᠨᠢᠬᠡᠨᠳᠡ ᠬᠤᠰᠢᠭᠤᠨ ᠤ ᠲᠡᠰ ᠤᠨ ᠪᠤᠳᠠᠰ ᠤᠨ ᠪᠤᠰᠤ ᠰᠤᠶᠤᠯ  ᠤᠨ ᠦᠪ ᠢᠶᠠᠷ  ᠲᠡᠮᠳᠡᠭᠯᠡᠭᠳᠡᠵᠦ᠂   ᠯᠢᠦ ᠶᠤᠸᠠᠨ ᠲᠦᠯᠦᠭᠡᠯᠡᠭᠴᠢ ᠴᠢᠨᠠᠷᠳᠠᠢ ᠦᠪᠯᠡᠨ ᠤᠯᠠᠮᠵᠢᠯᠠᠭᠴᠢ ᠪᠤᠯᠤᠭᠰᠠᠨ ᠪᠠᠶᠢᠨ᠎ᠠ᠃       ᠤᠯᠠᠮᠵᠢᠯᠠᠭᠴᠢ ᠶᠢᠨ ᠲᠤᠪᠴᠢ ᠲᠠᠨᠢᠯᠴᠠᠭᠤᠯᠭ᠎ᠠ᠄  ᠯᠢᠦ ᠶᠤᠸᠠᠨ᠂  ᠡᠷᠡᠭᠳᠡᠢ  ᠂  ᠬᠢᠳᠠᠳ  ᠦᠨᠳᠦᠰᠦᠳᠡᠨ ᠂ 1956 ᠤᠨ ᠳᠤ ᠲᠦᠷᠦᠪᠡ᠃  ᠲᠠᠶᠢᠹᠤᠰᠧ ᠬᠤᠰᠢᠭᠤᠨ ᠤ  ᠬᠦᠮᠦᠨ᠃  ᠲᠤᠮᠳᠠᠳᠤ ᠰᠤᠷᠭᠠᠭᠤᠯᠢ ᠪᠠᠨ ᠲᠡᠬᠦᠰᠦᠭᠡᠳ 1975 ᠤᠨ ᠳᠤ ᠪᠠᠶᠠᠨᠨᠠᠭᠤᠷ ᠠᠶᠢᠮᠠᠭ ᠲᠤ ᠴᠡᠷᠢᠭ ᠤᠨ ᠠᠯᠪᠠᠨ ᠳᠤ ᠮᠤᠷᠳᠠᠵᠠᠢ᠃  ᠤᠳᠠᠭᠠᠨ ᠵᠢᠯ  ᠭᠤᠷᠪᠠᠨ ᠬᠦᠷᠢᠶᠡᠳᠦ ᠰᠢᠳᠠᠷ᠎ᠠ ᠲᠤᠭᠯᠠᠵᠤ ᠮᠡᠷᠭᠡᠰᠢᠭᠡᠳ᠂  ᠲᠠᠶᠢᠹᠤᠰᠧ ᠬᠤᠰᠢᠭᠤᠨ   ᠳᠠᠭᠠᠨ  ᠪᠠᠷᠤᠭ ᠦᠷᠢᠰᠦᠯᠳᠦᠭᠴᠢ ᠦᠬᠡᠢ  ᠪᠤᠯᠤᠭᠰᠠᠨ ᠲᠡᠷᠡᠪᠡᠷ ᠤᠳᠤ  ᠤᠶᠤᠨ  ᠲᠠᠷᠢᠬᠢᠨ ᠳᠤ ᠲᠤᠰᠠᠳᠠᠢ ᠡᠨᠡᠬᠦ ᠰᠠᠶᠢᠬᠠᠨ ᠲᠤᠭᠯᠠᠭᠠᠮ ᠢ ᠵᠠᠯᠠᠭᠤᠴᠳ ᠪᠠᠭᠠᠴᠤᠳ ᠲᠠᠭᠠᠨ ᠤᠯᠠᠮᠵᠢᠯᠠᠨ ᠰᠤᠷᠭᠠᠬᠤ  ᠬᠡᠮᠡᠨ  ᠴᠢᠷᠮᠠᠶᠢᠵᠤ ᠶᠠᠪᠤᠭᠰᠠᠭᠠᠷ ᠪᠢᠯᠡ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号