ᠲᠠᠶᠢᠹᠤᠰᠧ ᠶᠢᠨ ᠭᠠᠵᠠᠷ ᠤᠰᠤᠨ ᠤ ᠨᠡᠷᠡᠶᠢᠳᠦᠯ ᠤᠨ ᠲᠤᠬᠠᠢ
ᠨᠡᠶᠢᠲᠡᠯᠡᠭᠰᠡᠨ ᠴᠠᠭ᠄
2017/5/24
        ᠲᠠᠶᠢᠹᠤᠰᠧ  ᠭᠡᠮᠡᠬᠦ ᠨᠡᠷ᠎ᠡ ᠶᠢᠨ ᠢᠷᠡᠯ —    ᠲᠠᠶᠢᠹᠤᠰᠧ  ᠬᠡᠮᠡᠬᠦ ᠨᠡᠷ᠎ᠡ ᠪᠤᠯ ᠡᠷᠳᠡ ᠤᠷᠢᠳᠤ  ᠳᠠᠭᠠᠨ ᠲᠦᠷᠦ  ᠶᠢᠨ ᠰᠠᠶᠢᠳ ᠲᠦᠰᠢᠮᠡᠳ ‍ᠣᠨ‌ᠨᠡᠷ᠎ᠡ ᠪᠠᠶᠢᠭᠰᠠᠨ  ᠠᠴᠠ  ᠪᠠᠨ ᠠᠯᠪᠠᠨ ᠶᠠᠮᠤᠨ  ᠤ ᠨᠡᠷ᠎ᠡ ᠪᠤᠯᠵᠤ᠂ ᠪᠦᠷ ᠰᠡᠭᠦᠯ  ᠳᠡᠭᠡᠨ ᠵᠠᠰᠠᠭ ᠵᠠᠬᠢᠷᠭᠠᠨ ᠤ ᠬᠤᠪᠢᠶᠠᠷᠢ  ᠶᠢᠨ ᠨᠢᠭᠡᠴᠢ ᠪᠤᠯᠤᠭᠰᠠᠨ ᠪᠠᠶᠢᠨ᠎ᠠ᠃  ᠳᠤᠮᠳᠠᠳᠤ ᠶᠢᠨ ᠲᠡᠦᠬᠡᠨ᠎ᠡ ᠴᠦᠨ ᠴᠢᠦ ᠪᠠᠶᠢᠯᠳᠤᠭᠠᠨᠳᠤ ᠤᠯᠤᠰ  ᠤᠨ ᠦᠶ᠎ᠡ  ᠳᠤ ᠬᠠᠭᠠᠨ  ᠤ ᠠᠭᠳᠠ ᠪᠠ ᠠᠭᠳᠠᠨ  ᠤ  ᠶᠠᠪᠤᠳᠠᠯ  ᠢ ᠬᠠᠮᠢᠶᠠᠷᠳᠠᠭ  ᠲᠠᠶᠢᠹᠦ᠋ (太仆) ᠭᠡᠳᠡᠭ ᠲᠦᠰᠢᠮᠡᠯ ᠲᠠᠢ ᠪᠠᠶᠢᠵᠠᠢ᠃ ᠴᠢᠨ ᠤᠯᠤᠰ᠂ ᠬᠠᠨ ᠤᠯᠤᠰ  ᠤᠨ ᠦᠶ᠎ᠡ  ᠳᠤ ᠲᠠᠶᠢᠹᠦ᠋ ᠨᠢ ᠬᠠᠭᠠᠨ  ᠤ ᠶᠢᠰᠦᠨ ᠲᠦᠰᠢᠮᠡᠯ  ᠤᠨ ᠨᠢᠭᠡ ᠪᠠᠶᠢᠪᠠ᠃ ᠤᠮᠠᠷᠠᠳᠤ ᠴᠢ  ᠤᠯᠤᠰ  ᠤᠨ ᠦᠶ᠎ᠡ  ᠪᠤᠯᠬᠤ ᠳᠤ ᠬᠠᠭᠠᠨ  ᠤ ᠠᠭᠳᠠᠨ  ᠤ ᠶᠠᠪᠤᠳᠠᠯ  ᠢ ᠬᠠᠮᠢᠶᠠᠷᠳᠠᠭ ᠲᠤᠰᠬᠠᠢ ᠶᠠᠮᠤᠨ ᠲᠠᠶᠢᠹᠤᠰᠧ (太仆寺) ᠪᠤᠢ ᠪᠤᠯᠵᠤ᠂ ᠡᠬᠦᠨ  ᠠᠴᠠ  ᠬᠤᠶᠢᠰᠢ ᠡᠯ᠎ᠡ ᠲᠦᠷᠦ ᠨᠢ  ᠪᠦᠷ ᠲᠠᠶᠢᠹᠣᠰᠧ  ᠶᠠᠮᠤᠨ ᠲᠠᠢ ᠪᠠᠶᠢᠪᠠ᠃ ᠮᠠᠨᠵᠤ ᠴᠢᠩ ᠤᠯᠤᠰ  ᠪᠦᠬᠦ ᠳᠤᠮᠳᠠᠳᠤ ᠤᠯᠤᠰ  ᠢ ᠨᠤᠶᠠᠷᠬᠠᠭᠰᠠᠨ  ᠤ ᠲᠠᠷᠠᠭ᠎ᠠ ᠡᠨ᠋ᠨ ᠨᠡᠷ᠎ᠡ  ᠶᠢ ᠮᠦᠨ ᠤᠤᠯ ᠬᠡᠪ  ᠢᠶᠠᠷ  ᠨᠢ ᠬᠡᠷᠡᠭᠯᠡᠵᠦ᠂ ᠲᠠᠶᠢᠹᠣᠰᠧ ᠶᠠᠮᠤᠨ ᠪᠠᠶᠢᠭᠤᠯᠤᠭᠠᠳ᠂ ᠲᠤᠰᠬᠠᠶᠢᠯᠠᠨ ᠬᠠᠭᠠᠨ  ᠤ ᠠᠳᠤᠭᠤᠨ ᠰᠦᠷᠦᠭ  ᠢ ᠬᠠᠮᠢᠶᠠᠷᠤᠭᠤᠯᠬᠤ ᠪᠤᠯᠤᠭᠰᠠᠨ ᠪᠠᠶᠢᠨ᠎ᠠ᠃ ᠪᠠᠳᠠᠷᠠᠭᠤᠯᠳᠤ ᠲᠦᠷᠦ  ᠶᠢᠨ ᠦᠶ᠎ᠡ  ᠳᠤ ᠨᠤᠶᠠᠨ  ᠤ ᠲᠦᠷᠢᠮ  ᠢ ᠦᠭᠡᠷᠡᠴᠢᠯᠡᠨ ᠲᠠᠶᠢᠹᠤᠰᠧ ᠶᠠᠮᠤᠨ  ᠢ ᠲᠠᠷᠬᠠᠭᠠᠵᠤ᠂ ᠲᠡᠬᠦᠨ  ᠤ ᠬᠠᠮᠢᠶᠠᠷᠴᠤ ᠪᠠᠶᠢᠭᠰᠠᠨ ᠠᠵᠢᠯ  ᠢ ᠬᠠᠭᠤᠷᠠᠢ ᠵᠠᠮ  ᠤᠨ ᠴᠡᠷᠢᠭ  ᠤᠨ ᠶᠠᠮᠤᠨ  ᠳᠤ ᠰᠢᠯᠵᠢᠬᠦᠯᠦᠨ ᠬᠠᠮᠢᠶᠠᠷᠤᠭᠤᠯᠵᠤ᠂  ᠡᠩᠬᠡ ᠠᠮᠤᠭᠤᠯᠠᠩ  ᠤᠨ ᠦᠶ᠎ᠡ ᠬᠦᠷᠦᠭᠡᠳ ᠮᠤᠩᠭᠤᠯ  ᠤᠨ ᠴᠠᠬᠠᠷ ᠠᠶᠢᠮᠠᠭ  ᠢ  ᠠᠩᠬ᠎ᠠ ᠨᠠᠶᠢᠮᠠᠨ ᠬᠤᠰᠢᠭᠤ ᠪᠤᠯᠭᠠᠨ ᠬᠤᠪᠢᠶᠠᠭᠰᠠᠨ  ᠠᠴᠠ ᠬᠤᠶᠢᠰᠢ ᠲᠠᠬᠢᠨ ᠴᠠᠬᠠᠷ ᠨᠠᠶᠢᠮᠠᠨ ᠬᠤᠰᠢᠭᠤᠨ  ᠠᠴᠠ  ᠪᠠᠨ ᠠᠶᠢᠯ ᠡᠷᠦᠬᠡ ᠲᠠᠳᠠᠵᠤ᠂ ᠲᠤᠰᠬᠠᠢ ᠠᠳᠣᠭᠤᠨ ᠰᠦᠷᠦᠭ ᠪᠠᠶᠢᠭᠤᠯᠤᠨ ᠰᠢᠭᠤᠳ ᠲᠠᠶᠢᠹᠣᠰᠧ ᠶᠠᠮᠤᠨ  ᠳᠤ ᠵᠠᠬᠢᠷᠣᠭᠤᠯᠵᠤ᠂  ᠲᠡᠬᠦᠨ  ᠢᠶᠠᠨ ᠲᠠᠶᠢᠹᠤᠰᠧ ᠵᠡᠬᠦᠨ ᠭᠠᠷ ᠰᠦᠷᠦᠭ ᠪᠠ  ᠲᠠᠶᠢᠹᠣᠰᠧ ᠪᠠᠷᠠᠭᠤᠨ ᠭᠠᠷ ᠰᠦᠷᠦᠭ ᠬᠡᠮᠡᠨ ᠨᠡᠷᠡᠶᠢᠳᠴᠠᠢ᠃ 1950 ᠤᠨ  ᠳᠤ᠂ ᠲᠠᠶᠢᠹᠤᠰᠧ ᠵᠠᠬᠦᠨ ᠭᠠᠷ ᠰᠦᠷᠦᠭ ᠨᠢ ᠪᠤᠤᠴᠠᠩ ᠰᠢᠶᠠᠨ ᠲᠠᠢ  ᠨᠡᠶᠢᠯᠡᠨ ᠲᠠᠶᠢᠹᠣᠰᠧ ᠬᠤᠰᠢᠭᠤ ᠪᠤᠯᠵᠤ᠂ ᠪᠤᠤᠴᠠᠩ  ᠢᠶᠠᠷ ᠲᠦᠪ ᠪᠤᠯᠭᠠᠪᠠ᠃ 1958 ᠤᠨ  ᠳᠤ ᠴᠠᠬᠠᠷ ᠠᠶᠢᠮᠠᠭ ᠨᠢ ᠰᠢᠯᠢ ᠶᠢᠨ ᠭᠤᠤᠯ ᠠᠶᠢᠮᠠᠭ ᠯᠤᠭ᠎ᠠ  ᠨᠢᠭᠡᠳᠦᠨ  ᠰᠢᠯᠢ ᠶᠢᠨ ᠭᠤᠤᠯ ᠠᠶᠢᠮᠠᠭ ᠪᠤᠯᠵᠤ᠂ ᠴᠠᠬᠠᠷ ᠠᠶᠢᠮᠠᠭ  ᠤᠨ  ᠵᠠᠬᠢᠷᠭ᠎ᠠ ᠨᠢ ᠪᠤᠤᠴᠠᠩ  ᠠᠴᠠ ᠰᠢᠯᠢᠩᠬᠤᠳᠠ  ᠳᠤ  ᠨᠡᠬᠦᠭᠰᠡᠨ  ᠠᠴᠠ ᠠᠪᠤᠭᠠᠳ ᠲᠠᠶᠢᠹᠣᠰᠧ ᠬᠤᠰᠢᠭᠤ ᠨᠢ ᠰᠢᠯᠢ ᠶᠢᠨ ᠭᠤᠤᠯ ᠠᠶᠢᠮᠠᠭ  ᠲᠤ ᠬᠠᠷᠢᠶᠠᠯᠠᠭᠳᠠᠬᠤ ᠪᠤᠯᠪᠠ᠃      ᠲᠠᠶᠢᠹᠤᠰᠧ ᠨᠤᠳᠤᠭ ᠲᠤ ᠲᠦᠷᠪᠡᠨ ᠬᠦᠴᠦᠳᠡᠨ ᠲᠤᠭᠳᠠᠭᠰᠠᠨ ᠭᠠᠵᠠᠷ ᠭᠡᠵᠦ  ᠨᠤᠳᠤᠭ ᠤᠨ ᠪᠤᠭᠤᠷᠤᠯᠴᠤᠳ ᠤᠴᠢᠷᠯᠠᠳᠠᠭ᠃ ᠯᠤᠤ᠂  ᠭᠠᠷᠤᠳᠢ᠂  ᠪᠠᠷᠰ᠂ ᠠᠷᠰᠯᠠᠨ ᠲᠦᠷᠪᠡᠨ ᠬᠦᠴᠦᠳᠡᠨ ᠨᠢ  ᠡᠨᠡ ᠨᠤᠳᠤᠭ  ᠤᠨ ᠡᠮᠦᠨ᠎ᠡ᠂ ᠬᠤᠶᠢᠨ᠎ᠠ᠂ ᠵᠡᠬᠦᠨ᠂ ᠪᠠᠷᠠᠭᠤᠨ ᠲᠦᠷᠪᠡᠨ ᠵᠦᠭ   ᠢ ᠰᠠᠬᠢᠨ ᠬᠠᠮᠠᠭᠠᠯᠠᠵᠤ ᠪᠠᠶᠢᠳᠠᠭ᠃ ᠲᠦᠷᠪᠡᠨ ᠬᠦᠴᠦᠳᠡᠨ ᠤ ᠲᠦᠷᠦᠬᠦᠦ ᠪᠤᠯᠬᠤ ᠯᠤᠤ ᠭᠡᠳᠡᠭ ᠨᠢ  ᠶᠠᠷᠨᠠᠢ ᠤᠪᠤᠭ᠎ᠠ   ᠠᠴᠠ ᠬᠤᠶᠢᠰᠢ ᠬᠦᠨᠳᠡᠢ ᠠᠯᠤᠰᠯᠠᠨ᠂ ᠵᠡᠬᠦᠨ ᠠᠴᠠ ᠪᠠᠷᠠᠭᠤᠨᠰᠢ ᠬᠦᠨᠳᠡᠯᠢᠳᠦᠭᠰᠡᠨ ᠮᠠᠯᠠᠭᠠᠢ ᠶᠢᠨ ᠰᠦᠮ᠎ᠡ ᠶᠢᠨ ᠠᠭᠤᠯᠠ ᠨᠢᠷᠤᠭᠤᠳ  ᠪᠠᠶᠢᠵᠤ᠂ ᠡᠮᠦᠨ᠎ᠡ ᠬᠢᠵᠠᠭᠠᠷ ᠢ ᠰᠠᠬᠢᠵᠤ ᠪᠠᠶᠢᠷᠢᠰᠢᠵᠠᠢ  ᠃   ᠬᠦᠨᠪᠤᠯᠠᠭ ᠰᠤᠮᠤᠨ ᠤ ᠬᠤᠶᠢᠳᠤ ᠪᠡᠶ᠎ᠡ ᠳᠤ ᠪᠠᠶᠢᠷᠢᠯᠠᠭᠰᠠᠨ ᠪᠡᠷᠭᠡ ᠶᠢᠨ ᠠᠭᠤᠯᠠ ᠶᠢᠨ ᠠᠷᠤ ᠲᠡᠭᠡᠷ᠎ᠡ  ᠪᠠᠶᠢᠭ᠎ᠠ ᠬᠠᠨ ᠰᠤᠪᠤᠷᠭ᠎ᠠ ᠪᠤᠯ ᠬᠠᠨ ᠭᠠᠷᠤᠳᠢ ᠨᠢ ᠪᠤᠯᠤᠨ᠎ᠠ᠃   ᠤᠳᠤ   ᠶᠢᠨ ᠾᠧᠪᠸᠢ ᠮᠤᠵᠢ ᠶᠢᠨ ᠵᠠᠩᠪᠸᠢ ᠰᠢᠶᠠᠨ   ᠤ ᠬᠢᠵᠠᠭᠠᠷ ᠲᠤ ᠪᠠᠶᠢᠭ᠎ᠠ  ᠠᠷᠰᠯᠠᠩᠳᠤ ᠠᠭᠤᠯᠠ  ᠪᠤᠯ ᠪᠠᠷᠠᠭᠤᠨ ᠬᠢᠵᠠᠭᠠᠷ  ᠢ ᠰᠠᠬᠢᠵᠤ ᠰᠠᠭᠤᠭᠰᠠᠨ ᠠᠷᠰᠯᠠᠨ ᠨᠢ ᠪᠠᠶᠢᠵᠤ᠂  ᠪᠤᠤᠴᠠᠩ ᠤᠨ ᠠᠷᠤ   ᠪᠠᠷ ᠬᠦᠨᠳᠡᠯᠢᠳᠦᠨ ᠰᠡᠬᠦᠶᠢᠭᠰᠡᠨ ᠪᠠᠷᠰ ᠠᠭᠤᠯᠠ ᠪᠤᠯ ᠵᠡᠬᠦᠨ ᠵᠦᠭ ᠤᠨ ᠬᠦᠴᠦᠳᠦ ᠪᠠᠷᠰ ᠨᠢ ᠶᠤᠮ ᠭᠡᠨ᠎ᠡ᠃     ᠬᠠᠨ ᠰᠤᠪᠤᠷᠭ᠎ᠠ — ᠬᠠᠨ ᠰᠤᠪᠤᠷᠭ᠎ᠠ ᠪᠤᠯ ᠵᠡᠬᠦᠨ ᠭᠠᠷ ᠲᠠᠶᠢᠹᠤᠰᠧ ᠤᠨ ᠦᠨᠳᠦᠷ ᠠᠭᠤᠯᠠ ᠶᠢᠨ ᠨᠢᠬᠡ᠃  ᠴᠢᠭᠤᠯᠤᠯᠳᠤ ᠬᠠᠭᠠᠯᠭ᠎ᠠ ᠶᠢᠨ ᠠᠷᠤ ᠳᠠᠬᠢ ᠬᠠᠨ ᠠᠭᠤᠯᠠ ᠶᠢᠨ ᠲᠠᠪᠠᠭᠠᠨ ᠳᠤ ᠭᠠᠷᠤᠮᠠᠭᠴᠠ ᠬᠠᠨ ᠰᠤᠪᠤᠷᠭ᠎ᠠ ᠶᠢᠨ ᠪᠠᠷ᠎ᠠ ᠬᠠᠷᠠᠭᠳᠠᠨ᠎ᠠ᠃  ᠤᠷᠢᠳᠤ ᠶᠢᠨ ᠵᠢᠩᠴᠢᠳ ᠴᠢᠭᠤᠯᠤᠯᠳᠤ ᠬᠠᠭᠠᠯᠭ᠎ᠠ ᠤᠷᠤᠭᠠᠳ ᠪᠤᠴᠠᠬᠤ ᠳᠠᠭᠠᠨ ᠲᠠᠶᠢᠹᠤᠰᠧ  ᠶᠢᠨ ᠬᠠᠨ ᠰᠤᠪᠤᠷᠭ᠎ᠠ ᠬᠠᠷᠠᠭᠳᠠᠯ᠎ᠠ᠂ ᠮᠤᠩᠭᠤᠯ ᠨᠤᠳᠤᠭ ᠤᠨ ᠪᠠᠷ᠎ᠠ ᠦᠵᠡᠭᠳᠡᠪᠡ ᠬᠡᠵᠦ ᠨᠤᠳᠤᠭ ᠤᠰᠤ ᠪᠠᠨ ᠰᠠᠨᠠᠭᠰᠠᠨ ᠰᠡᠳᠬᠢᠯᠬᠡ ᠪᠠᠨ ᠢᠯᠡᠳᠭᠡᠵᠦ ᠶᠠᠷᠢᠯᠴᠠᠳᠠᠭ ᠪᠠᠶᠢᠵᠠᠢ᠃  ᠡᠨᠡᠬᠦ ᠦᠨᠳᠦᠷ ᠬᠠᠨᠶᠢᠷᠬᠠᠨ ᠲᠡᠭᠡᠷ᠎ᠡ ᠤᠳᠤ ᠴᠤ  ᠭᠡᠳ ᠨᠢᠬᠡᠨ ᠰᠤᠪᠤᠷᠭ᠎ᠠ ᠶᠢᠨ ᠰᠠᠭᠤᠷᠢ ᠮᠡᠳᠡᠭᠳᠡᠳᠡᠭ᠃  ᠲᠤᠮᠤ ᠶᠠᠷᠢᠶᠠᠨ ᠳᠤ ᠡᠷᠳᠡ ᠤᠷᠢᠳᠤ ᠴᠠᠭ ᠲᠤ ᠡᠨᠡ  ᠨᠤᠳᠤᠭ ᠲᠤ ᠨᠢᠬᠡᠨ ᠪᠠᠭᠠᠳᠤᠷ ᠡᠷ᠎ᠡ ᠭᠠᠷᠴᠤ᠂ ᠬᠦᠷᠦᠨ ᠲᠦᠷᠦ ᠳᠤ ᠭᠠᠪᠢᠶ᠎ᠠ ᠵᠢᠳᠬᠦᠯ ᠲᠠᠢ ᠶᠠᠪᠤᠭᠰᠠᠨ ᠢᠶᠠᠷ ᠲᠡᠬᠦᠨ ᠢ ᠨᠦᠭᠴᠢᠭᠰᠡᠨ ᠬᠤᠶᠢᠨ᠎ᠠ ᠱᠠᠷᠢᠯ ᠢ ᠠᠳᠡ ᠤᠷᠤᠰᠢᠭᠤᠯᠵᠤ᠂ ᠡᠵᠡᠨ ᠬᠠᠭᠠᠨ ᠠᠴᠠ ᠵᠠᠷᠯᠢᠭ ᠪᠠᠭᠤᠯᠭᠠᠨ  ᠰᠤᠪᠤᠷᠭ᠎ᠠ ᠪᠤᠰᠬᠠᠵᠤ ᠭᠠᠪᠢᠶ᠎ᠠ ᠲᠡᠮᠳᠡᠭᠯᠡᠭᠰᠡᠨ ᠢᠶᠠᠷ ᠢᠩᠬᠢᠵᠦ ᠨᠡᠷᠡᠯᠡᠯ᠎ᠡ ᠭᠡᠳᠡᠭ᠃   ᠪᠠᠰᠠ  ᠪᠦᠷᠨᠡᠢ ᠴᠢᠩ ᠸᠠᠩ ᠡᠨᠡ ᠨᠤᠳᠤᠭ ᠲᠤ  ᠨᠠᠰᠤ ᠨᠦᠭᠴᠢᠬᠦ ᠳᠤ  ᠨᠤᠳᠤᠭ ᠤᠨ ᠬᠦᠮᠦᠰ ᠱᠠᠷᠢᠯ ᠢ ᠶᠠᠷᠨᠠᠢ ᠶᠢᠨ ᠤᠪᠤᠭᠠᠨ ᠳᠤ ᠤᠷᠤᠰᠢᠭᠤᠯᠵᠠᠢ ᠭᠡᠰᠡᠨ ᠨᠡᠷ᠎ᠡ ᠪᠠᠷ ᠮᠠᠨᠵᠤ ᠠᠴᠠ  ᠨᠢᠭᠤᠵᠤ ᠪᠠᠶᠢᠭᠠᠳ᠂ ᠦᠨᠡᠨᠳᠡᠭᠡᠨ ᠪᠡᠷᠭᠡ ᠶᠢᠨ ᠠᠭᠤᠯᠠᠨ ᠤ ᠠᠷᠤ ᠳᠠᠬᠢ ᠱᠤᠪᠬᠤ ᠠᠭᠤᠯᠠᠨ ᠤ ᠡᠩᠬᠡᠷ ᠲᠤ ᠤᠷᠤᠰᠢᠭᠤᠯᠤᠨ᠂ ᠲᠡᠭᠡᠷ᠎ᠡ ᠨᠢ  ᠴᠠᠭᠠᠨ ᠰᠤᠪᠤᠷᠭ᠎ᠠ ᠪᠤᠰᠬᠠᠵᠤ  ᠂ ᠲᠡᠬᠦᠨ ᠢᠶᠠᠨ ᠬᠠᠨ ᠰᠤᠪᠤᠷᠭ᠎ᠠ ᠭᠡᠵᠦ ᠲᠠᠭᠤᠳᠠᠳᠠᠭ  ᠭᠡᠰᠡᠨ ᠤᠯᠠᠮᠵᠢᠯᠠᠯ ᠶᠠᠷᠢᠶ᠎ᠠ  ᠪᠤᠢ᠃  ᠶᠠᠭᠤ ᠪᠤᠯᠤᠭᠰᠠᠨ ᠴᠤ ᠬᠠᠨ ᠰᠤᠪᠤᠷᠭ᠎ᠠ ᠪᠤᠯ ᠮᠠᠰᠢ ᠶᠡᠭᠡ ᠪᠡᠷᠭᠡ ᠪᠠᠷᠳᠠᠭ᠎ᠠ ᠲᠠᠢ ᠠᠭᠯᠠᠭ ᠠᠭᠤᠯᠠ ᠪᠠᠶᠢᠪᠠ  ᠂  ᠲᠡᠭᠡᠬᠦᠯᠡᠷ ᠠᠷᠤ ᠭᠠᠵᠠᠷ  ᠤᠨ ᠮᠤᠩᠭᠤᠯᠴᠤᠳ ᠪᠦᠷ ᠮᠡᠳᠡᠳᠡᠭ ᠪᠠᠶᠢᠵᠠᠢ᠃ ᠤᠷᠢᠳᠤ  ᠪᠡᠭᠡᠵᠢᠩ᠂ ᠤᠳᠠᠢ ᠬᠦᠷᠬᠦ ᠪᠠᠷ ᠶᠠᠪᠤᠬᠤ ᠠᠶᠠᠨᠴᠢᠨ ᠮᠦᠷᠬᠦᠯᠴᠢᠳ ᠠᠳᠡ ᠢᠷᠡᠪᠡᠯ ᠪᠦᠷ ᠠᠷᠤ ᠬᠠᠩᠭᠠᠢ ︵ᠬᠠᠨ ᠰᠤᠪᠤᠷᠭ᠎ᠠ ᠶᠢ ᠬᠡᠯᠡᠵᠦ ᠪᠤᠢ︶ ᠳᠤ ᠲᠦᠢᠮᠡᠷ ᠲᠠᠢ ᠤᠤ᠂ ᠪᠠᠶᠠᠨ ᠴᠠᠭᠠᠨ ᠳᠤ ᠤᠰᠤ ᠲᠠᠢ ᠤᠤ ᠬᠡᠵᠦ ᠠᠰᠠᠭᠤᠳᠠᠭ ᠭᠡᠨ᠎ᠡ᠃     ᠠᠷᠰᠯᠠᠩᠳᠤ  ᠠᠭᠤᠯᠠ ᠶᠢᠨ ᠲᠤᠮᠤᠭ —  ᠠᠷᠰᠯᠠᠩᠳᠤ  ᠠᠭᠤᠯᠠ ︵ᠤᠳᠤ ᠶᠢᠨ ᠾᠧᠪᠸᠢ ᠮᠤᠵᠢ ᠶᠢᠨ ᠵᠠᠩᠪᠸᠢ ᠰᠢᠶᠠᠨ   ᠤ  ᠰᠠᠨ ᠬᠤᠤ ᠳ᠋ᠢ ᠳᠤ ᠪᠤᠢ︶ ᠶᠢᠨ ᠡᠩᠬᠡᠷ ᠲᠤ  ᠨᠠᠢᠮᠠᠨ ᠲᠤᠬᠤᠢ ᠬᠢᠷᠢᠳᠡᠢ ᠦᠨᠳᠦᠷ ᠨᠢᠬᠡ ᠴᠤᠩᠨᠤᠶᠢᠭᠰᠠᠨ ᠴᠢᠯᠠᠭᠤᠨ ᠠᠷᠰᠯᠠᠨ ᠪᠠᠶᠢᠵᠠᠢ᠃  ᠡᠨᠡᠬᠦ ᠠᠷᠰᠯᠠᠨ ᠢ ᠲᠠᠶᠢᠹᠤᠰᠧ ᠤᠨ ᠨᠤᠳᠤᠭ ᠠᠴᠠ ᠰᠢᠯᠵᠢᠬᠦᠯᠦᠨ ᠠᠪᠠᠴᠢᠵᠤ᠂ ᠼᠦᠩ ᠯᠢ ᠰᠢᠶᠠᠨ ᠤ ᠨᠠᠭᠠᠨ᠎ᠠ ᠬᠤᠷᠢᠭᠠᠳ ᠭᠠᠵᠠᠷ ᠤᠨ ᠵᠠᠶᠢᠳᠠᠢ ᠡᠭᠴᠡ ᠬᠠᠳᠠᠳᠤ ᠠᠭᠤᠯᠠ   ᠶᠢᠨ ᠠᠮᠠᠨ ᠳᠤ ᠲᠠᠯᠪᠢᠭᠰᠠᠨ ᠪᠠᠶᠢᠨ᠎ᠠ ᠨᠤᠳᠤᠭ ᠤᠨ ᠠᠬᠠᠮᠠᠳ ᠤᠨ ᠶᠠᠷᠢᠬᠤ ᠪᠠᠷ ᠡᠨᠡᠬᠦ ᠠᠷᠰᠯᠠᠨ ᠤᠤᠯ   ᠳᠠᠭᠠᠨ ᠬᠤᠶᠢᠰᠢ ᠬᠠᠷᠠᠭᠰᠠᠨ ᠪᠠᠶᠢᠳᠠᠭ ᠭᠡᠨ᠎ᠡ᠃  ᠤᠯᠠᠮᠵᠢᠯᠠᠯ ᠶᠠᠷᠢᠶᠠᠨ ᠳᠤ  ︽ᠤᠷᠢᠳᠤ ᠴᠠᠭ ᠲᠤ ᠡᠮᠦᠨ᠎ᠡ ᠭᠠᠵᠠᠷ ᠤᠨ ᠨᠢᠬᠡ  ᠶᠢᠯᠸᠢᠴᠢᠨ ᠲᠡᠷᠡ ᠠᠷᠰᠯᠠᠨ ᠢ ᠲᠡᠮᠦᠷ ᠬᠢᠨᠵᠢ ᠪᠠᠷ ᠤᠭᠤᠰᠤᠷᠯᠠᠨ᠂  ᠲᠠᠰᠢᠭᠤᠷᠳᠠᠵᠤ ᠲᠠᠭᠤᠭᠰᠠᠭᠠᠷ ᠶᠠᠪᠤᠵᠠᠢ ᠃  ᠶᠠᠭ ᠼᠦᠩ ᠯᠢ   ᠶᠢᠨ ᠨᠠᠭᠠᠨ᠎ᠠ  ᠬᠦᠷᠬᠦ ᠳᠤ ᠲᠠᠶᠢᠹᠤᠰᠧ  ᠵᠡᠬᠦᠨ ᠰᠦᠷᠦᠭ ᠤᠨ ᠰᠢᠯᠤᠭᠤᠨ ᠬᠦᠭᠡ ᠬᠤᠰᠢᠭᠤᠨ ᠤ  ᠬᠤᠶᠠᠷ  ᠬᠦᠮᠦᠨ ᠤᠯᠵᠤ ᠦᠵᠡᠬᠡᠳ  ᠦᠵᠡᠬᠡᠳ ᠲᠤᠪᠳᠤᠯᠭᠠᠨ ᠬᠦᠷᠴᠦ ︽ᠬᠠᠮᠢᠭ᠎ᠠ ᠠᠴᠠ ᠢᠷᠡᠭᠰᠡᠨ ᠶᠠᠮᠠᠷ  ᠠᠶᠤᠮᠰᠢᠭ ᠦᠬᠡᠢ ᠬᠦᠮᠦᠨ  ᠮᠠᠨ ᠤ ᠨᠤᠳᠤᠭ ᠤᠨ ᠠᠷᠰᠯᠠᠨ ᠢ ᠲᠠᠭᠤᠵᠤ ᠶᠠᠪᠤᠮᠤᠢ᠂  ᠵᠤᠭᠰᠤ︾ ᠬᠡᠮᠡᠨ  ᠵᠠᠩᠳᠤᠷᠤᠭᠰᠠᠨ ᠳᠤ ᠴᠢᠯᠠᠭᠤᠨ ᠠᠷᠰᠯᠠᠨ ᠴᠤ ᠡᠵᠡᠨ ᠤ ᠪᠠᠨ ᠲᠠᠭᠤ ᠪᠠᠷ  ᠪᠤᠴᠠᠨ ᠡᠷᠬᠢᠵᠦ ᠵᠤᠭᠰᠤᠭᠠᠳ  ᠂ ᠲᠠᠬᠢᠵᠤ ᠤᠷᠤᠨ ᠠᠴᠠ ᠪᠠᠨ ᠬᠦᠳᠡᠯᠬᠦ ᠪᠠᠨ  ᠪᠤᠯᠢᠭᠰᠠᠨ︾ ᠭᠡᠳᠡᠭ᠃  ᠢᠩᠬᠢᠭᠡᠳ ᠡᠨᠡ  ᠠᠷᠰᠯᠠᠨ ᠠᠭᠤᠯᠠᠨ ᠤ ᠡᠩᠬᠡᠷ ᠠᠴᠠ ᠲᠠᠯ᠎ᠠ ᠲᠡᠭᠡᠷ᠎ᠡ ᠤᠴᠢᠭᠰᠠᠨ ᠶᠤᠮ  ᠭᠡᠳᠡᠭ ᠲᠤᠮᠤᠭ ᠶᠠᠷᠢᠶ᠎ᠠ ᠦᠶ᠎ᠡ ᠤᠯᠠᠷᠢᠨ ᠤᠯᠠᠮᠵᠢᠯᠠᠭᠳᠠᠭᠰᠠᠭᠠᠷ ᠢᠷᠡᠭᠰᠡᠨ ᠪᠦᠬᠡᠳ ᠨᠤᠳᠤᠭ ᠤᠰᠤ᠂ ᠤᠪᠤᠭ᠎ᠠ ᠪᠤᠩᠬᠤᠨ᠂ ᠨᠠᠪᠳᠠᠭ ᠰᠠᠪᠳᠠᠭ ᠴᠤ ᠨᠤᠳᠤᠭ ᠤᠨ ᠡᠵᠡᠨ ᠤ   ᠪᠠᠨ ᠦᠬᠡ ᠶᠢ ᠰᠤᠨᠤᠰᠳᠠᠭ ᠬᠡᠵᠦ ᠬᠡᠯᠡᠳᠡᠭ  ᠃ ᠼᠦᠩ ᠯᠢ  ᠤᠷᠴᠢᠮ ᠤᠨ ᠲᠠᠷᠢᠶᠠᠴᠢᠳ ᠪᠠᠰᠠ ︽ᠡᠷᠳᠡ ᠴᠠᠭ ᠲᠤ ᠼᠠᠢ ᠵᠢᠶᠠ ᠶᠢᠩᠽᠢ ᠶᠢᠨ ᠵᠡᠬᠦᠨ ᠠᠭᠤᠯᠠᠨ ᠳᠤ ᠪᠠᠶᠢᠭᠰᠠᠨ ᠴᠢᠯᠠᠭᠤᠨ ᠠᠷᠰᠯᠠᠨ ᠨᠢ ᠲᠠᠯᠠᠢ ᠯᠠᠮᠠ ᠶᠢᠨ ᠲᠤᠭᠤᠷᠢᠨ ᠶᠠᠪᠤᠵᠤ ᠪᠠᠶᠢᠬᠤ ᠳᠤ ᠲᠠᠭᠠᠭᠠᠳ ᠤᠷᠤᠭᠰᠢ  ᠶᠠᠪᠤᠵᠠᠢ᠂ ᠱᠢ ᠽᠢ  ᠭᠸᠦ ︵ᠤᠳᠤ ᠠᠷᠰᠯᠠᠨ ᠪᠠᠶᠢᠭ᠎ᠠ ᠭᠠᠵᠠᠷ︶  ᠬᠦᠷᠬᠦ ᠳᠤ ᠲᠠᠯᠠᠢ ᠯᠠᠮᠠ  ᠠᠭᠤᠯᠠ  ᠤᠰᠤᠨ ᠤ ᠦᠩᠬᠡ ᠦᠵᠡᠮᠵᠢ᠂ ᠭᠠᠵᠠᠷ ᠤᠷᠤᠨ ᠤ ᠪᠠᠶᠠᠯᠢᠭ ᠢ ᠬᠠᠷᠠᠭᠠᠳ ᠠᠭᠤᠯᠠ ᠤᠰᠤ ᠬᠦᠭᠡᠷᠡᠨ ᠨᠤᠭᠤᠭᠠᠷᠠᠭᠰᠠᠨ ᠰᠠᠶᠢᠬᠠᠨ ᠭᠠᠵᠠᠷ ᠬᠡᠵᠦ ᠮᠠᠭᠳᠠᠵᠠᠢ᠂ ᠴᠢᠨᠠᠭᠰᠢ ᠼᠦᠩ ᠯᠢ  ᠬᠦᠷᠬᠦ  ᠳᠤ ᠭᠠᠵᠠᠷ ᠨᠢ ᠤᠯᠠᠭᠠᠨ ᠢᠶᠠᠷ ᠡᠷᠬᠢᠵᠦ᠂ ᠦᠶᠡᠷ ᠤᠰᠤ ᠪᠠᠭᠤᠵᠤ ᠪᠠᠶᠢᠭᠰᠠᠨ ᠲᠤᠯᠠ ᠲᠡᠷᠡ ᠬᠤᠪᠠᠭ᠋ᠠᠢ ᠠᠭᠤᠯᠠ  ᠬᠤᠭᠤᠰᠤᠨ ᠭᠠᠵᠠᠷ ᠪᠠᠶᠢᠨ᠎ᠠ ᠬᠡᠵᠦ  ᠬᠡᠯᠡᠭᠰᠡᠨ ᠳᠤ ᠠᠷᠰᠯᠠᠨ ᠲᠠᠷᠤᠢ ᠪᠤᠴᠠᠵᠤ ᠢᠷᠡᠭᠡᠳ ᠤᠷᠤᠨ ᠳᠠᠭᠠᠨ  ᠵᠤᠭᠰᠤᠯ᠎ᠠ︾ ᠭᠡᠳᠡᠭ᠃  ᠡᠳᠡᠭᠡᠷ ᠨᠢ ᠪᠤᠳᠠᠳᠠᠢ ᠳᠤ ᠨᠡᠶᠢᠴᠡᠬᠦ ᠦᠬᠡᠢ ᠪᠤᠯᠪᠠᠴᠤ᠂ ᠦᠬᠡᠷ᠎ᠡ ᠭᠠᠵᠠᠷ ᠤᠨ ᠬᠦᠮᠦᠰ ᠶᠠᠮᠠᠷ ᠨᠢᠬᠡ ᠠᠷᠭ᠎ᠠ ᠪᠠᠷ  ᠨᠡᠬᠦᠯᠬᠡᠵᠦ ᠰᠢᠯᠵᠢᠬᠦᠯᠦᠭᠰᠡᠨ ᠨᠢ ᠲᠠᠰᠢᠶ᠎ᠠ ᠦᠬᠡᠢ ᠦᠨᠡᠨ ᠤᠴᠢᠷ ᠶᠤᠮ᠃     ᠦᠴᠢ ᠤᠪᠤᠭ᠎ᠠ ᠪᠤᠯᠤᠨ ᠬᠠᠷ᠎ᠠ ᠨᠢᠳᠦᠨ ᠬᠤᠳᠳᠤᠭ —  ᠭᠦᠨᠪᠤᠯᠠᠭ ᠰᠤᠮᠤᠨ ᠤ ᠪᠠᠷᠠᠭᠤᠨ ᠡᠮᠦᠨ᠎ᠡ ᠵᠠᠬ᠎ᠠ  ᠳᠤ ᠪᠠᠶᠢᠷᠢᠯᠠᠵᠤ ᠪᠠᠶᠢᠭ᠎ᠠ ᠨᠢᠭᠡᠨ ᠭᠠᠴᠠᠭ᠎ᠠ ᠶᠢ ᠦᠴᠢ ᠤᠪᠤᠭ᠎ᠠ ᠭᠡᠳᠡᠭ  ᠃ ᠲᠤᠰ ᠭᠠᠵᠠᠷ ᠢ ᠡᠷᠳᠡ ᠳᠡᠭᠡᠨ《 ᠬᠠᠷ᠎ᠠ ᠨᠢᠳᠦᠨ ᠬᠤᠳᠳᠤᠭ》 ᠭᠡᠵᠦ ᠲᠠᠭᠤᠳᠠᠳᠠᠭ ᠪᠠᠶᠢᠪᠠ᠃ ᠲᠡᠦᠬᠡᠨ ᠲᠡᠮᠳᠡᠭᠯᠡᠯ ᠳᠤ《  ᠲᠠᠶᠢᠹᠤᠰᠧ ᠵᠡᠭᠦᠨ ᠭᠠᠷ ᠰᠦᠷᠦᠭ ᠠᠨᠤ ᠴᠢᠭᠤᠯᠤᠯᠳᠤ ᠬᠠᠭᠠᠯᠭ᠎ᠠ ᠠᠴᠠ ᠵᠡᠭᠦᠨ ᠬᠤᠶᠢᠰᠢ ᠪᠠᠨ ᠵᠠᠭᠤ ᠲᠦᠴᠢᠨ ᠭᠠᠵᠠᠷ ᠤᠨ ᠠᠯᠤᠰ  ᠲᠠᠬᠢ ᠬᠠᠷ᠎ᠠ ᠨᠢᠳᠦᠨ ᠬᠤᠳᠳᠤᠭ ᠲᠤ ᠪᠤᠢ》ᠭᠡᠵᠦ ᠲᠡᠮᠳᠡᠭᠯᠡᠵᠦ ᠪᠠᠶᠢᠳᠠᠭ᠃ ᠲᠡᠶᠢᠹᠤᠰᠧ ᠵᠡᠭᠦᠨ ᠭᠠᠷ ᠰᠦᠷᠦᠭ ᠢ ᠡᠬᠢᠯᠡᠵᠦ ᠪᠠᠶᠢᠭᠤᠯᠬᠤ ᠠᠴᠠ ᠠᠪᠤᠭᠠᠳ ᠲᠡᠶᠢᠹᠤᠰᠧ ᠵᠡᠭᠦᠨ ᠭᠠᠷ ᠬᠤᠰᠢᠭᠤ ᠪᠠᠶᠢᠭᠤᠯᠤᠬᠳᠠᠬᠤ  ︵1675 —1936︶  ᠬᠦᠷᠳᠡᠯ᠎ᠡ  ᠬᠤᠶᠠᠷ ᠵᠠᠭᠤ ᠲᠠᠪᠢ ᠵᠢᠷᠠᠭᠠᠳ ᠵᠢᠯ ᠤᠨ ᠲᠤᠷᠰᠢ  ᠵᠡᠭᠦᠨ ᠭᠠᠷ ᠰᠦᠷᠦᠭ ᠤᠨ ᠵᠠᠰᠠᠭ  ᠤᠨ ᠭᠠᠵᠠᠷ  ︵ᠲᠠᠮᠠᠭᠠᠨ ᠭᠠᠵᠠᠷ︶ ᠨᠢ ᠬᠤᠰᠢᠭᠤ ᠵᠠᠰᠠᠭ ᠤᠨ ᠭᠠᠵᠠᠷ ᠨᠢ ᠦᠴᠢ ᠤᠪᠤᠭᠠᠨ ᠳᠤ ᠪᠠᠶᠢᠵᠤ  ᠂ ᠵᠡᠭᠦᠨ ᠭᠠᠷ  ᠲᠠᠶᠢᠹᠤᠰᠧ ᠤᠨ ᠤᠯᠤᠰ ᠲᠦᠷᠦ᠂  ᠴᠡᠷᠢᠭ ᠵᠠᠰᠠᠭ᠂ ᠠᠵᠤ ᠠᠬᠤᠢ᠂ ᠰᠤᠶᠤᠯ ᠤᠨ ᠲᠦᠪ  ᠪᠦᠬᠡᠳ ᠪᠡᠭᠡᠵᠢᠩ ᠠᠴᠠ ᠮᠤᠩᠭᠤᠯ᠂ ᠤᠷᠤᠰ ᠵᠢᠴᠢ  ᠡᠸᠦ᠋ᠷᠦᠫᠠ ᠤᠨ ᠤᠯᠤᠰ ᠤᠳ ᠲᠤ  ᠬᠦᠷᠬᠦ ᠠᠷᠠᠯᠵᠢᠶ᠎ᠠ ᠬᠤᠳᠠᠯᠳᠤᠭ᠎ᠠ ᠪᠠ ᠰᠤᠶᠤᠯ ᠤᠨ ᠰᠤᠯᠢᠯᠴᠠᠭᠠᠨ ᠤ ᠭᠤᠤᠯ ᠵᠠᠮ  ᠪᠤᠯᠵᠤ ᠪᠠᠶᠢᠵᠠᠢ᠃   ᠦᠴᠢ ᠤᠪᠤᠭ᠎ᠠ ᠭᠠᠴᠠᠭᠠᠨ ᠤ ᠬᠤᠶᠢᠳᠤ ᠲᠡᠯ᠎ᠡ   ᠳᠤ  ᠪᠠᠶᠢᠭ᠎ᠠ ᠦᠨᠳᠦᠷ ᠠᠭᠤᠯᠠ ᠶᠢᠨ ᠤᠷᠤᠢ ᠲᠡᠭᠡᠷ᠎ᠡ ᠪᠠᠶᠢᠭᠤᠯᠤᠬᠰᠠᠨ ᠨᠢᠭᠡᠨ ᠤᠪᠤᠭ᠎ᠠ ᠶᠢ ᠦᠴᠢ ᠤᠪᠤᠭ᠎ᠠ ᠭᠡᠳᠡᠭ᠃ ᠦᠴᠢ ᠤᠪᠤᠭ᠎ᠠ ᠪᠤᠯ ᠬᠠᠭᠤᠴᠢᠨ  ᠲᠠᠶᠢᠹᠤᠰᠧ ᠵᠡᠭᠦᠨ ᠭᠠᠷ ᠰᠦᠷᠦᠭ ︵ᠬᠤᠰᠢᠭᠤ︶ ᠤᠨ ᠭᠦᠯᠦ ᠴᠠᠭᠠᠨ ᠬᠤᠰᠢᠭᠤᠨ ᠤ ᠰᠢᠳᠦᠭᠡᠨ ᠤᠪᠤᠭ᠎ᠠ ᠪᠤᠯᠤᠨ᠎ᠠ᠃   ᠲᠤᠰ ᠤᠪᠤᠭ᠎ᠠ ᠶᠢ ᠨᠢᠬᠡ ᠦᠶ᠎ᠡ ᠪᠦᠬᠦ ᠵᠡᠭᠦᠨ ᠭᠠᠷ ᠢᠶᠠᠷ ᠢᠶᠠᠨ ᠲᠠᠬᠢᠵᠦ ᠪᠠᠶᠢᠬᠰᠠᠨ ᠪᠤᠯᠬᠤᠷ ᠦᠴᠢ ᠤᠪᠤᠭ᠎ᠠ ︵ᠲᠠᠪᠤᠨ ᠬᠤᠰᠢᠭᠤ ᠤᠪᠤᠭ᠎ᠠ ᠬᠡᠰᠡᠨ ᠦᠬᠡ  ︶ ᠭᠡᠵᠦ ᠲᠠᠭᠤᠳᠠᠳᠠᠭ  ᠪᠤᠯᠵᠤ᠂  ᠤᠨ ᠵᠢᠯ ᠤᠨ  ᠤᠷᠳᠤ ᠳᠤ ᠡᠨᠡᠬᠦ ᠠᠶᠢᠯ ᠬᠤᠳᠠ ᠶᠢ ᠴᠤ ᠤᠪᠤᠭᠠᠨ ᠤ ᠨᠡᠷ᠎ᠡ ᠪᠠᠷ ᠨᠡᠷᠡᠰᠢᠭᠰᠡᠨ ᠪᠠᠶᠢᠨ᠎ᠠ᠃  ᠬᠠᠭᠤᠴᠢ ᠶᠠᠷᠢᠶᠠᠨ ᠳᠤ  ᠦᠴᠢ ᠤᠪᠤᠭ᠎ᠠ   ᠶᠢ ᠪᠠᠰᠠ ᠵᠠᠩᠵᠤᠨ ᠤᠪᠤᠭ᠎ᠠ ᠭᠡᠵᠦ ᠬᠡᠯᠡᠳᠡᠭ  ᠃ ᠡᠨᠡ ᠨᠢ ᠲᠤᠰ ᠠᠭᠤᠯᠠ ᠶᠢᠨ   ᠪᠠᠶᠢᠭᠠᠯᠢᠯᠢᠭ  ᠪᠦᠳᠦᠴᠡ ᠶᠢᠨ ᠰᠢᠨᠵᠢ ᠲᠡᠮᠳᠡᠭ ᠢ ᠦᠨᠳᠦᠰᠦᠯᠡᠨ ᠤᠳᠠᠭᠠᠨ ᠵᠢᠯ ᠤᠨ ᠨᠡᠶᠢᠭᠡᠮ ᠤᠨ ᠪᠤᠳᠡᠳᠤ ᠵᠢᠱᠢᠶ᠎ᠡ ᠠᠴᠠ ᠢᠷᠡᠭᠰᠡᠨ ᠨᠡᠷ᠎ᠡ ᠭᠡᠵᠦ ᠦᠵᠡᠵᠦ ᠪᠤᠯᠤᠨ᠎ᠠ  ᠃ ᠡᠨᠡ ᠠᠭᠤᠯᠠ ᠶᠢᠨ ᠠᠷᠤ ᠰᠢᠯᠢ ᠳᠤ ᠨᠢᠭᠡᠨ ᠬᠡᠰᠡᠭ ᠪᠠᠭᠰᠢᠷᠡᠮ᠎ᠡ ᠱᠠᠬᠡᠪᠤᠷ ᠮᠤᠳᠤ ᠤᠷᠭᠤᠵᠤ  ᠂ ᠤᠪᠤᠭᠠᠨ ᠤ ᠴᠢᠯᠭᠤᠨ ᠪᠠᠶᠢᠷᠢ ᠶᠢᠨ ᠠᠷᠤ ᠰᠢᠯᠢ ᠳᠤ ᠨᠢᠭᠡᠨ ᠲᠤᠮᠤ ᠤᠷᠭᠤᠭ᠎ᠠ ᠬᠠᠶᠢᠯᠠᠰᠤ ᠰᠡᠬᠦᠶᠢᠨ ᠨᠤᠭᠤᠭᠠᠷᠠᠵᠦ ᠪᠠᠶᠢᠳᠠᠭ᠃ ᠡᠶᠢᠮᠦ ᠠᠴᠠ ᠡᠨᠡ ᠬᠦ ᠰᠢᠨᠵᠢ ᠪᠠᠷ ᠨᠢ ᠡᠷᠳᠡᠨ ᠤ ᠨᠤᠶᠠᠨ ᠬᠦᠮᠦᠨ ᠤ ᠤᠳᠤᠭ ᠵᠢᠩᠰᠡ ᠵᠡᠭᠦᠭᠦ ᠰᠢᠨᠵᠢ ᠪᠦᠷᠢᠳᠦᠭᠰᠡᠨ ᠠᠴᠠ ᠡᠨᠡ ᠭᠠᠵᠠᠷ  ᠲᠤ ᠨᠤᠶᠠᠨ ᠰᠠᠭᠤᠬᠤ ᠬᠦᠮᠦᠨ ᠤᠯᠠᠨ ᠭᠠᠷᠳᠠᠭ ᠬᠡᠨ᠎ᠡ᠃ ᠦᠴᠢ ᠤᠪᠤᠭᠠᠨ ᠳᠤ ᠰᠡᠷᠡᠩᠳᠤᠩᠷᠤᠪ  ᠂ ᠰᠠᠮᠳᠠᠩᠯᠦ᠋ᠩᠷᠦ᠋ᠪ ᠠᠮᠪᠠᠨ ᠤ ᠲᠡᠭᠡᠳᠦ ᠦᠶ᠎ᠡ ᠠᠴᠠ ᠡᠬᠢᠯᠡᠨ ᠰᠠᠭᠤᠷᠢᠰᠢᠵᠤ᠂ ᠲᠡᠦᠬᠡᠨ ᠲᠡᠭᠡᠷ᠎ᠡ ᠲᠤᠰ ᠡᠷᠦᠬᠡ ᠠᠴᠠ ᠵᠡᠭᠦᠨ ᠭᠠᠷ ᠰᠦᠷᠦᠭ ᠲᠤ ᠲᠤᠯᠤᠭᠠᠨ ᠦᠶ᠎ᠡ ᠠᠮᠪᠠᠨ ᠰᠠᠭᠤᠬᠰᠠᠨ ᠭᠡᠵᠦ ᠶᠠᠷᠢᠳᠠᠭ ᠶᠤᠮ᠃  ᠡᠳᠡᠨᠡᠶᠢᠬᠢᠨ ᠤ ᠰᠠᠭᠤᠵᠤ ᠪᠠᠶᠢᠬᠰᠠ ᠭᠡᠷ ᠬᠦᠷᠢᠶ᠎ᠠ ᠶᠢ ᠵᠡᠭᠦᠨ ᠭᠠᠷ ᠲᠠᠶᠢᠹᠤᠰᠧ ᠤᠨ ᠬᠢᠨ ︽ ᠡᠮᠦᠨ᠎ᠡ ᠬᠦᠷᠢᠶ᠎ᠡ︾  ᠪᠤᠶᠤ ︽ᠰᠠ᠊ ᠠᠮᠪᠠᠨ ᠤ ᠬᠦᠷᠢᠶ᠎ᠡ  ︾ ᠭᠡᠵᠦ  ᠨᠡᠷᠡᠶᠢᠳᠴᠡᠢ᠃    ︽ᠦᠴᠢ ᠤᠪᠤᠭ᠎ᠠ︾ ᠨᠢ ᠪᠠᠰᠠ《 ᠭᠤᠮᠪᠤ 》ᠰᠠᠬᠢᠭᠤᠯᠰᠤᠨ  ᠤᠷᠤᠰᠢᠭᠰᠠᠨ ᠭᠠᠵᠠᠷ  ᠪᠤᠯᠬᠤᠷ ᠶᠡᠬᠡᠳᠡ ᠢᠳᠡ ᠬᠦᠴᠦᠳᠡᠢ᠂ ᠬᠦᠷᠴᠦ ᠬᠦᠨᠳᠡᠵᠦ ᠪᠤᠯᠳᠠᠭ ᠦᠭᠡᠢ ᠬᠡᠴᠡᠭᠦᠦ ᠤᠪᠤᠭ᠎ᠠ  ᠭᠡᠵᠦ ᠶᠠᠷᠢᠳᠠᠭ᠃ ᠲᠡᠭᠡᠷ᠎ᠡ ᠵᠠᠭᠤᠨ ᠤ ᠲᠠᠯᠠᠭᠠᠳ ᠤᠨ ᠳᠤ  ᠨᠢᠭᠡᠨ ᠲᠠᠷᠢᠶᠠᠴᠢᠨ ᠠᠶᠢᠯ  ᠰᠦᠨᠢ ᠢᠷᠡᠵᠦ ᠤᠪᠤᠭᠠᠨ ᠤ ᠴᠢᠯᠠᠭᠤ ᠶᠢ ᠮᠠᠯᠳᠠᠵᠤ ᠬᠦᠳᠡᠯᠭᠡᠭᠰᠡᠨ ᠠᠴᠠ ᠲᠡᠮᠡᠢ ᠤᠳᠠᠬᠰᠠᠨ ᠦᠭᠡᠢ ᠲᠡᠷᠡ ᠠᠶᠢᠯ  ᠤᠨ ᠬᠦᠮᠦᠰ ᠬᠡᠳᠦᠨ ᠦᠶ᠎ᠡ ᠪᠠᠷ ᠢᠶᠠᠨ ᠪᠦᠷ ᠦᠬᠦᠵᠦ  ᠰᠤᠶᠢᠳᠦᠭᠰᠠᠨ ᠭᠡᠳᠡᠭ᠃     ᠦᠴᠢ ᠤᠪᠤᠭ᠎ᠠ ᠶᠢᠨ ᠠᠶᠢᠯ ᠤᠨ ᠲᠤᠮᠳᠠ ᠪᠠᠨ ᠬᠤᠶᠠᠷ ᠵᠡᠷᠭᠡᠴᠡᠭᠰᠡᠨ ᠬᠤᠳᠳᠤᠭ ᠪᠠᠶᠢᠳᠠᠭ᠃  ᠲᠡᠬᠦᠨ ᠤ ᠤᠰᠤ ᠨᠢ ᠬᠠᠪ ᠬᠠᠷ᠎ᠠ ᠦᠵᠡᠭᠳᠡᠬᠦ ᠪᠦᠭᠡᠳ ᠬᠦᠮᠤᠨ ᠤ ᠨᠢᠳᠤ ᠰᠢᠬ ᠬᠤᠶᠠᠷ ᠵᠡᠷᠭᠡᠴᠡᠭᠰᠡᠨ ᠬᠤᠳᠳᠤᠭ ᠤᠴᠢᠷ  ᠠᠴᠠ ᠬᠦᠮᠤᠰ ︽ᠬᠠᠷ᠎ᠠ ᠨᠢᠳᠤᠨ ᠬᠤᠳᠳᠤᠭ︾ ᠪᠤᠶᠤ ︽ᠬᠠᠷ᠎ᠠ ᠨᠢᠳᠤᠨ ᠪᠤᠯᠠᠭ︾  ᠭᠡᠵᠤ  ᠨᠡᠷᠡᠶᠢᠳᠳᠡᠭ᠃ ᠡᠨᠡ ᠬᠤᠳᠳᠤᠭ ᠠᠴᠠ ᠤᠰᠤ ᠠᠪᠬᠤ ᠳᠤ  ᠤᠷᠳᠤ ᠲᠡᠭᠡᠰᠤ ᠪᠤᠶᠤ ᠡᠰᠢ ᠲᠠᠢ ᠬᠤᠪᠤᠭᠤ ᠬᠡᠷᠡᠭᠯᠡᠬᠦ ᠦᠭᠡᠢ  ᠂  ᠶᠠᠭ ᠭᠠᠨᠭ᠌ ᠰᠠᠪᠠ ᠠᠴᠠ ᠰᠢᠨᠠᠭ᠎ᠠ ᠪᠠᠷ ᠢᠶᠠᠨ ᠤᠳᠬᠤᠵᠤ ᠪᠠᠶᠢᠬᠤ ᠰᠢᠬ ᠤᠰᠤ ᠠᠪᠳᠠᠭ᠃ ᠪᠤᠷᠤᠭᠠᠨ ᠬᠤᠷ᠎ᠠ ᠰᠠᠶᠢᠨ ᠵᠢᠯ ᠪᠤᠯ ᠬᠤᠳᠳᠤᠭ ᠤᠨ ᠤᠰᠤ ᠪᠤᠷᠬᠢᠯᠤᠨ ᠭᠠᠷᠴᠤ ᠤᠷᠤᠭᠰᠢ ᠪᠠᠨ ᠰᠤᠪᠠᠭᠷᠠᠵᠤ  ᠤᠷᠤᠰᠤᠭᠠᠳ᠂  ᠲᠡᠯ᠎ᠡ ᠭᠠᠵᠡᠷ ᠤᠨ ᠢᠶᠠᠨ ᠪᠡᠯᠴᠢᠭᠡᠷ ᠢ ᠤᠮᠳᠡᠯᠡᠵᠤ ᠦᠩ ᠰᠢᠮᠡᠯᠢᠭ ᠪᠤᠯᠭᠠᠳᠠᠭ᠃  ᠪᠤᠷᠤᠭᠠᠨ ᠶᠡᠭᠡ ᠵᠢᠯ ᠪᠤᠯ ᠪᠠᠶᠠᠨ ᠴᠠᠭᠠᠨ ᠨᠠᠭᠤᠷ ᠲᠤ ᠬᠦᠷᠳᠡᠯ᠎ᠡ ᠤᠷᠤᠰᠳᠠᠭ ᠭᠡᠵᠤ ᠠᠶᠢᠯ ᠤᠨ ᠨᠠᠰᠤᠳᠠᠶᠢᠴᠤᠳ ᠶᠠᠷᠢᠳᠠᠭ᠃ ᠡᠪᠤᠯ ᠤᠨ  ᠬᠦᠢᠳᠡᠨ   ᠳᠤ ᠬᠤᠳᠳᠤᠭ ᠤᠨ ᠠᠮᠠ  ᠬᠦᠯᠳᠡᠭᠡᠳ ᠮᠦᠰᠤ ᠶᠢ ᠨᠢ ᠴᠠᠷᠢᠯ ᠢᠶᠠᠷ ᠴᠤᠭᠤᠯᠬᠤ ᠳᠤ ᠬᠤᠳᠳᠤᠭ ᠤᠨ ᠤᠰᠤ ᠭᠡᠳᠤᠨ ᠮᠧᠲᠷ ᠦᠨᠳᠤᠷ ᠲᠤ ᠴᠤᠷᠬᠢᠨ ᠭᠠᠷᠴᠤ᠂ ᠬᠢᠴᠢᠶᠡᠬᠦ ᠦᠭᠡᠢ ᠪᠤᠯ ᠬᠤᠪᠴᠠᠰᠤ ᠬᠤᠨᠠᠷ ᠢ ᠱᠠᠯ  ᠨᠤᠷᠭᠠᠳᠠᠭ ᠪᠠᠶᠢᠵᠠᠢ᠃  ᠴᠤᠷᠬᠢᠵᠤ ᠭᠠᠷᠤᠭᠰᠠᠨ ᠤᠰᠤ ᠨᠢ ᠡᠳᠤᠷ ᠤᠨ ᠤᠳᠠᠭᠠᠨ ᠳᠠᠭᠠᠨ ᠮᠦᠰᠤᠨ ᠤᠪᠤᠭ᠎ᠠ  ᠪᠤᠯᠵᠤ  ᠬᠤᠯᠠ  ᠠᠴᠠ ᠮᠤᠩᠭᠤᠯ ᠭᠡᠷ ᠰᠢᠭ ᠬᠠᠷᠠᠭᠳᠠᠨ᠎ᠠ᠃             ᠮᠠᠯᠠᠭᠠᠢ ᠶᠢᠨ ᠰᠦᠮ᠎ᠡ  ︵ᠪᠠᠰᠠ ᠪᠦᠷᠢᠨ ᠠᠮᠤᠭᠤᠯᠠᠩᠳᠤ ᠰᠦᠮ᠎ᠡ ᠭᠡᠳᠡᠭ  ︶ —  ᠬᠦᠨᠪᠤᠯᠠᠭ ᠰᠤᠮᠤᠨ ᠤ ᠡᠮᠦᠨ᠎ᠡ ᠬᠡᠰᠡᠭ ᠲᠤ ᠬᠠᠰᠢᠶᠠᠳᠤ ᠭᠠᠴᠠᠭᠠᠨ ᠤ ᠨᠤᠳᠤᠭ ᠲᠡᠭᠡᠷ᠎ᠡ ᠪᠤᠢ᠃ ᠮᠠᠯᠠᠭᠠᠢ ᠶᠢᠨ ᠰᠦᠮ᠎ᠡ ᠶᠢ ᠪᠠᠶᠢᠭᠤᠯᠤᠭᠰᠠᠨ ᠲᠤᠬᠠᠢ ᠬᠤᠶᠠᠷ ᠤᠯᠠᠮᠵᠢᠯᠠᠯ ᠶᠠᠷᠢᠶ᠎ᠠ ᠪᠠᠶᠢᠳᠠᠭ᠃  ᠨᠢᠬᠡ ᠨᠢ᠂ ᠡᠷᠳᠡ ᠤᠷᠢᠳᠤ ᠶᠢᠨ ᠴᠠᠭ ᠲᠤ ᠮᠠᠨᠵᠤ ᠶᠢᠨ ᠡᠩᠬᠡ ᠠᠮᠤᠭᠤᠯᠠᠩ ᠬᠠᠭᠠᠨ ᠡᠯᠵᠢᠬᠡ ᠤᠨᠤᠵᠤ᠂ ᠡᠯ᠎ᠡ ᠭᠠᠵᠠᠷ ᠢ  ᠲᠤᠭᠤᠷᠢᠨ ᠪᠠᠶᠢᠴᠠᠭᠠᠵᠤ ᠶᠠᠪᠤᠭᠰᠠᠭᠠᠷ ᠠᠳᠡ ᠬᠦᠷᠴᠦ ᠢᠷᠡᠵᠡᠢ᠂  ᠲᠤᠰ ᠭᠠᠵᠠᠷ ᠤᠨ ᠠᠭᠤᠯᠠ  ᠤᠰᠤᠨ ᠤ ᠤᠷᠤᠰᠢᠯ᠂ ᠭᠠᠵᠠᠷ ᠤᠨ ᠪᠠᠶᠢᠴᠠ ᠶᠢ ᠰᠢᠨᠵᠢᠵᠦ ᠦᠵᠡᠭᠡᠳ ᠶᠡᠬᠡᠳᠡ ᠰᠤᠴᠢᠵᠤ  ︽ᠡᠨᠡ  ᠠᠭᠤᠯᠠ  ᠪᠤᠯᠪᠠᠰᠤ ᠯᠤᠤᠰ ᠤᠷᠤᠰᠢᠭᠰᠠᠨ ᠭᠠᠵᠠᠷ ᠪᠤᠯᠠᠢ᠂ ᠲᠡᠭᠷᠢ ᠳᠤᠷ  ᠨᠢᠬᠡᠯᠡ ᠨᠠᠷᠠᠨ ᠪᠠᠶᠢᠵᠤ᠂ ᠲᠡᠯᠡᠬᠡᠢ ᠳᠤᠷ ᠨᠢᠬᠡᠯᠡ ᠡᠵᠡᠨ ᠪᠠᠶᠢᠬᠤ ᠶᠤᠰᠤᠳᠠᠢ᠂ ᠡᠨᠡᠬᠦ ᠠᠭᠤᠯᠠᠨ ᠳᠤᠷ ᠲᠠᠷᠤᠯᠭ᠎ᠠ ᠬᠢᠬᠦ ᠦᠬᠡᠢ ᠪᠤᠯᠪᠠᠰᠤ ᠠᠳᠡ ᠠᠴᠠ ᠶᠡᠬᠡᠰ ᠡᠷᠳᠡᠮᠳᠡᠨ ᠲᠤᠳᠤᠷᠠᠵᠤ᠂ ᠬᠦᠷᠦᠨ ᠲᠦᠷᠦ ᠶᠢ ᠰᠠᠮᠠᠭᠤᠷᠠᠭᠤᠯᠤᠮᠤᠢ︾ ᠭᠡᠮᠡᠨ᠂ ᠶᠠᠪᠤᠬᠤ ᠳᠠᠭᠠᠨ ᠠᠭᠤᠯᠠᠨ ᠡᠩᠬᠡᠷ ︵ᠰᠦᠮ᠎ᠡ ᠶᠢᠨ ᠤᠪᠤᠭ᠎ᠠ︶ ᠲᠤ ᠮᠠᠯᠠᠭᠠᠢ ᠪᠠᠨ ᠮᠠᠷᠳᠠᠭᠠᠳ ᠶᠠᠪᠤᠵᠤ ᠬᠡᠨ᠎ᠡ᠃ ᠲᠡᠷᠡᠪᠡᠷ ᠲᠦᠷᠦ ᠳᠡᠭᠡᠨ ᠪᠤᠴᠠᠭᠠᠳ ᠲᠤᠰᠬᠠᠢ ᠮᠡᠷᠭᠡᠨ ᠭᠠᠵᠠᠷ ᠰᠢᠡᠵᠢᠭᠴᠢ ᠶᠢ ᠶᠠᠪᠤᠭᠤᠯᠵᠤ᠂ ᠡᠨᠡᠬᠦ ᠠᠭᠤᠯᠠ ᠶᠢ ᠲᠠᠬᠢᠨ ᠰᠢᠨᠵᠢᠬᠦᠯᠵᠦ ᠬᠡᠨ᠎ᠡ᠃ ᠰᠢᠡᠵᠢᠭᠴᠢ ᠨᠢ ᠢᠷᠡᠵᠦ ᠦᠵᠡᠭᠡᠳ ᠪᠤᠴᠠᠬᠤ ᠳᠠᠭᠠᠨ ᠪᠠᠰᠠ ᠯᠠ ᠮᠠᠯᠠᠭᠠᠢ ᠪᠠᠨ ᠮᠠᠷᠳᠠᠭᠠᠳ ᠶᠠᠪᠤᠵᠠᠢ᠃ ᠲᠡᠭᠡᠭᠡᠳ ᠬᠠᠭᠠᠨ ᠳᠠᠭᠠᠨ ︽ ᠡᠨᠡ  ᠠᠭᠤᠯᠠ  ᠪᠤᠯᠪᠠᠰᠤ ᠯᠤᠤ ᠶᠢᠨ ᠰᠢᠨᠵᠢ ᠲᠠᠢ᠂  ᠯᠤᠤᠰ ᠤᠷᠤᠰᠢᠭᠰᠠᠨ ᠭᠠᠵᠠᠷ ᠪᠤᠯᠠᠢ᠂ ᠯᠤᠤ ᠶᠢᠨ ᠲᠤᠯᠤᠭᠠᠢ ᠶᠢ ᠲᠠᠷᠤᠬᠤ ᠦᠬᠡᠢ ᠪᠤᠯᠪᠠᠰᠤ ᠬᠠᠭᠠᠨ ᠢᠵᠠᠭᠤᠷᠳᠠᠨ ᠲᠦᠷᠦᠵᠦ ᠰᠠᠮᠠᠭᠤᠨ ᠲᠡᠭᠳᠡᠮᠤᠢ︾ ᠭᠡᠮᠡᠨ ᠠᠶᠢᠯᠠᠳᠬᠠᠵᠤ᠂ ᠠᠳᠡ ᠰᠦᠮ᠎ᠡ ᠪᠠᠶᠢᠭᠤᠯᠵᠤ ᠭᠡᠨ᠎ᠡ᠃  ᠨᠦᠬᠦᠭᠡ ᠨᠢ᠂ ᠡᠷᠳᠡ ᠤᠷᠢᠳᠤ ᠶᠢᠨ ᠴᠠᠭ ᠲᠤ ᠴᠠᠬᠠᠷ ᠯᠢᠭᠳᠡᠨ ᠬᠠᠭᠠᠨ ᠤ ᠬᠤᠶᠢᠴᠢ ᠦᠶ᠎ᠡ ᠪᠤᠯᠬᠤ ᠪᠦᠷᠨᠡᠢ ᠴᠢᠩ ᠸᠠᠩ ᠮᠠᠨᠵᠤ  ᠶᠢᠨ ᠲᠦᠷᠦ ᠳᠤ ᠤᠷᠪᠠᠯᠭ᠎ᠠ ᠭᠠᠷᠭᠠᠵᠤ ᠢᠯᠠᠭᠳᠠᠭᠠᠳ᠂ ᠮᠠᠨᠵᠤ ᠶᠢᠨ ᠴᠡᠷᠢᠭ ᠲᠤ ᠬᠦᠭᠡᠭᠡᠭᠳᠡᠨ᠂ ᠪᠤᠭᠤᠳᠤ ᠶᠢᠨ ᠲᠠᠯ᠎ᠠ᠂ ᠲᠠᠯᠠᠳᠤ ᠶᠢᠨ ᠲᠠᠯ᠎ᠠ᠂ ᠮᠠᠨᠵᠤ ᠶᠢᠨ ᠦᠯᠦᠩ ᠢᠶᠠᠷ 12 ᠮᠤᠷᠢᠳᠠᠨ ᠢ ᠲᠠᠭᠠᠭᠤᠯᠵᠤ ᠲᠤᠳᠠᠭᠠᠨ ᠭᠠᠷᠴᠤ  ᠢᠷᠡᠵᠡᠢ᠃ ᠰᠦᠮ᠎ᠡ ᠶᠢᠨ ᠡᠮᠦᠨᠡᠬᠢ ᠨᠠᠷᠢᠨ ᠰᠢᠷᠡᠭᠡᠨ ᠲᠡᠭᠡᠷ᠎ᠡ  ᠢᠷᠡᠭᠡᠳ ᠬᠤᠷᠴᠢᠨ ᠴᠡᠷᠢᠭ ᠤᠨ ᠰᠤᠮᠤᠨ ᠳᠤ ᠰᠢᠷᠬᠠᠳᠤᠵᠤ᠂ ᠤᠪᠤᠭᠠᠨ ᠤ ᠡᠩᠬᠡᠷ ᠲᠤ ᠬᠦᠷᠬᠦ ᠳᠤ ᠮᠠᠯᠠᠭᠠᠢ ᠨᠢ ᠤᠨᠠᠭᠰᠠᠨ ᠳᠤ  ︽ᠮᠢᠨᠦ ᠨᠠᠰᠤᠨ ᠬᠤᠳᠤᠭ ᠠᠳᠡ ᠡᠴᠦᠰᠯᠡᠬᠦ  ᠪᠠᠶᠢᠵᠤᠬᠤᠢ︾ ᠭᠡᠮᠡᠨ ᠲᠠᠭᠤᠨ ᠠᠯᠳᠠᠭᠰᠠᠨ ᠪᠠᠶᠢᠵᠠᠢ᠃ ᠨᠦᠭᠴᠢᠭᠰᠡᠨ ᠬᠤᠶᠢᠨ᠎ᠠ  ᠴᠢᠨᠳᠠᠷ ᠢ  ᠨᠢ ᠨᠤᠳᠤᠭ ᠤᠨ ᠬᠦᠮᠦᠰ ᠶᠠᠷᠨᠠᠢ   ᠶᠢᠨ ᠤᠪᠤᠭᠠᠨ ᠳᠤ ᠪᠤᠮᠪᠠᠯᠠᠵᠤ ᠬᠡᠨ᠎ᠡ᠃ ᠨᠤᠳᠤᠭ ᠤᠨ ᠬᠦᠮᠦᠰ ᠪᠦᠷᠨᠡᠢ ᠶᠢ ᠲᠤᠷᠠᠰᠬᠠᠬᠤ ᠶᠢᠨ ᠲᠤᠯᠠ ᠠᠭᠤᠯᠠᠨ ᠤ ᠡᠩᠬᠡᠷ ᠲᠤ ᠰᠦᠮ᠎ᠡ ᠪᠠᠶᠢᠭᠤᠯᠤᠨ᠂ ᠰᠤᠭᠴᠢᠨ ᠲᠤᠭᠠᠩ ᠤᠨ ᠲᠡᠭᠡᠳᠦ ᠠᠰᠠᠷ  ᠤᠨ ᠲᠡᠭᠡᠪᠦᠷ ᠲᠡᠭᠡᠷ᠎ᠡ ᠲᠡᠬᠦᠨ ᠤ ᠬᠦᠷᠦᠭ ᠢ ᠱᠤᠭᠤᠵᠤ᠂ ᠮᠠᠯᠠᠭᠠᠢ ᠤᠨᠠᠭᠰᠠᠨ ᠭᠠᠵᠠᠷ ᠨᠢ ᠴᠠᠭᠠᠨ ᠰᠤᠪᠤᠷᠭ᠎ᠠ ᠪᠤᠰᠬᠠᠵᠤ᠂ ᠰᠢᠷᠬᠠᠳᠤᠵᠤ ᠴᠢᠰᠤ ᠲᠤᠰᠤᠯᠠᠭᠰᠠᠨ ᠭᠠᠵᠠᠷ ᠨᠠᠷᠢᠨ ᠰᠢᠷᠡᠭᠡᠨ ᠤ ᠭᠤᠤᠯ ᠳᠤᠨᠢ ᠤᠪᠤᠭ᠎ᠠ ᠪᠤᠰᠬᠠᠵᠤ᠂  ᠴᠢᠨᠳᠠᠷ ᠢ ᠨᠢ ᠡᠮᠦᠨᠡᠬᠢ ᠵᠢᠷᠦᠬᠡᠨ ᠠᠭᠤᠯᠠᠨ ᠳᠤ ᠤᠷᠤᠰᠢᠭᠤᠯᠤᠨ᠂ ᠤᠪᠤᠭ᠎ᠠ ᠪᠤᠯᠭᠠᠨ ᠲᠠᠬᠢᠵᠤ ᠰᠠᠭᠤᠵᠠᠢ ᠬᠡᠨ᠎ᠡ᠃  ᠨᠤᠳᠤᠭ ᠤᠨ ᠬᠦᠮᠦᠰ ᠪᠠᠶᠢᠭᠤᠯᠤᠭᠰᠠᠨ ᠰᠦᠮ᠎ᠡ ᠪᠠᠨ ᠮᠠᠯᠠᠭᠠᠢ ᠶᠢᠨ ᠰᠦᠮ᠎ᠡ ᠬᠡᠵᠦ ᠨᠡᠷᠡᠯᠡᠭᠡᠳ ᠮᠠᠨᠵᠤ ᠶᠢᠨ ᠲᠦᠷᠦ ᠳᠤ ᠮᠡᠳᠡᠬᠦᠯᠬᠦ ᠳᠤ ᠮᠠᠨᠵᠤ ᠶᠢᠨ ᠡᠵᠡᠨ ᠠᠴᠠ ︽ᠪᠦᠷᠨᠡᠢ ᠶᠢ ᠲᠠᠷᠤᠭᠰᠠᠨ ᠠᠴᠠ ᠬᠤᠶᠢᠰᠢ ᠴᠠᠬᠠᠷ ᠨᠤᠳᠤᠭ ᠪᠦᠷᠢᠨ ᠠᠮᠤᠭᠤᠯᠠᠩ ᠪᠤᠯᠤᠭᠰᠠᠨ ᠲᠤᠯᠠ ᠪᠦᠷᠦᠨ ᠠᠮᠤᠭᠤᠯᠤᠩᠳᠤ ᠰᠦᠮ᠎ᠡ ᠬᠡᠵᠦ ᠨᠡᠷᠡᠯᠡᠳᠦᠬᠡᠢ︾ ᠭᠡᠮᠡᠨ ᠵᠠᠷᠯᠢᠭ ᠪᠠᠭᠤᠯᠭᠠᠵᠤ᠂  ︽ᠵᠠᠷᠯᠢᠭ ᠢᠶᠠᠷ ᠪᠠᠶᠢᠭᠤᠯᠤᠭᠰᠠᠨ ᠪᠦᠷᠢᠨ ᠠᠮᠤᠭᠤᠯᠠᠩᠳᠤ ᠰᠦᠮ᠎ᠡ︾ ᠭᠡᠰᠡᠨ  ᠠᠯᠳᠠᠨ ᠦᠰᠦᠭᠳᠦ ᠪᠢᠴᠢᠭᠡᠰᠦ ᠦᠭᠴᠠᠢ᠂ ᠭᠡᠪᠡᠴᠦ ᠠᠳᠡᠬᠢ ᠬᠦᠮᠦᠰ ᠨᠤᠭᠤᠷᠠᠰᠢ ᠦᠬᠡᠢ ᠪᠠᠭᠠᠳᠤᠷ ᠪᠦᠷᠨᠠᠢ ᠴᠢᠩ ᠸᠠᠩ ᠢᠶᠠᠨ ᠲᠤᠷᠠᠰᠬᠠᠵᠤ᠂ ᠦᠶ᠎ᠡ ᠶᠢᠨ ᠦᠶ᠎ᠡ ᠳᠡᠭᠡᠨ ︽ ᠮᠠᠯᠠᠭᠠᠢ ᠶᠢᠨ ᠰᠦᠮ᠎ᠡ︾  ᠬᠡᠮᠡᠨ ᠨᠡᠷᠡᠯᠡᠨ ᠲᠠᠭᠤᠳᠠᠵᠤ᠂  ᠰᠢᠳᠦᠨ ᠲᠠᠬᠢᠵᠤ ᠢᠷᠡᠭᠰᠡᠨ ᠪᠠᠶᠢᠨ᠎ᠠ᠃  ᠮᠠᠯᠠᠭᠠᠢ ᠶᠢᠨ ᠰᠦᠮ᠎ᠡ ᠶᠢ ᠪᠤᠯ ᠯᠤᠤ ᠶᠢᠨ ᠮᠠᠩᠨᠠᠢ ᠲᠡᠭᠡᠷ᠎ᠡ ᠪᠠᠶᠢᠭᠤᠯᠤᠭᠰᠠᠨ ᠶᠡᠭᠡ ᠢᠪᠡᠭᠡᠯ ᠲᠠᠢ ᠤᠷᠤᠨ ᠭᠡᠳᠡᠭ᠃ ᠰᠦᠮ᠎ᠡ ᠶᠢᠨ ᠠᠷᠤ   ᠳᠠᠬᠢ ᠰᠦᠮ᠎ᠡ ᠶᠢᠨ ᠤᠪᠤᠭ᠎ᠠ ᠶᠢ ᠯᠤᠤ   ᠶᠢᠨ ᠭᠠᠪᠠᠯᠠ  ᠭᠡᠨ᠎ᠡ᠃ ᠡᠨᠡ  ᠤᠪᠤᠭᠠᠨ ᠤ ᠴᠢᠯᠠᠭᠤᠨ ᠲᠡᠭᠡᠷ᠎ᠡ ᠮᠤᠷᠢᠨ ᠤ ᠲᠤᠭᠤᠷᠠᠢ ᠶᠢᠨ ᠬᠡᠯᠪᠡᠷᠢ ᠲᠠᠢ ᠭᠡᠦᠳ ᠬᠡᠳᠦᠨ ᠰᠡᠶᠢᠯᠦᠮᠡᠯ ᠪᠤᠢ᠂ ᠡᠬᠦᠨ ᠢ ᠴᠢᠩᠬᠢᠰ ᠬᠠᠭᠠᠨ ᠠᠶᠠᠨ ᠲᠠᠶᠢᠨ ᠳᠤ ᠶᠠᠪᠤᠬᠤ ᠳᠠᠭᠠᠨ  ᠦᠯᠡᠳᠡᠭᠡᠭᠰᠡᠨ ᠮᠤᠷᠢᠨ ᠲᠤᠭᠤᠷᠠᠢ   ᠶᠢᠨ ᠮᠦᠷ ᠭᠡᠳᠡᠭ᠃ ᠰᠦᠮ᠎ᠡ ᠶᠢᠨ ᠡᠮᠦᠨ᠎ᠡ ᠵᠢᠭᠠᠰᠤᠳᠤ ᠨᠠᠭᠤᠷ᠂ ᠮᠡᠯᠡᠬᠡᠶᠢᠳᠦ ᠨᠠᠭᠤᠷ ᠬᠡᠵᠦ ᠬᠤᠶᠠᠷ ᠨᠠᠭᠤᠷ ᠲᠠᠢ᠂ ᠡᠨᠡ   ᠨᠢ ᠯᠤᠤ ᠶᠢᠨ ᠨᠢᠳᠦ ᠬᠡᠨ᠎ᠡ᠃ ᠰᠦᠮ᠎ᠡ ᠠᠴᠠ ᠤᠷᠤᠭᠰᠢ ᠬᠤᠶᠠᠷ ᠨᠠᠭᠤᠷ ᠢ  ᠬᠠᠮᠠᠷᠯᠠᠨ ᠵᠢᠭᠠᠭᠰᠠᠨ ᠪᠤᠩᠬᠤᠨ ᠰᠢᠷᠡᠭᠡ ᠨᠢ ᠯᠤᠤ ᠶᠢᠨ ᠬᠠᠮᠠᠷ᠂ ᠡᠬᠦᠨ ᠠᠴᠠ ᠡᠮᠦᠨ᠎ᠡ ᠪᠠᠶᠢᠭ᠎ᠠ ᠪᠦᠮᠪᠦᠭᠡᠷ ᠠᠭᠤᠯᠠ — ᠶᠠᠷᠨᠠᠢ  ᠶᠢᠨ ᠤᠪᠤᠭ᠎ᠠ ᠪᠤᠯ ᠯᠤᠤ ᠶᠢᠨ ᠠᠮᠠᠨ ᠲᠤᠳᠤᠷᠠᠬᠢ ᠡᠷᠳᠡᠨᠢ ᠶᠢᠨ ᠪᠦᠮᠪᠦᠭᠡ ᠨᠢ᠂ ᠡᠬᠦᠨ ᠤ ᠤᠷᠢᠳᠤᠭᠤᠷ ᠬᠦᠨᠳᠡᠯᠡᠨ ᠤᠷᠤᠰᠬᠤ ᠰᠦᠮ᠎ᠡ ᠶᠢᠨ ᠭᠤᠤᠯ ᠪᠤᠯ ᠯᠤᠤ ᠶᠢᠨ ᠰᠠᠬᠠᠯ ᠶᠤᠮ ᠬᠡᠨ᠎ᠡ᠃ ᠮᠠᠯᠠᠭᠠᠢ ᠶᠢᠨ ᠰᠦᠮ᠎ᠡ ᠶᠢᠨ ᠭᠤᠤᠯ ᠲᠤᠭᠠᠩ ᠤᠨ ᠲᠡᠭᠡᠷ᠎ᠡ ᠠᠰᠠᠷ ᠲᠤ ᠨᠢᠬᠡ ᠱᠤᠭᠤᠮᠠᠯ ᠬᠦᠷᠦᠭ ᠪᠠᠶᠢᠭᠰᠠᠨ ᠨᠢ ᠬᠤᠶᠠᠳᠤᠭᠠᠷ ᠲᠦᠷᠢ ᠶᠢᠨ ᠵᠠᠩᠵᠢᠶ᠎ᠠ ᠬᠤᠳᠤᠭᠳᠤ ᠷᠤᠯᠪᠢᠳᠤᠷᠵᠢ ᠶᠢᠨ ᠬᠦᠷᠦᠭ ᠭᠡᠳᠡᠭ᠃ ᠲᠤᠰ ᠰᠦᠮ᠎ᠡ ᠳᠤ ᠪᠠᠰᠠ ᠨᠢᠬᠡ ᠰᠢᠷ᠎ᠠ ᠡᠷᠢᠶᠡᠨ ᠪᠠᠷᠰ ᠤᠨ ᠠᠷᠠᠰᠤ ᠲᠠᠬᠢᠵᠤ ᠪᠠᠶᠢᠭᠰᠠᠨ ᠨᠢ ᠨᠤᠳᠤᠭ ᠤᠨ ᠨᠢᠬᠡᠨ ᠠᠩᠴᠢᠨ ᠮᠠᠯᠠᠭᠠᠢ ᠶᠢᠨ ᠰᠦᠮ᠎ᠡ ᠳᠤ ᠡᠷᠬᠦᠭᠰᠡᠨ ᠬᠡᠵᠦ ᠶᠠᠷᠢᠳᠠᠭ᠃ ᠬᠤᠨᠢᠨ   ᠤ ᠠᠳᠢᠰ ᠡᠪᠡᠳᠴᠢᠨ ᠭᠠᠷᠬᠤ ᠳᠤ ᠡᠨᠡ  ᠪᠠᠷᠰ ᠤᠨ ᠠᠷᠠᠰᠤ ᠶᠢ ᠨᠦᠮᠦᠷᠴᠦ ᠬᠤᠨᠢ ᠪᠠᠨ ᠦᠷᠬᠦᠭᠡᠪᠡᠯ ᠡᠪᠡᠳᠴᠢᠨ ᠨᠢ ᠠᠷᠢᠯᠳᠠᠭ  ᠪᠤᠯᠬᠤᠷ᠂ ᠵᠠᠷᠢᠮ ᠠᠶᠢᠯ ᠨᠢ ᠡᠬᠦᠨ ᠢ ᠵᠠᠯᠠᠵᠤ ᠠᠪᠠᠴᠢᠭᠠᠳ ᠬᠡᠦᠬᠡᠳ  ᠲᠡᠭᠡᠨ ᠨᠦᠮᠦᠷᠦᠬᠦᠯᠵᠦ  ᠬᠤᠨᠢ ᠰᠦᠷᠦᠭ ᠢᠶᠠᠨ ᠦᠷᠬᠦᠭᠡᠳᠡᠭ ᠭᠡᠨ᠎ᠡ᠃     ᠰᠤᠪᠤᠷᠭᠠᠨ ᠤᠪᠤᠭᠠᠨ ᠤ ᠲᠤᠮᠤᠭ —  ᠮᠠᠯᠠᠭᠠᠢ ᠶᠢᠨ ᠰᠦᠮ᠎ᠡ ᠶᠢᠨ ᠵᠡᠬᠦᠨ ᠤᠪᠤᠭ᠎ᠠ ᠪᠤᠯᠬᠤ  ᠰᠤᠪᠤᠷᠭᠠᠨ ᠤᠪᠤᠭ᠎ᠠ ᠨᠢ ᠠᠭᠳᠠᠨ ᠰᠤᠮᠤᠨ ᠤ ᠤᠪᠤᠭ᠎ᠠ ᠲᠠᠬᠢᠳᠠᠭ ᠪᠤᠯᠤᠨ᠎ᠠ᠃  ᠡᠨᠡ ᠤᠪᠤᠭᠠᠨ ᠤ ᠵᠡᠬᠦᠨ ᠡᠮᠦᠨ᠎ᠡ ᠬᠦᠮᠦᠰᠭᠡ  ᠶᠢᠨ ᠬᠠᠳᠠᠨ ᠲᠡᠭᠡᠷ᠎ᠡ ᠨᠢᠬᠡ ᠯᠠᠭᠤᠰᠠᠨ ᠲᠤᠭᠤᠷᠠᠢ ᠪᠠᠶᠢᠳᠠᠭ  ᠃ ᠡᠬᠦᠨ ᠳᠤ ᠪᠠᠰᠠ ᠬᠤᠶᠠᠷ ᠵᠦᠢᠯ ᠤᠨ ᠤᠯᠠᠮᠵᠢᠯᠠᠯ ᠶᠠᠷᠢᠶ᠎ᠠ ᠪᠠᠶᠢᠳᠠᠭ᠃ ᠨᠢᠬᠡ ᠨᠢ ᠤᠷᠢᠳᠤ ᠴᠠᠭ ᠲᠤ  ᠡᠩᠬᠡ ᠠᠮᠤᠭᠤᠯᠠᠩ ᠬᠠᠭᠠᠨ  ᠯᠠᠭᠤᠰᠠ ᠤᠨᠤᠵᠤ  ᠲᠤᠭᠤᠷᠢᠨ  ᠶᠠᠪᠤᠬᠤ ᠳᠠᠭᠠᠨ ᠬᠠᠳᠠᠨ ᠲᠡᠭᠡᠷ᠎ᠡ ᠬᠢᠰᠬᠢᠭᠰᠡᠨ ᠳᠤ ᠯᠠᠭᠤᠰᠠᠨ ᠲᠤᠭᠤᠷᠠᠢ ᠶᠢᠨ ᠤᠷᠤ ᠨᠢ ᠦᠯᠡᠳᠡᠵᠡᠢ ᠭᠡᠨ᠎ᠡ᠃ ᠨᠦᠬᠦᠭᠡ ᠨᠢ᠂  ᠡᠷᠳᠡ ᠤᠷᠢᠳᠤ ᠴᠠᠭ ᠲᠤ ᠰᠤᠭᠴᠢᠨ ᠤᠮᠽᠤᠨ ᠯᠠᠮᠠ ᠨᠠᠷ ᠲᠠᠢ ᠪᠠᠨ ᠰᠦᠨᠢ ᠠᠮ᠎ᠠ ᠪᠤᠷᠬᠠᠨ ᠢ ᠲᠠᠬᠢᠵᠤ ᠪᠠᠶᠢᠬᠤ ᠳᠤ ᠠᠮ᠎ᠠ ᠪᠤᠷᠬᠠᠨ ᠤᠯᠠᠭᠠᠨ ᠯᠠᠭᠤᠰᠠ ᠪᠠᠨ ᠤᠨᠤᠵᠤ ᠢᠷᠡᠭᠡᠳ ᠲᠡᠬᠦᠨ ᠤ ᠠᠷᠤ ᠳᠤ ᠵᠤᠭᠰᠤᠬᠤ  ᠳᠤ ᠯᠠᠭᠤᠰᠠᠨ ᠤ ᠠᠮᠢᠰᠬᠤᠯ ᠨᠢ ᠲᠡᠬᠦᠨ ᠤ ᠲᠤᠯᠤᠭᠠᠢ ᠶᠢ ᠬᠠᠯᠠᠭᠤᠨ  ᠰᠢᠳᠠᠭᠤᠯᠵᠠᠢ᠂ ᠰᠤᠭᠴᠢᠨ ᠤᠮᠽᠤᠨ ᠬᠤᠷᠠᠯ  ᠢᠶᠠᠨ ᠲᠠᠷᠬᠠᠭᠠᠳ ᠡᠨᠡ  ᠤᠴᠢᠷ ᠢ ᠭᠡᠯᠡᠵᠦ ᠯᠠᠮᠠ ᠨᠠᠷ ᠢᠶᠠᠨ ᠲᠠᠭᠠᠭᠤᠯᠤᠨ᠂ ᠠᠮ᠎ᠠ ᠪᠤᠷᠬᠠᠨ ᠤ ᠢᠷᠡᠭᠰᠡᠨ ᠵᠠᠮ ᠢᠶᠠᠷ ᠬᠠᠶᠢᠵᠤ᠂ ᠠᠭᠳᠠᠨ ᠤᠪᠤᠭᠠᠨ ᠤ ᠵᠡᠬᠦᠨ ᠡᠮᠦᠨ᠎ᠡ ᠬᠦᠮᠦᠰᠭᠡ ᠶᠢᠨ ᠬᠠᠳᠠᠨ ᠲᠡᠭᠡᠷ᠎ᠡ ᠠᠴᠠ ᠯᠠᠭᠤᠰᠠᠨ ᠲᠤᠭᠤᠷᠠᠢ ᠶᠢᠨ ᠤᠷᠤ ᠶᠢ ᠤᠯᠵᠤ ᠠᠪᠴᠠᠢ᠃ ᠲᠠᠭᠠᠵᠤ ᠶᠠᠪᠤᠭᠰᠠᠨ ᠯᠠᠮᠠ ᠨᠠᠷ ︽ᠠᠮ᠎ᠠ ᠪᠤᠷᠬᠠᠨ ᠪᠤᠳᠠ ᠪᠡᠶ᠎ᠡ ᠪᠠᠷ ᠶᠢᠨ ᠤᠯᠠᠭᠠᠨ ᠯᠠᠭᠤᠰᠠ ᠪᠠᠨ ᠤᠨᠤᠵᠤ ᠮᠤᠷᠢᠯᠠᠨ ᠢᠷᠡᠵᠡᠢ︾ ᠬᠡᠮᠡᠨ ᠯᠠᠭᠤᠰᠠᠨ ᠲᠤᠭᠤᠷᠠᠢ ᠳᠤ ᠵᠠᠯᠪᠠᠷᠢᠨ  ᠮᠦᠷᠬᠦᠯ᠎ᠡ ᠭᠡᠳᠡᠭ᠃ ᠬᠢᠷᠠᠬᠠᠢ ᠨᠢᠬᠡᠨ ᠯᠠᠮ᠎ᠠ ᠤᠬᠠᠭᠠᠨ ᠢ ᠨᠢ ᠮᠡᠳᠡᠵᠦ ︽ᠠ᠂ ᠰᠤᠭᠴᠢᠨ ᠭᠤᠸᠠᠢ ᠬᠤᠷᠠᠯ ᠲᠠᠷᠬᠠᠪᠠᠯ ᠤᠪᠤᠭᠠᠨ ᠤ ᠡᠩᠬᠡᠷ ᠢᠶᠠᠷ ᠵᠡᠬᠦᠨ ᠬᠤᠶᠢᠰᠢ ᠶᠠᠪᠤᠳᠠᠭ ᠪᠠᠶᠢᠭᠰᠠᠨ ᠨᠢ ᠡᠶᠢᠮᠦ ᠪᠠᠶᠢᠵᠠᠢ︾  ᠬᠡᠵᠡᠢ᠃  ᠤᠤᠯ ᠨᠢ ᠰᠤᠭᠴᠢᠨ ᠤᠮᠽᠤᠨ ᠡᠨᠡᠬᠦ  ᠯᠠᠭᠤᠰᠠᠨ ᠲᠤᠭᠤᠷᠠᠢ ᠶᠢ ᠬᠠᠳᠠᠨ ᠲᠡᠭᠡᠷ᠎ᠡ  ᠰᠡᠶᠢᠯᠪᠦᠷᠢᠯᠡᠭᠰᠡᠨ ᠶᠤᠮ ᠬᠡᠨ᠎ᠡ᠃      ᠪᠠᠶᠠᠨ ᠴᠠᠭᠠᠨ ᠨᠠᠭᠤᠷ  —  ᠪᠠᠶᠠᠨ ᠴᠠᠭᠠᠨ ᠨᠠᠭᠤᠷ ᠪᠤᠯ ᠬᠠᠰᠢᠶᠠᠳᠤ ᠨᠠᠭᠤᠷ ᠲᠠᠢ  ᠵᠠᠯᠭᠠᠯᠳᠤᠨ᠂ ᠤᠰᠤ  ᠪᠠᠷ ᠪᠠᠶᠠᠨ ᠢᠶᠠᠨ ᠭᠠᠶᠢᠬᠠᠭᠤᠯᠳᠠᠭ ᠠᠴᠠ ᠪᠠᠶᠠᠨ ᠴᠠᠭᠠᠨ ᠭᠡᠵᠦ ᠨᠡᠷᠡᠶᠢᠳᠦᠭᠰᠡᠨ ᠭᠡᠨ᠎ᠡ᠃ ᠤᠷᠢᠳᠤ ᠶᠢᠨ ᠬᠦᠮᠦᠰ ᠡᠨᠡ ᠨᠠᠭᠤᠷ ᠢ ᠬᠦᠯ ᠦᠬᠡᠢ ᠬᠦᠨ ᠨᠠᠭᠤᠷ ᠬᠡᠵᠦ ᠰᠦᠷᠳᠡᠳᠡᠭ  ᠃  ᠮᠦᠨ  ᠡᠨᠡ ᠨᠠᠭᠤᠷ ᠲᠤ ᠤᠷᠢᠳᠤ ᠳᠠᠭᠠᠨ ᠦᠨᠳᠦᠷ ᠤᠷᠳᠤ ᠪᠡᠶ᠎ᠡ ᠲᠠᠢ᠂ ᠬᠢᠯᠳᠤᠭᠠᠨᠠᠭᠰᠠᠨ ᠬᠠᠷ᠎ᠠ ᠦᠰᠦᠳᠡᠢ ᠤᠰᠤᠨ ᠬᠠᠷ᠎ᠠ ᠦᠬᠡᠷ ᠲᠠᠢ ᠪᠠᠶᠢᠵᠤ᠂  ᠦᠷᠯᠦᠬᠡ ᠦᠳᠡᠰᠢ ᠨᠢ ᠤᠰᠤᠨ ᠠᠴᠠ ᠪᠠᠨ ᠭᠠᠷᠴᠤ ᠢᠷᠡᠭᠡᠳ ᠮᠦᠭᠡᠷᠡᠬᠦ ᠨᠢ  ᠬᠡᠳᠦᠨ ᠠᠷᠪᠠᠨ ᠭᠠᠵᠠᠷ ᠤᠨ  ᠴᠠᠭᠠᠨ᠎ᠠ ᠰᠤᠨᠤᠰᠳᠠᠳᠠᠭ  ᠪᠦᠬᠡᠳ ᠬᠠᠶᠠ ᠭᠠᠷᠴᠤ ᠢᠷᠡᠭᠡᠳ ᠠᠶᠢᠯ ᠤᠨ ᠦᠬᠡᠷ ᠤᠨ ᠰᠦᠷᠦᠭ ᠲᠤ  ᠨᠡᠶᠢᠯᠡᠵᠦ ᠲᠤᠭᠯᠠᠨ ᠨᠠᠭᠠᠳᠤᠳᠠᠭ ᠠᠴᠠ ᠡᠨᠡ ᠨᠤᠳᠤᠭ ᠲᠤ ᠦᠬᠡᠷ ᠰᠠᠶᠢᠨ ᠦᠰᠳᠡᠭ ᠮᠦᠷᠳᠡᠭᠡᠨ ᠡᠬᠦᠯᠳᠡᠷ ᠤᠬᠰᠠᠭ᠎ᠠ ᠨᠢ ᠴᠤ ᠰᠠᠶᠢᠨ ᠪᠠᠶᠢᠳᠠᠭ ᠬᠡᠨ᠎ᠡ᠃  ᠶᠠᠫᠤᠨ ᠡᠵᠡᠯᠡᠵᠦ ᠪᠠᠶᠢᠬᠤ ᠳᠠᠭᠠᠨ ᠪᠠᠶᠠᠨ ᠴᠠᠭᠠᠨ ᠨᠠᠭᠤᠷ ᠲᠤ ᠮᠤᠲ᠋ᠤᠷᠳᠤ ᠤᠩᠭᠤᠴᠠ  ᠲᠠᠯᠪᠢᠵᠤ᠂ ᠤᠰᠤᠨ ᠬᠠᠷ᠎ᠠ ᠦᠬᠡᠷ ᠢ ᠪᠠᠷᠢᠬᠤ ᠪᠠᠷ ᠤᠷᠤᠯᠳᠤᠭᠰᠠᠨ ᠠᠴᠠ  ᠪᠤᠯᠵᠤ᠂ ᠦᠨᠦ ᠤᠰᠤᠨ ᠦᠬᠡᠷ ᠤᠨ ᠪᠠᠷ᠎ᠠ ᠰᠤᠷᠠᠭ ᠲᠠᠰᠤᠷᠠᠭᠰᠠᠨ  ᠬᠡᠵᠦ ᠶᠠᠷᠢᠯᠴᠠᠳᠠᠭ᠃      ᠪᠠᠶᠠᠨ ᠴᠠᠭᠠᠨ  ᠬᠠᠶᠢᠷᠬᠠᠨ  —  ᠪᠠᠰᠠ ᠦᠬᠢᠨ ᠬᠠᠳᠠ ᠭᠡᠳᠡᠭ᠃ ᠲᠤᠮᠤᠭ ᠶᠠᠷᠢᠶᠠᠨ ᠳᠤ  ᠪᠠᠶᠠᠨ ᠴᠠᠭᠠᠨ ᠬᠠᠶᠢᠷᠬᠠᠨ ᠪᠤᠯᠤᠨ ᠢᠷᠤᠭᠠᠯ ᠬᠠᠶᠢᠷᠬᠠᠨ ︵ ᠤᠳᠤᠬᠢ ᠾᠧᠪᠸᠢ ᠮᠤᠵᠢ ᠶᠢᠨ 半拉山) ᠪᠤᠯ ᠤᠤᠯ ᠨᠢ ᠨᠢᠬᠡ ᠠᠭᠤᠯᠠ  ᠪᠠᠶᠢᠯ᠎ᠠ  ᠭᠡᠳᠡᠭ᠃ ᠰᠡᠬᠦᠯᠡᠷ ᠨᠢ ᠪᠤᠭᠳᠠ ᠡᠵᠡᠨ ᠴᠢᠩᠬᠢᠰ ᠬᠠᠭᠠᠨ ᠠᠶᠠᠨ ᠲᠠᠶᠢᠨ ᠳᠤ  ᠶᠠᠪᠤᠵᠤ ᠪᠠᠶᠢᠭᠠᠳ ᠡᠷᠳᠡᠨᠢ ᠶᠢᠨ ᠰᠡᠯᠡᠮ᠎ᠡ   ᠶᠢᠨ ᠢᠶᠠᠨ ᠢᠷ ᠢ ᠦᠵᠡᠬᠦ ᠬᠡᠵᠦ ᠡᠨᠡ ᠠᠭᠤᠯᠠ   ᠶᠢ ᠭᠤᠤᠯ   ᠢᠶᠠᠷ ᠨᠢ ᠨᠢᠬᠡᠯᠡ ᠴᠠᠪᠴᠢᠭᠰᠠᠨ ᠳᠤ ᠨᠢᠬᠡ ᠬᠡᠰᠡᠭ ᠨᠢ ᠪᠠᠶᠠᠨ ᠴᠠᠭᠠᠨ ᠨᠠᠭᠤᠷ ᠤᠨ ᠬᠦᠪᠡᠭᠡᠨ ᠳᠤ ᠲᠤᠭᠳᠠᠵᠤ ᠬᠡᠨ᠎ᠡ᠃  ᠨᠦᠬᠦᠬᠡ ᠨᠢᠬᠡ ᠶᠠᠷᠢᠶ᠎ᠠ ᠨᠢ᠂ ᠡᠷᠳᠡ ᠤᠷᠢᠳᠤ ᠴᠠᠭ ᠲᠤ ᠴᠢᠩᠬᠢᠰ ᠪᠤᠭᠳᠠ ᠠᠯᠳᠠᠨ ᠤᠯᠤᠰ ᠢ ᠲᠠᠶᠢᠯᠠᠬᠤ  ᠠᠶᠠᠨ ᠵᠠᠮ ᠳᠤ ᠡᠷᠳᠡᠨᠢ ᠶᠢᠨ ᠬᠦᠯᠦᠭ ᠨᠢ ᠨᠢᠬᠡ ᠡᠳᠦᠷ ᠭᠠᠵᠠᠷᠯᠠᠭᠠᠳ ᠶᠠᠪᠤᠴᠢᠬᠠᠵᠠᠢ᠂ ᠪᠤᠭᠳᠠ ᠡᠵᠡᠨ  ᠡᠷᠳᠡᠨᠢ   ᠶᠢᠨ ᠬᠦᠯᠦᠭ  ᠢᠶᠠᠨ ᠡᠷᠢᠵᠦ  ᠶᠠᠪᠤᠳᠠᠯ᠎ᠠ ᠡᠮᠦᠨ᠎ᠡ ᠨᠢ ᠨᠢᠬᠡ ᠶᠡᠭᠡ ᠠᠭᠤᠯᠠ ᠬᠦᠨᠳᠡᠯᠢᠰᠦᠭᠡᠳ᠂ ᠬᠤᠯᠠ ᠶᠢᠨ ᠪᠠᠷ᠎ᠠ ᠦᠵᠡᠭᠳᠡᠵᠦ ᠦᠭᠬᠦ ᠦᠬᠡᠢ  ᠶᠡᠭᠡ ᠵᠤᠪᠠᠭᠠᠭᠰᠠᠨ ᠪᠠᠶᠢᠨ᠎ᠠ᠂ ᠬᠠᠷᠠᠵᠤ ᠴᠦᠬᠦᠭᠡᠳ ᠠᠭᠤᠷ ᠨᠢ ᠬᠦᠷᠴᠦ  ᠂ ᠡᠷᠳᠡᠨᠢ ᠶᠢᠨ ᠰᠡᠯᠡᠮ᠎ᠡ  ᠪᠠᠨ ᠰᠤᠭᠤᠯᠤᠨ  ᠲᠡᠷᠡ ᠶᠡᠭᠡ ᠠᠭᠤᠯᠠ   ᠶᠢ  ᠭᠤᠤᠯ ᠢᠶᠠᠷ ᠨᠢ ᠲᠠᠰᠤ ᠴᠪᠴᠢᠵᠤ᠂  ᠬᠠᠭᠠᠰ ᠢ ᠨᠢ ᠰᠢᠳᠡᠵᠦ ᠶᠠᠪᠤᠭᠤᠯᠤᠭᠰᠠᠨ ᠳᠤ  ᠦᠨᠦ ᠬᠠᠭᠠᠰ ᠠᠭᠤᠯᠠ   ᠨᠢ ᠤᠷᠳᠤ ᠨᠠᠭᠤᠷ ᠤᠨ ᠪᠠᠷᠠᠭᠤᠨ ᠡᠷᠬᠢᠨ᠎ᠡ ᠤᠨᠠᠨ ᠲᠤᠭᠳᠠᠵᠤ᠂ ᠦᠯᠡᠳᠡᠭᠰᠡᠨ ᠬᠠᠭᠠᠰ ᠨᠢ ᠪᠠᠶᠠᠨ ᠴᠠᠭᠠᠨ ᠨᠠᠭᠤᠷ ᠤᠨ ᠢᠶᠠᠨ ᠬᠦᠪᠡᠭᠡᠨ ᠳᠤ ᠰᠡᠬᠦᠶᠢᠨ᠂ ᠡᠨᠡ ᠨᠤᠳᠤᠭ ᠤᠨ ᠢᠶᠠᠨ ᠭᠠᠶᠢᠬᠠᠮᠰᠢᠭᠳᠤ ᠨᠢᠬᠡᠨ ᠦᠵᠡᠮᠵᠢ ᠪᠤᠯᠵᠤ ᠬᠤᠴᠤᠷᠴᠠᠢ ᠭᠡᠳᠡᠭ᠃  ᠬᠤᠶᠠᠷ ᠠᠭᠤᠯᠠ  ᠦᠨᠡᠬᠡᠷ ᠦᠨᠳᠦᠷ ᠪᠤᠭᠤᠨᠢ᠂ ᠭᠡᠯᠪᠡᠷᠢ ᠮᠠᠶ᠋ᠢᠭ ᠢᠶᠠᠷ ᠢᠶᠠᠨ ᠪᠦᠷ ᠲᠦᠰᠳᠡᠢ ᠪᠠᠶᠢᠵᠤ᠂ ᠨᠢᠬᠡ ᠲᠠᠯ᠎ᠠ ᠨᠢ  ᠴᠠᠪᠴᠢᠭᠰᠠᠨ ᠮᠡᠳᠦ ᠡᠭᠴᠡ ᠪᠤᠰᠤᠭ᠎ᠠ  ᠬᠠᠳᠠ ᠪᠠᠶᠢᠳᠠᠭ᠃  ᠬᠤᠵᠢᠮ ᠨᠢ ᠬᠢᠳᠠᠳ ᠬᠦᠮᠦᠰ ᠲᠡᠬᠦᠨ ᠢ ᠬᠠᠭᠠᠰ ᠠᠭᠤᠯᠠ ᠪᠤᠶᠤ ᠠᠪᠰᠠ ᠠᠭᠤᠯᠠ ᠬᠡᠵᠦ ᠲᠠᠭᠤᠳᠠᠳᠠᠭ ᠲᠤᠨᠢ ᠨᠤᠳᠤᠭ ᠤᠨ ᠮᠠᠯᠴᠢᠳ ᠮᠠᠰᠢ ᠲᠤᠷ᠎ᠠ ᠦᠬᠡᠶᠢᠴᠡᠳᠡᠭ ᠶᠤᠮ᠃      ᠸᠠᠰᠠ — ᠮᠠᠯᠠᠭᠠᠢ ᠶᠢᠨ ᠰᠦᠮ᠎ᠡ ᠶᠢᠨ ᠶᠠᠷᠨᠠᠢ ᠤᠪᠤᠭᠠᠨ ᠠᠴᠠ ᠡᠮᠦᠨ᠎ᠡ ᠲᠠᠪᠤᠨ ᠭᠠᠵᠠᠷ ᠲᠤ ᠪᠠᠶᠢᠭ᠎ᠠ ᠲᠤᠪᠤᠴᠠᠭ ᠢ ᠬᠦᠨᠪᠤᠯᠠᠭ ᠤᠨ ᠬᠢᠨ ᠸᠠᠰᠠ ᠭᠡᠳᠡᠭ᠃  ᠪᠠᠳᠠᠷᠠᠭᠤᠯᠳᠤ ᠲᠦᠷᠦ ᠶᠢᠨ ᠦᠶᠡᠰ᠂ ᠸᠠᠰᠠ ᠶᠢᠨ ᠡᠩᠬᠡᠷ  ᠲᠤ ︽ᠬᠤᠶᠠᠷ ᠭᠠᠷ ᠢ ᠶᠡᠷᠦᠩᠬᠡᠶᠢᠯᠡᠨ ᠵᠠᠬᠢᠷᠬᠤ ᠨᠡᠶᠢᠳᠡ ᠶᠢᠨ ᠲᠠᠷᠤᠭ᠎ᠠ ᠶᠢᠨ ᠶᠠᠮᠤᠨ︾ ᠢ  ᠪᠠᠶᠢᠭᠤᠯᠵᠤ᠂ ᠡᠷᠬᠢᠨ ᠲᠤᠭᠤᠷᠢᠨ ᠦᠨᠳᠦᠷ ᠭᠡᠷᠡᠮ ᠴᠤᠭᠴᠠᠯᠠᠨ᠂ ᠸᠠᠭᠠᠷ ᠲᠤᠭᠤᠰᠬᠠᠨ ᠪᠦᠳᠦᠴᠡ ᠲᠠᠢ ᠭᠡᠷ ᠪᠠᠶᠢᠰᠢᠩ ᠪᠠᠷᠢᠭᠰᠠᠨ ᠪᠠᠶᠢᠵᠠᠢ ᠃ ᠬᠦᠷᠢᠶᠡᠨ ᠤ ᠡᠷᠬᠢᠨ ᠲᠤᠭᠤᠷᠢᠨ ᠳᠤ ᠲᠠᠪᠬᠤᠷ ᠲᠠᠪᠬᠤᠷ ᠮᠤᠳᠤ ᠲᠠᠷᠢᠭᠰᠠᠨ ᠢᠶᠠᠷ ᠨᠤᠭᠤᠭᠠᠷᠠᠨ ᠬᠦᠭᠡᠷᠴᠦ᠂ ᠶᠠᠭ ᠨᠢᠬᠡᠨ ᠭᠡᠰᠡᠭ ᠰᠢᠭᠤᠢ ᠰᠢᠭ ᠬᠠᠷᠠᠭᠳᠠᠳᠠᠭ ᠭᠡᠨ᠎ᠡ᠃  ᠪᠠᠰᠠ ᠮᠠᠨᠵᠤ ᠶᠢᠨ ᠴᠡᠷᠢᠭ ᠤᠨ ᠠᠬᠳᠠ ᠮᠠᠯᠵᠢᠬᠤ ᠲᠠᠯᠠᠪᠠᠢ  ᠪᠠᠨ ᠪᠤᠯᠭᠠᠵᠤ᠂ ᠶᠠᠮᠤᠨ ᠲᠡᠭᠡᠷ᠎ᠡ ᠴᠡᠷᠢᠭ ᠰᠠᠭᠤᠯᠭᠠᠨ᠂ ᠠᠭᠳᠠ  ᠮᠠᠯᠵᠢᠬᠤ ᠫᠧᠩ ᠬᠤᠷᠤᠭ᠎ᠠ ᠪᠠᠷᠢᠵᠤ᠂ ᠰᠠᠶᠢᠨ ᠡᠬᠦᠯᠳᠡᠷ ᠤᠨ ᠠᠵᠢᠷᠭ᠎ᠠ ᠤᠷᠤᠭᠤᠯᠤᠨ᠂ ᠡᠬᠦᠯᠳᠡᠷ ᠰᠠᠶᠢᠵᠢᠷᠠᠭᠤᠯᠬᠤ ᠠᠵᠢᠯ ᠬᠢᠭᠰᠡᠨ ᠪᠤᠯᠪᠠᠴᠤ ᠠᠵᠢᠷᠭ᠎ᠠ ᠨᠢ ᠡᠪᠦᠯ  ᠤᠨ ᠬᠦᠢᠳᠡᠨ ᠳᠤ ᠬᠦᠯᠳᠡᠵᠦ ᠦᠬᠦᠭᠡᠳ ᠠᠵᠢᠯ ᠨᠢ ᠶᠠᠪᠤᠭᠳᠠᠵᠤ ᠲᠡᠶᠢᠯᠦᠭᠰᠡᠨ ᠦᠬᠡᠢ ᠭᠡᠳᠡᠭ᠃  ᠰᠡᠬᠦᠯ ᠳᠤᠨᠢ ᠶᠠᠮᠤᠨ ᠤ ᠭᠡᠷ ᠬᠦᠷᠢᠶ᠎ᠡ ᠶᠢ ᠰᠡᠯᠪᠢᠨ ᠵᠠᠰᠠᠵᠤ᠂ ᠲᠠᠶᠢᠹᠤᠰᠧ ᠵᠡᠬᠦᠨ ᠭᠠᠷ ᠤᠨ ᠬᠠᠮᠤᠭ ᠠᠩᠬᠠᠳᠤᠭᠴᠢ ᠤᠯᠤᠰ ᠠᠷᠠᠳ ᠤᠨ ᠰᠤᠷᠭᠠᠭᠤᠯᠢ ᠶᠢ ᠪᠠᠶᠢᠭᠤᠯᠵᠠᠢ᠃     ᠬᠦᠯᠦ ᠬᠦᠬᠡ ᠶᠢᠨ ᠪᠤᠭᠳᠠ  — ᠠᠮᠠᠨ ᠶᠠᠷᠢᠶᠠᠨ ᠳᠤ ᠬᠦᠯᠦ ᠬᠦᠭᠡ   ᠶᠢᠨ ᠪᠤᠭᠳᠠ ᠪᠤᠯ ᠡᠵᠡᠨ ᠴᠢᠩᠬᠢᠰ  ᠤᠨ  ᠭᠡᠬᠦᠦ ᠰᠠᠭᠠᠵᠤ ᠪᠠᠶᠢᠭᠰᠠᠨ ᠭᠠᠵᠠᠷ ᠬᠡᠵᠦ ᠭᠡᠯᠡᠯᠴᠡᠳᠡᠭ᠃ ᠬᠦᠯᠦ ᠬᠦᠭᠡ ᠶᠢᠨ ᠪᠤᠭᠳᠠ ᠶᠢᠨ ᠪᠠᠶᠢᠷᠢᠰᠢᠯ ᠨᠢ ᠨᠡᠯᠢᠶᠡᠳ ᠦᠨᠳᠦᠷ᠂ ᠤᠷᠤᠢ ᠨᠢ ᠡᠬᠦᠯᠡᠨ ᠳᠤ  ᠰᠢᠷᠭᠤᠵᠤ ᠪᠠᠯ ᠢᠶᠠᠷ ᠨᠢ ᠮᠠᠨᠠᠨ ᠲᠤᠨᠤᠷᠠᠨ᠎ᠠ᠃ ︽ᠬᠦᠯᠦ ᠬᠦᠭᠡ  ᠶᠢᠨ ᠪᠤᠭᠳᠠ ᠶᠢᠨ ᠮᠠᠨᠠᠨ ᠲᠡᠭᠡᠭᠰᠢᠯᠡᠪᠡᠯ ᠨᠠᠷᠠᠨ ᠭᠠᠷᠴᠤ᠂ ᠲᠤᠷᠤᠭᠰᠢᠯᠠᠪᠠᠯ ᠪᠤᠷᠤᠭᠠᠨ ᠤᠷᠤᠨ᠎ᠠ︾ ᠭᠡᠵᠦ ᠨᠤᠳᠤᠭ  ᠤᠨ ᠮᠠᠯᠴᠢᠳ ᠶᠡᠭᠡ ᠰᠦᠵᠢᠭᠳᠡᠢ ᠶᠠᠷᠢᠳᠠᠭ᠃ ᠬᠦᠯᠦ ᠬᠦᠭᠡ ᠶᠢᠨ ᠪᠤᠭᠳᠠ ᠳᠤ ᠵᠡᠬᠦᠨ ᠪᠠᠷᠠᠭᠤᠨ ᠬᠤᠶᠠᠷ ᠤᠪᠤᠭ᠎ᠠ  ᠲᠠᠢ᠂ ᠤᠪᠤᠭ᠎ᠠ ᠪᠦᠷᠢ ᠶᠢᠨ ᠤᠷᠤᠢ ᠲᠡᠭᠡᠷ᠎ᠡ ᠮᠤᠷᠢᠨ ᠲᠤᠭᠤᠷᠠᠢ ᠶᠢᠨ ᠤᠷᠤᠮ ᠰᠢᠭ᠋ ᠵᠢᠵᠢᠭ ᠴᠤᠩᠬᠢᠶᠠᠯ ᠲᠠᠢ ᠴᠢᠯᠠᠭᠤ ᠪᠤᠢ᠂ ᠡᠬᠦᠨ ᠢ ᠮᠦᠨ ︽ᠪᠤᠭᠳᠠ ᠴᠢᠩᠬᠢᠰ ᠤᠨ ᠮᠤᠷᠢᠨ ᠲᠤᠭᠤᠷᠠᠢ ᠶᠢᠨ ᠤᠷᠤᠮ  ︾  ᠭᠡᠳᠡᠭ᠃ ᠤᠪᠤᠭ᠎ᠠ ᠪᠦᠷᠢ ᠳᠤ ᠨᠢᠬᠡᠨ ᠲᠤᠮᠤ ᠤᠷᠭᠤᠭ᠎ᠠ ᠬᠠᠶᠢᠯᠠᠰᠤ ᠪᠤᠢ᠂ ᠡᠬᠦᠨ ᠢ ︽ᠵᠡᠬᠦᠨ ᠭᠠᠭᠴᠠ ᠮᠤᠳᠤ︾ ᠪᠠ ︽ᠪᠠᠷᠠᠭᠤᠨ ᠭᠠᠭᠴᠠ ᠮᠤᠳᠤ︾ ᠬᠡᠳᠡᠭ ᠪᠦᠬᠡᠳ ᠪᠤᠭᠳᠠ ᠡᠵᠡᠨ ᠤ ᠬᠡᠬᠦᠦ ᠶᠢᠨ ᠵᠡᠯ᠎ᠡ ᠶᠢᠨ ᠬᠤᠶᠠᠷ ᠦᠵᠦᠬᠦᠷ ᠤᠨ ᠭᠠᠳᠠᠰᠤ ᠭᠡᠳᠡᠭ᠃     ᠫᠤᠤᠲᠠᠶᠢᠶ᠋ᠢᠩᠽᠢ — ᠫᠤᠤᠲᠠᠶᠢᠶ᠋ᠢᠩᠽᠢ ᠪᠤᠯ ᠤᠳᠤᠬᠢ ᠬᠦᠨᠪᠤᠯᠠᠭ ᠰᠤᠮᠤᠨ ᠤ ᠲᠦᠪ᠃ 1935 ᠤᠨ ᠠᠴᠠ ᠲᠠᠶᠢᠹᠤᠰᠧ  ᠵᠡᠬᠦᠨ ᠭᠠᠷ ᠬᠤᠰᠢᠭᠤᠨ ᠤ ᠲᠦᠪ ᠪᠠᠶᠢᠵᠤ᠂ 1941 ᠤᠨ ᠳᠤ  ᠬᠤᠰᠢᠭᠤ ᠵᠠᠰᠠᠭ ᠤᠨ ᠭᠡᠷ ᠬᠦᠷᠢᠶ᠎ᠡ ᠶᠢ ᠪᠠᠶᠢᠭᠤᠯᠤᠨ᠂ ᠦᠨᠳᠦᠷ ᠭᠡᠷᠡᠮ᠂ ᠤᠨᠠᠭᠤᠯᠢ ᠭᠤᠤ ᠪᠠᠷ  ᠬᠦᠷᠢᠶᠡᠯᠡᠵᠦ  ᠂ ᠪᠠᠳᠤ ᠪᠠᠬᠢ ᠡᠬᠦᠳᠡ ᠬᠠᠭᠠᠯᠭ᠎ᠠ ᠲᠤᠬᠢᠷᠠᠭᠤᠯᠤᠨ᠂ ᠲᠦᠷᠪᠡᠨ ᠦᠨᠴᠦᠭ ᠲᠤᠨᠢ  ᠫᠤᠤᠲ᠋ᠠᠢ ᠪᠠᠷᠢᠵᠠᠢ᠃  1935 ᠤᠨ ᠳᠤ ᠰᠡᠷᠡᠩᠨᠠᠮᠵᠢᠯ ᠠᠮᠪᠠᠨ ᠲᠠᠶᠢᠹᠤᠰᠧ ᠵᠡᠬᠦᠨ ᠭᠠᠷ ᠬᠤᠰᠢᠭᠤᠨ ᠳᠤ ᠠᠮᠪᠠᠨ  ᠰᠠᠭᠤᠭᠰᠠᠨ ᠤ ᠲᠠᠷᠠᠭ᠎ᠠ  ᠨᠢᠬᠡ  ᠬᠤᠪᠢᠯᠭᠠᠨ ᠯᠠᠮᠠ ᠲᠡᠳᠡᠨ ᠤ ᠪᠠᠷ ᠵᠠᠯᠠᠷᠠᠨ ᠪᠠᠭᠤᠬᠤ ᠳᠤ  ᠵᠡᠷᠭᠡ ᠭᠡᠷᠭᠡᠮ᠂ ᠨᠡᠷ᠎ᠡ ᠠᠯᠳᠠᠷ ᠢᠶᠠᠨ ᠮᠠᠨᠳᠤᠭᠤᠯᠬᠤ ᠲᠤᠬᠠᠢ ᠠᠮᠪᠠᠨ ᠭᠤᠸᠠᠢ ᠬᠤᠪᠢᠯᠭᠠᠨ ᠯᠠᠮᠠ ᠠᠴᠠ ᠠᠪᠤᠷᠠᠯ  ᠬᠦᠰᠡᠭᠰᠡᠨ  ᠭᠡᠨ᠎ᠡ᠂  ᠲᠡᠭᠡᠬᠦ ᠳᠤ  ᠬᠤᠪᠢᠯᠭᠠᠨ ᠯᠠᠮᠠ   ᠠᠴᠠ ︽ᠡᠷᠬᠢᠮ ᠠᠮᠪᠠᠨᠳᠠᠨ ᠲᠠᠭᠳᠤ ᠪᠠᠶᠢᠭᠤᠯᠪᠠᠰᠤ ᠬᠦᠰᠡᠭᠰᠡᠨ ᠬᠦᠰᠡᠯ ᠶᠤᠰᠤᠴᠢᠯᠠᠨ ᠪᠦᠳᠦᠮᠤᠢ︾ ᠭᠡᠵᠦ ᠰᠤᠷᠭᠠᠯ ᠬᠠᠶᠢᠷᠠᠯᠠᠵᠠᠢ᠃ ᠠᠮᠪᠠᠨ ᠡᠨᠡ  ᠦᠬᠡᠨ ᠤ ᠤᠳᠬ᠎ᠠ ᠤᠴᠢᠷ ᠢ ᠤᠶᠢᠯᠠᠭᠠᠭᠰᠠᠨ ᠦᠬᠡᠢ ᠲᠤᠯᠠ  ᠬᠤᠰᠢᠭᠤᠨ ᠤ ᠪᠠᠨ ᠠᠯᠪᠠᠨ ᠲᠤᠰᠢᠶᠠᠯᠳᠠᠨ᠂  ᠲᠠᠪᠤᠨ ᠰᠤᠮᠤᠨ ᠤ ᠵᠠᠩᠬᠢ ᠪᠠ ᠬᠡᠷᠭᠡᠮᠳᠡᠨ  ᠯᠠᠮᠠᠳᠠᠨ ᠨᠠᠷ ᠢ ᠴᠤᠭᠯᠠᠭᠤᠯᠵᠤ  ᠵᠦᠪᠳᠡᠨ ᠶᠠᠷᠢᠯᠴᠠᠭᠰᠠᠨ ᠳᠤ  ᠰᠤᠪᠤᠷᠭ᠎ᠠ ᠪᠠᠶᠢᠭᠤᠯᠪᠠᠯ ᠰᠠᠶᠢᠨ ᠭᠡᠳᠡᠯ᠎ᠡ ᠠᠰᠠᠷ ᠲᠠᠭᠳᠤ ᠪᠠᠶᠢᠭᠤᠯᠪᠠᠯ ᠵᠦᠬᠡᠷ ᠬᠡᠵᠦ ᠡᠯᠳᠡᠪ  ᠢᠶᠠᠷ ᠶᠠᠷᠢᠯᠴᠠᠭᠰᠠᠨ ᠪᠠᠶᠢᠪᠠ᠃  ᠰᠡᠬᠦᠯ ᠳᠤᠨᠢ ︽ᠠᠮᠪᠠᠨ ᠤ ᠭᠡᠷ ᠤᠨ ᠡᠷᠬᠢᠨ ᠲᠤᠭᠤᠷᠢᠨ ᠬᠦᠪᠴᠢᠭ ᠰᠢᠷᠡᠭᠡ ᠪᠠᠷ ᠬᠦᠷᠢᠶᠡᠯᠡᠭᠳᠡᠵᠦ᠂ ᠭᠠᠵᠠᠷ ᠤᠨ ᠪᠠᠶᠢᠴᠠ ᠲᠤᠤᠷ᠎ᠠ ᠪᠤᠯᠤᠭᠰᠠᠨ ᠲᠤᠯᠠ ᠦᠨᠳᠦᠷ ᠲᠡᠭᠡᠷ᠎ᠡ ᠠᠴᠠ ᠠᠯᠤᠰ ᠢ ᠪᠠᠷᠠᠯᠠᠵᠤ ᠴᠢᠳᠠᠬᠤ ᠪᠠᠷᠢᠯᠭ᠎ᠠ ᠪᠠᠷᠢᠬᠤ ᠭᠡᠷᠡᠭᠳᠡᠢ ᠪᠠᠶᠢᠯᠬᠦᠢ︾ ᠬᠡᠮᠡᠬᠦ ᠰᠠᠨᠠᠭᠤᠯᠭ᠎ᠠ   ᠶᠢ ᠵᠦᠪᠰᠢᠶᠡᠷᠡᠵᠦ᠂  ᠭᠡᠷ ᠤᠨ ᠬᠠᠵᠠᠭᠤ  ᠳᠤ ᠰᠢᠪᠠᠷ ᠫᠤᠤᠲ᠋ᠠᠢ ᠴᠤᠭᠴᠠᠯᠠᠪᠠᠯ ᠠᠰᠠᠷ ᠲᠠᠭᠳᠤ ᠰᠢᠭ ᠪᠤᠯᠬᠤ ᠪᠦᠭᠡᠳ ᠲᠡᠭᠡᠷ᠎ᠡ ᠲᠠᠪᠬᠤᠷᠭ᠎ᠠ ᠠᠴᠠ ᠨᠢ ᠡᠷᠬᠢᠨ ᠲᠤᠭᠤᠷᠢᠨ ᠤ ᠠᠷᠪᠠᠭᠠᠳ ᠭᠠᠵᠠᠷ ᠢ ᠠᠵᠢᠭᠯᠠᠨ ᠪᠠᠷᠠᠯᠠᠵᠤ ᠴᠢᠳᠠᠨ᠎ᠠ ᠬᠡᠮᠡᠨ  ᠫᠤᠤᠲ᠋ᠠᠢ ᠪᠠᠶᠢᠭᠤᠯᠬᠤ ᠲᠡᠭᠡᠷ᠎ᠡ ᠦᠵᠡᠯᠳᠡ  ᠨᠢᠭᠡᠳᠴᠡᠢ᠃ ᠡᠶᠢᠨᠬᠦ ᠭᠤᠷᠪᠠᠨ ᠲᠠᠪᠬᠤᠷ ᠦᠨᠳᠦᠷ ᠢᠶᠠᠷ ᠢᠶᠠᠨ ᠠᠷᠪᠠᠭᠠᠳ ᠮᠧᠲᠷ  ᠬᠠᠷᠠᠭᠤᠯ ᠤᠨ ᠫᠤᠤᠲ᠋ᠠᠢ ᠶᠢ  ᠪᠠᠶᠢᠭᠤᠯᠤᠭᠠᠳ᠂ ᠲᠤᠮᠳᠠ ᠲᠠᠪᠬᠤᠷᠭ᠎ᠠ ᠳᠤᠨᠢ ᠬᠦᠮᠦᠨ ᠰᠠᠭᠤᠵᠤ᠂ ᠲᠡᠭᠡᠷ᠎ᠡ ᠲᠠᠪᠬᠤᠷᠭ᠎ᠠ ᠠᠴᠠ ᠨᠢ ᠠᠯᠤᠰ ᠢ  ᠪᠠᠷᠠᠯᠠᠵᠤ ᠪᠤᠯᠬᠤ ᠪᠦᠬᠡᠳ ᠬᠠᠮᠤᠭ ᠲᠡᠭᠡᠷ᠎ᠡ ᠨᠢ ᠨᠢᠬᠡ ᠬᠦᠮᠦᠨ ᠵᠤᠭᠰᠤᠵᠤ ᠪᠤᠯᠤᠮᠠᠷ  ᠰᠢᠯᠦᠨ ᠴᠤᠩᠬᠤ  ᠲᠠᠢ ᠮᠤᠳᠤᠨ ᠲᠢᠩᠬᠢᠮ ᠪᠠᠶᠢᠭᠤᠯᠵᠠᠢ᠃     ᠬᠠᠰᠢᠶᠠᠳᠤ ᠭᠠᠴᠠᠭ᠎ᠠ —  ᠨᠠᠰᠤᠳᠠᠶᠢᠴᠤᠳ ᠤᠨ ᠶᠠᠷᠢᠬᠤ ᠪᠠᠷ ᠡᠨᠡ ᠨᠤᠳᠤᠭ ᠲᠤ ᠠᠩᠬ᠎ᠠ ᠨᠤᠳᠤᠭᠯᠠᠭᠰᠠᠨ ᠮᠠᠯᠴᠢᠳ  ᠨᠢᠬᠡ ᠲᠤᠮᠤ ᠨᠠᠭᠤᠷ ᠤᠨ ᠬᠤᠶᠢᠳᠤ ᠬᠦᠪᠡᠭᠡ ᠶᠢ ᠲᠠᠭᠠᠵᠤ ᠪᠠᠭᠤᠭᠰᠠᠨ ᠪᠠᠶᠢᠵᠠᠢ᠃ ᠲᠡᠷᠡ  ᠦᠶᠡᠰ  ᠡᠨᠡᠬᠦ ᠨᠠᠭᠤᠷ ᠨᠢ ᠬᠠᠯᠬᠢᠯᠠᠵᠤ ᠴᠠᠯᠬᠢᠯᠠᠭᠰᠠᠨ ᠲᠤᠮᠤ ᠨᠠᠭᠤᠷ ᠶᠤᠮ ᠭᠡᠨ᠎ᠡ᠃ ᠬᠤᠷ᠎ᠠ ᠪᠤᠷᠤᠭᠠᠨ ᠡᠯᠪᠡᠭ ᠵᠢᠯ ᠨᠠᠭᠤᠷ ᠭᠡᠴᠢᠨᠡᠨ ᠲᠡᠯᠡᠷᠡᠭᠰᠡᠨ ᠴᠤ  ᠬᠤᠶᠢᠳᠤ ᠵᠠᠬ᠎ᠠ ᠪᠠᠷ ᠨᠢ ᠰᠠᠭᠤᠭᠰᠠᠨ ᠠᠶᠢᠯ ᠤᠳ ᠢᠶᠠᠨ ᠶᠡᠷᠦ ᠤᠰᠤᠳᠠᠭᠤᠯᠳᠠᠭ ᠦᠬᠡᠢ ᠪᠠᠶᠢᠵᠠᠢ᠃ ᠠᠶᠢᠯ ᠤᠨ ᠬᠤᠶᠢᠭᠤᠷ ᠪᠠᠶᠠᠩ ᠬᠠᠩᠭᠠᠢ ᠠᠭᠤᠯᠠᠨ ᠠᠴᠠ ᠦᠷᠬᠦᠯᠵᠢᠯᠡᠭᠰᠡᠨ ᠰᠢᠷᠡᠭᠡ ᠪᠠᠶᠢᠳᠠᠭ᠂ ᠡᠨᠡ‌‍ᠰᠢᠷᠡᠭᠡ ᠬᠤᠪᠢᠯᠭᠠᠨ ᠤᠪᠢᠳᠢᠰ ᠲᠠᠢ ᠪᠠᠶᠢᠵᠤ᠂ ᠨᠠᠭᠤᠷ ᠤᠨ ᠤᠰᠤ ᠶᠢ ᠵᠢᠭᠠᠬᠠᠨ ᠴᠤ ᠬᠤᠶᠢᠰᠢ ᠲᠡᠯᠡᠬᠦᠯᠳᠡᠭ ᠦᠬᠡᠢ ᠴᠢᠳᠠᠯ ᠲᠠᠢ ᠭᠡᠨ᠎ᠡ᠃ ᠢᠩᠬᠢᠭᠡᠳ ᠮᠠᠯᠴᠢᠳ ᠠᠶᠢᠯ ᠤᠨ ᠬᠤᠶᠢᠭᠤᠷᠬᠢ ᠰᠢᠷᠡᠭᠡ ᠪᠠᠨ ᠰᠢᠳᠢᠳᠦ ᠬᠠᠰᠢᠶ᠎ᠠ ᠭᠡᠮᠡᠨ᠂ ᠬᠠᠰᠢᠶ᠎ᠠ ᠶᠢ ᠲᠠᠭᠠᠵᠤ ᠪᠠᠭᠤᠭᠰᠠᠨ ᠠᠶᠢᠯ ᠢ ᠬᠠᠰᠢᠶᠠᠳᠤ ᠠᠶᠢᠯ ᠭᠡᠵᠦ ᠨᠡᠷᠡᠯᠡᠨ᠂ ᠲᠡᠷᠡᠬᠦ ᠨᠠᠭᠤᠷ ᠢ ᠴᠤ ᠬᠠᠰᠢᠶᠠᠳᠤ ᠨᠠᠭᠤᠷ ᠭᠡᠵᠦ ᠨᠡᠷᠡᠯᠡᠬᠦ ᠪᠤᠯᠤᠭᠰᠠᠨ ᠪᠠᠶᠢᠨ᠎ᠠ᠃     ᠬᠤᠸᠠ ᠮᠠ ᠴᠢᠦ᠋ᠨ —  ᠰᠠᠶᠢᠬᠠᠨᠨᠠᠭᠤᠷ ᠭᠠᠴᠠᠭᠠᠨ ᠤ ᠨᠢᠬᠡ ᠬᠤᠳᠠ ᠤᠰᠤ  ᠂ ᠠᠯᠠᠭ ᠠᠳᠤᠭᠤᠨ ᠰᠦᠷᠦᠭ ᠭᠡᠰᠡᠨ ᠦᠬᠡ᠃  ᠮᠠᠨᠵᠤ ᠶᠢᠨ ᠪᠠᠳᠠᠷᠠᠭᠤᠯᠳᠤ ᠲᠦᠷᠦ ᠶᠢᠨ ᠦᠶᠡᠰ ᠨᠢᠬᠡ ᠪᠦᠯᠦᠭ ᠨᠤᠶᠠᠳ ᠴᠡᠷᠢᠭ ᠮᠠᠯᠠᠭᠠᠢ ᠶᠢᠨ ᠰᠦᠮ᠎ᠡ ᠲᠡᠭᠡᠷ᠎ᠡ ᠰᠠᠭᠤᠵᠤ᠂  ᠬᠦᠢᠰᠦᠳᠦ ᠨᠠᠭᠤᠷ ᠤᠨ ᠵᠡᠬᠦᠨ ᠡᠮᠦᠨ᠎ᠡ ᠰᠢᠷᠡᠭᠡᠨ ᠲᠡᠭᠡᠷ᠎ᠡ ᠪᠠ ᠬᠠᠰᠢᠶᠠᠳᠤ ᠨᠠᠭᠤᠷ  ᠤᠨ ᠵᠡᠬᠦᠨᠳᠡᠢ ᠶᠡᠭᠡ ᠭᠤᠤ ᠮᠠᠯᠳᠠᠨ ᠠᠳᠤᠭᠤ ᠬᠤᠷᠢᠵᠤ᠂  ᠠᠳᠤᠭᠤᠨ ᠰᠦᠷᠦᠭ ᠪᠦᠷᠢ ᠶᠢ ᠨᠢᠭᠡᠳ ᠨᠢᠬᠡ ᠪᠠᠷ ᠨᠢ ᠡᠷ᠎ᠡ ᠡᠮ᠎ᠡ᠂ ᠨᠠᠰᠤ ᠵᠢᠰᠦ ᠪᠠᠷ ᠨᠢ ᠢᠯᠭᠠᠨ ᠲᠠᠩᠰᠠᠯᠠᠭᠠᠳ᠂ ᠵᠦᠪ ᠲᠠᠯ᠎ᠠ ᠶᠢᠨ ᠭᠤᠶ᠎ᠠ ᠲᠡᠭᠡᠷ᠎ᠡ ᠨᠢ ᠭᠢᠳᠠᠳ ᠦᠰᠦᠭ ᠤᠨ生 ᠲᠠᠮᠠᠭ᠎ᠠ ᠬᠠᠶᠢᠷᠤᠭᠰᠠᠨ ᠭᠡᠨ᠎ᠡ᠃ ᠲᠡᠷᠡ  ᠶᠡᠭᠡ ᠭᠤᠤ ᠶᠢ ︽ᠲᠠᠪᠤᠨ ᠬᠤᠰᠢᠭᠤ ᠬᠦᠷᠢᠶ᠎ᠡ︾ ᠭᠡᠳᠡᠭ᠃ ᠵᠠᠯᠭᠠᠭᠠᠳ ᠲᠤᠭᠠᠯᠠᠨ ᠲᠠᠮᠠᠭᠠᠯᠠᠭᠰᠠᠨ ᠠᠳᠤᠭᠤ ᠪᠠᠨ ᠦᠩᠬᠡ ᠵᠢᠰᠦ ᠪᠠᠷ ᠨᠢ ᠢᠯᠭᠠᠨ ᠴᠠᠭᠠᠨ ᠠᠳᠤᠭᠤ᠂ ᠠᠯᠠᠭ ᠠᠳᠤᠭᠤ᠂ ᠭᠡᠭᠡᠷ ᠠᠳᠤᠭᠤ᠂ ᠵᠡᠭᠡᠷᠳᠡ ᠠᠳᠤᠭᠤ ᠭᠡᠮᠡᠨ ᠵᠢᠰᠦᠯᠡᠨ ᠨᠡᠶᠢᠯᠡᠬᠦᠯᠵᠦ᠂ ᠰᠦᠷᠦᠭ ᠪᠤᠯᠭᠠᠨ ᠢ ᠲᠤᠰᠬᠠᠢ ᠲᠠᠷᠤᠭ᠎ᠠ ᠳᠤ ᠲᠤᠰᠢᠶᠠᠨ ᠦᠭᠴᠦ ᠮᠠᠯᠵᠢᠭᠤᠯᠤᠭᠰᠠᠨ ᠪᠠᠶᠢᠪᠠ᠃ ᠡᠶᠢᠨᠬᠦ ᠲᠠᠶᠢᠹᠤᠰᠧ ᠵᠡᠬᠦᠨ ᠭᠠᠷ   ᠤᠨ ᠲᠠᠯᠠᠨ ᠲᠠᠪᠤᠨ ᠠᠳᠤᠭᠤᠨ ᠰᠦᠷᠦᠭ ᠨᠢ ᠬᠤᠷᠢᠶᠠᠭᠳᠠᠭᠠᠳ᠂ ᠠᠳᠤᠭᠤᠨ ᠲᠠᠷᠤᠭ᠎ᠠ᠂ ᠮᠡᠶᠢᠷᠡᠨ᠂ ᠠᠳᠤᠭᠤᠴᠢᠨ ᠬᠦᠷᠳᠡᠯ᠎ᠡ ᠤᠨᠤᠭᠠᠷᠢ ᠪᠠᠨ ᠠᠯᠳᠠᠵᠤ᠂ ᠭᠠᠭ᠋ᠠᠢ ᠶᠠᠪᠠᠭᠠᠨ ᠪᠤᠯᠤᠯ᠎ᠠ ᠬᠡᠵᠦ ᠮᠠᠨᠵᠤ ᠶᠢ ᠵᠦᠬᠡᠳᠡᠭ ᠪᠠᠶᠢᠵᠠᠢ᠃ ᠲᠡᠭᠡᠬᠦ  ᠳᠡᠭᠡᠨ  ᠴᠤᠬᠤᠷ ᠠᠯᠠᠭ ᠠᠳᠤᠭᠤᠨ ᠰᠦᠷᠦᠭ ᠢ ᠰᠠᠶᠢᠬᠠᠨᠨᠠᠭᠤᠷ ᠤᠨ ᠲᠠᠯ᠎ᠠ ᠳᠤ ᠮᠠᠯᠵᠢᠭᠰᠠᠨ ᠠᠴᠠ ᠠᠯᠠᠭ ᠰᠦᠷᠦᠭ  ᠤᠨ ᠰᠠᠭᠤᠷᠢᠰᠢᠯ   ᠪᠤᠯᠵᠤ᠂   ᠬᠢᠳᠠᠳ ᠢᠶᠠᠷ ᠬᠤᠸᠠ ᠮᠠ ᠴᠢᠦ᠋ᠨ  ᠭᠡᠮᠡᠬᠦ ᠭᠠᠵᠠᠷ ᠤᠰᠤᠨ ᠤ ᠨᠡᠷᠡᠶᠢᠳᠦᠯ  ᠪᠤᠯᠵᠠᠢ᠃      ᠪᠡᠷᠭᠡ ᠶᠢᠨ ᠠᠭᠤᠯᠠ —  ᠡᠨᠡ ᠠᠠᠭᠤᠯᠠ ᠤᠷᠢᠳᠤ ᠳᠠᠭᠠᠨ ᠬᠦᠮᠦᠨ   ᠤ ᠪᠠᠷ᠎ᠠ ᠦᠬᠡᠢ ᠠᠳᠠᠷ ᠭᠡᠭᠡᠷ᠎ᠡ ᠭᠠᠵᠠᠷ  ᠪᠠᠶᠢᠵᠤ᠂  ᠡᠪᠡᠰᠦ ᠤᠷᠭᠤᠮᠠᠯ ᠢᠬᠴᠤ ᠰᠠᠬᠤᠯᠢᠭ  ᠂ ᠦᠨᠳᠦᠷ ᠨᠢ ᠲᠦᠷᠦᠭᠡ  ᠰᠢᠬᠦᠷᠳᠡᠭ   ᠪᠦᠬᠡᠳ ᠠᠭᠤᠯᠠᠨ ᠳᠤ ᠠᠮᠢᠳᠠᠨ ᠠᠷᠢᠶᠠᠳᠠᠨ ᠠᠷᠪᠢᠨ  ᠂ ᠢᠯᠠᠩᠭᠤᠶ᠎ᠠ ᠴᠢᠨ᠋ᠸ᠎ᠠ ᠪᠠ ᠤᠭᠳᠤᠷ ᠬᠦᠭᠡ ᠠᠷᠪᠢᠨ ᠪᠠᠶᠢᠳᠠᠭ  ᠪᠡᠷᠭᠡ ᠪᠡᠷᠭᠡ ᠪᠠᠷᠳᠠᠭ᠎ᠠ ᠶᠡᠬᠡᠳᠡᠢ ᠭᠠᠵᠠᠷ ᠪᠤᠯᠬᠤᠷ ᠬᠦᠮᠦᠰ ᠪᠡᠷᠭᠡ ᠶᠢᠨ ᠠᠭᠤᠯᠠ ᠭᠡᠵᠦ ᠨᠡᠷᠡᠯᠡᠭᠰᠡᠨ ᠬᠡᠨ᠎ᠡ᠃      ᠵᠢᠷᠠᠨ ᠤᠰᠤ ᠭᠠᠴᠠᠭ᠎ᠠ  —  ᠨᠤᠳᠤᠭ ᠤᠨ ᠠᠬᠠᠮᠠᠳ ᠤᠨ ᠬᠡᠯᠡᠬᠦ ᠪᠠᠷ ᠡᠷᠳᠡ ᠤᠷᠢᠳᠤ ᠴᠠᠭ ᠲᠤ ᠴᠢᠩᠬᠢᠰ ᠬᠠᠭᠠᠨ ᠠᠶᠠᠨ ᠲᠠᠶᠢᠨ ᠳᠤ ᠮᠤᠷᠳᠠᠵᠤ᠂ ᠶᠡᠭᠡ ᠭᠤᠪᠢ ᠶᠢ ᠲᠤᠭᠤᠯᠤᠭᠠᠳ  ᠡᠨᠡ ᠨᠤᠳᠤᠭ ᠲᠤ ᠢᠷᠡᠳᠡᠯ᠎ᠡ ᠵᠠᠮ ᠲᠠᠭᠠᠤ  ᠴᠡᠷᠢᠭ ᠮᠤᠷᠢ ᠨᠢ  ᠠᠩᠭᠠᠵᠤ ᠤᠮᠳᠠᠭᠠᠰᠬᠤ ᠶᠢᠨ ᠲᠤᠶᠢᠯ ᠳᠤ ᠲᠤᠯᠵᠤ᠂ ᠵᠢᠷᠠᠨ ᠬᠤᠳᠳᠤᠭ ᠮᠠᠯᠳᠠᠭᠰᠠᠨ ᠴᠤ ᠤᠰᠤ ᠤᠮᠳᠠ ᠬᠦᠷᠦᠯᠴᠡᠬᠦ ᠦᠬᠡᠢ᠂ ᠤᠷᠤᠭᠰᠢᠯᠠᠯᠳᠠ ᠶᠢᠨ ᠵᠠᠮ ᠳᠤ ᠶᠡᠭᠡ ᠰᠠᠭᠠᠳ ᠪᠤᠯᠤᠭᠰᠠᠨ ᠬᠡᠨ᠎ᠡ᠃ ᠠᠶᠠᠯᠠᠨ ᠶᠠᠪᠤᠭᠰᠠᠭᠠᠷ ᠤᠯᠠᠭᠠᠨ ᠨᠠᠭᠤᠷ ᠤᠨ ᠬᠦᠪᠡᠭᠡᠨ ᠳᠤ ᠢᠷᠡᠵᠦ  ᠪᠠᠭᠤᠳᠠᠯᠯᠠᠬᠤ ᠳᠠᠭᠠᠨ ᠪᠠᠶᠢᠭᠠᠯᠢ ᠤᠷᠴᠢᠨ ᠢ ᠠᠵᠢᠭᠯᠠᠨ ᠦᠵᠡᠬᠦ ᠳᠤ ᠡᠪᠡᠰᠦ ᠨᠤᠭᠤᠭ᠎ᠠ ᠡᠪᠦᠳᠦᠭ ᠲᠠᠪᠠᠵᠤ᠂ ᠦᠩᠬᠡ ᠶᠢᠨ ᠴᠡᠴᠡᠭ ᠮᠢᠷᠠᠯᠵᠠᠨ ᠲᠡᠯᠭᠡᠷᠡᠭᠰᠡᠨ ᠦᠨᠢᠷ ᠲᠠᠩᠰᠤᠭ ᠨᠤᠳᠤᠭ ᠪᠠᠶᠢᠵᠠᠢ᠂ ᠪᠤᠭᠳᠠ ᠡᠵᠡᠨ ᠶᠡᠬᠡᠯᠡ ᠪᠠᠶᠠᠰᠴᠤ᠂   ᠭᠠᠵᠠᠷ ᠦᠵᠡᠨ ᠪᠠᠭᠤᠴᠠ ᠪᠠᠨ ᠠᠪᠤᠭᠠᠳ᠂ ᠬᠤᠳᠳᠤᠭ ᠮᠠᠯᠳᠠᠵᠤ ᠦᠵᠡᠭᠰᠡᠨ ᠳᠤ ᠠᠷᠪᠠᠨ ᠲᠤᠬᠤᠢ ᠮᠠᠯᠳᠠᠭᠰᠠᠨ ᠦᠬᠡᠢ ᠪᠠᠷ ᠲᠤᠩᠭᠠᠯᠠᠭ ᠤᠰᠤ ᠤᠷᠬᠢᠯᠤᠨ  ᠭᠠᠷᠴᠤ  ᠂  ᠬᠡᠳᠦᠨ ᠲᠦᠮᠡᠨ ᠴᠡᠷᠢᠭ ᠮᠤᠷᠢᠳ ᠤᠨ ᠴᠠᠩᠭᠠᠭ᠎ᠠ ᠶᠢ  ᠲᠠᠶᠢᠯᠤᠭᠠᠳ ᠪᠠᠰᠠ ᠰᠢᠷᠬᠢᠭᠰᠡᠨ ᠦᠬᠡᠢ ᠮᠦᠷᠳᠡᠭᠡᠨ ᠠᠮᠳᠠᠳᠤ ᠤᠰᠤ ᠨᠢ ᠤᠷᠬᠢᠯᠤᠨ ᠤᠨᠳᠤᠷᠴᠤ  ᠪᠠᠶᠢᠵᠠᠢ᠂ ᠴᠢᠩᠬᠢᠰ ᠪᠤᠭᠳᠠ ᠲᠤᠩ ᠪᠠᠶᠠᠰᠤᠨ ᠲᠠᠭᠠᠰᠢᠶᠠᠵᠤ᠂ ᠡᠨᠡ  ᠬᠤᠳᠳᠤᠭ ᠢ ᠵᠢᠷᠠᠨ ᠤᠰᠤ ᠭᠡᠵᠦ ᠨᠡᠷᠡᠯᠡᠯ᠎ᠡ ᠭᠡᠳᠡᠭ᠃ ᠤᠯᠠᠮᠵᠢᠯᠠᠯ ᠶᠠᠷᠢᠶᠠᠨ  ᠳᠤ ᠪᠠᠰᠠ ᠬᠦᠨᠪᠤᠯᠠᠭ ᠨᠤᠳᠤᠭ  ᠢ ᠰᠤᠨᠳᠠᠯᠠᠵᠤ ᠦᠩᠭᠡᠷᠡᠭᠡ  ᠠᠯᠳᠠᠨ ᠤᠯᠤᠰ  ᠤᠨ ᠬᠡᠷᠡᠮ  ᠢ ᠪᠠᠷᠢᠬᠤ ᠦᠶᠡᠰ ᠵᠠᠮ ᠲᠠᠭᠠᠤ ᠵᠢᠷᠠᠨ ᠬᠤᠳᠳᠤᠭ ᠮᠠᠯᠳᠠᠭᠠᠳ ᠤᠰᠤ   ᠨᠢ ᠬᠦᠷᠦᠭᠰᠡᠨ ᠦᠬᠡᠢ᠂  ᠬᠠᠷᠢᠨ ᠠᠳᠡ ᠢᠷᠡᠭᠡᠳ ᠨᠢᠭᠡᠯᠨ ᠬᠤᠳᠳᠤᠭ ᠮᠠᠯᠳᠠᠭᠰᠠᠨ ᠳᠤ ᠤᠨᠳᠤᠷᠴᠤ ᠭᠠᠷᠤᠭᠰᠠᠨ ᠤᠰᠤ ᠨᠢ ᠵᠢᠷᠠᠨ ᠬᠤᠳᠳᠤᠭ ᠤᠨ ᠤᠰᠤ ᠲᠠᠢ ᠲᠡᠩᠴᠡᠭᠰᠡᠨ ᠠᠴᠠ ᠠᠳᠡ ᠨᠤᠳᠤᠭ ᠰᠤᠩᠭᠤᠵᠤ ᠴᠡᠷᠢᠭ ‍ᠣᠨ‌‍ᠰᠠᠭᠤᠷᠢᠨ ᠴᠤᠭᠴᠠᠯᠠᠵᠠᠢ᠂ ᠲᠡᠭᠡᠭᠡᠳ ᠡᠨ᠋ᠨ ᠨᠤᠳᠤᠭ ᠢ ᠵᠢᠷᠠᠨ ᠤᠰᠤ ᠬᠡᠯ᠎ᠡ ᠭᠡᠳᠡᠭ᠃        ᠮᠤᠳᠤᠨ ᠰᠦᠮ᠎ᠡ ᠭᠠᠴᠠᠭ᠎ᠠ  — ᠮᠤᠳᠤᠨ ᠰᠦᠮ᠎ᠡ ᠪᠤᠯ ᠡᠷᠳᠡᠨ ᠤ ᠦᠶ᠎ᠡ ᠳᠤ ᠤᠳᠠᠢ ᠶᠢᠨ ᠤᠷᠤᠨ ᠤ ᠰᠠᠮᠳᠠᠯᠢᠩ ᠬᠡᠶᠢᠳ ᠤᠨ ᠨᠢᠬᠡᠨ ᠲᠢᠶᠠᠨᠴᠢ ᠯᠠᠮᠠ  ᠠᠳᠡ ᠢᠷᠡᠵᠦ᠂ ᠴᠤᠯᠤ ᠮᠤᠳᠤ ᠪᠠᠷ  ᠪᠠᠶᠢᠭᠤᠯᠤᠭᠰᠠᠨ ᠲᠢᠶᠠᠨ  ᠬᠢᠳᠡᠭ ᠰᠦᠮ᠎ᠡ  ᠭᠡᠨ᠎ᠡ  ᠂ ᠲᠡᠭᠡᠭᠡᠳ ᠮᠤᠳᠤᠨ ᠰᠦᠮ᠎ᠡ ᠬᠡᠵᠦ  ᠨᠡᠷᠡᠯᠡᠨ᠂ ᠠᠳᠡᠬᠢ ᠠᠶᠢᠯ ᠬᠤᠳᠠ  ᠴᠤ ᠠᠶᠠᠨᠳᠠᠭᠠᠨ ᠮᠤᠳᠤᠨ ᠰᠦᠮ᠎ᠡ ᠶᠢᠨ ᠠᠶᠢᠯ ᠪᠤᠯᠤᠭᠰᠠᠨ ᠪᠠᠶᠢᠨ᠎ᠠ᠃ ᠡᠨᠡ ᠭᠠᠵᠠᠷ ᠨᠢ ᠬᠠᠨ ᠰᠤᠪᠤᠷᠭ᠎ᠠ᠂ ᠪᠡᠷᠭᠡ ᠶᠢᠨ ᠠᠭᠤᠯᠠ ᠠᠴᠠ ᠡᠮᠦᠨ᠎ᠡ  ᠂  ᠡᠳᠡᠭᠡᠷ ᠠᠭᠤᠯᠠᠰ ᠤᠨ  ᠡᠩᠬᠡᠷ ᠲᠤᠨᠢ ᠪᠠᠶᠢᠷᠢᠰᠢᠳᠠᠭ ᠪᠤᠯᠬᠤᠷ  ᠤᠤᠯ ᠨᠢ ᠪᠠᠰᠠ ᠡᠩᠬᠡᠷ ᠭᠡᠵᠦ ᠲᠠᠭᠤᠳᠠᠳᠠᠭ᠃  ᠡᠨᠡ ᠰᠦᠮ᠎ᠡ ᠬᠤᠵᠢᠮ ᠨᠢ ᠭᠠᠯ ᠭᠠᠷᠴᠤ ᠰᠢᠳᠠᠵᠤ ᠲᠠᠭᠤᠰᠤᠯ᠎ᠠ ᠭᠡᠳᠡᠭ᠃      ᠸᠠ ᠹᠠᠩ ᠶᠢᠩᠽᠢ — ᠸᠠᠭᠠᠷᠤᠨ ᠪᠠᠶᠢᠰᠢᠩᠳᠤ ᠲᠤᠰᠬᠤᠨ ᠭᠡᠰᠡᠨ ᠦᠬᠡ᠃ ᠪᠠᠳᠠᠷᠠᠭᠤᠯᠳᠤ ᠲᠦᠷᠦ ᠶᠢᠨ ᠦᠶ᠎ᠡ ᠳᠤ ᠴᠠᠬᠠᠷ ᠠᠶᠢᠮᠠᠭ ᠤᠨ ᠲᠤᠯᠤᠨᠨᠠᠭᠤᠷ ᠤᠷᠴᠢᠮ ᠢᠶᠠᠷ ᠱᠠᠨᠳᠦ᠋ᠩ ᠤᠨ ᠲᠡᠨᠦᠬᠦᠯ ᠠᠷᠠᠳ ᠢᠶᠠᠷ ᠪᠦᠷᠢᠯᠳᠦᠭᠰᠡᠨ ︽ᠵᠢᠭᠠᠰᠤᠨ ᠱᠠᠨᠳᠦ᠋ᠩ︾ ᠭᠡᠮᠡᠬᠦ ᠲᠡᠭᠡᠷᠡᠮ ᠪᠤᠰᠴᠤ᠂ ᠭᠠᠵᠠᠷ ᠤᠷᠤᠨ ᠢ  ᠶᠡᠭᠡᠪᠡᠷ ᠲᠦᠢᠪᠡᠭᠡᠨ᠂ ᠬᠠᠭᠠᠨ ᠲᠦᠷᠦ  ᠠᠴᠠ ᠬᠡᠳᠦᠨ ᠤᠳᠠᠭ᠎ᠠ ᠴᠡᠷᠢᠭ ᠭᠠᠷᠭᠠᠵᠤ ᠲᠠᠷᠤᠩᠭᠤᠶᠢᠯᠠᠭᠰᠠᠨ ᠪᠤᠯᠪᠠᠴᠤ ᠲᠠᠷᠤᠵᠤ ᠲᠡᠶᠢᠯᠦᠭᠰᠡᠨ ᠦᠬᠡᠢ ᠪᠠᠶᠢᠪᠠ  ᠃  ᠬᠦᠯᠦ ᠴᠠᠭᠠᠨ ᠬᠤᠰᠢᠭᠤᠨ ᠤ ᠬᠤᠰᠠᠢ ᠳ᠋ᠠ ᠪᠤᠷᠬᠢᠯ ᠴᠠᠬᠠᠷ ᠳ᠋ᠦᠲ᠋ᠦ᠋ᠩ ᠶᠠᠮᠤᠨ ︵ᠪᠦᠬᠦᠳᠡ ᠶᠢ ᠵᠠᠬᠢᠷᠤᠭᠴᠢ ᠶᠠᠮᠤᠨ︶ ᠤ ᠵᠠᠷᠯᠢᠭ ᠢᠶᠠᠷ ᠮᠤᠩᠭᠤᠯ ᠮᠤᠷᠢᠳᠤ ᠴᠡᠷᠢᠭ   ᠢᠶᠠᠨ ᠲᠠᠭᠠᠭᠤᠯᠤᠨ ᠬᠤᠶᠠᠷ ᠵᠢᠯ ᠬᠦᠴᠦᠯᠡᠨ ᠪᠠᠶᠢᠯᠳᠤᠵᠤ ᠪᠠᠶᠢᠭᠠᠳ ᠲᠡᠭᠡᠷᠡᠮ ᠤᠨ ᠦᠢᠮᠡᠬᠡᠨ ᠢ ᠲᠠᠷᠤᠭᠰᠠᠨ ᠭᠡᠳᠡᠭ᠃ ᠬᠤᠵᠢᠮ ᠨᠢ ᠪᠠᠰᠠ ᠴᠠᠬᠠᠷ ᠰᠢᠯᠢ ᠶᠢᠨ ᠭᠤᠤᠯ ᠬᠠᠪᠢ  ᠪᠠᠷ ᠲᠡᠨᠦᠬᠦᠴᠢᠯᠡᠨ ᠰᠠᠮᠠᠭᠤᠷᠠᠭᠤᠯᠵᠤ ᠪᠠᠶᠢᠭᠰᠠᠨ ᠪᠠᠪᠤᠤᠵᠠᠪ ᠤᠨ ᠦᠯᠡᠳᠡᠭᠳᠡᠯ ᠴᠡᠷᠢᠭ ᠢ ᠬᠦᠭᠡᠬᠡᠵᠦ ᠶᠠᠪᠤᠭᠤᠯᠬᠤ  ᠳᠤ ᠪᠠᠰᠠ ᠶᠡᠭᠡ ᠭᠠᠪᠢᠶ᠎ᠠ ᠪᠠᠶᠢᠭᠤᠯᠤᠭᠰᠠᠨ ᠬᠦᠮᠦᠨ ᠪᠠᠶᠢᠯ᠎ᠠ᠃  ᠪᠤᠷᠬᠢᠯ ᠬᠦᠯᠦ ᠴᠠᠭᠠᠨ ᠤ ᠬᠤᠰᠠᠢ ᠳ᠋ᠠ ᠪᠦᠬᠡᠳ ᠴᠢᠭᠤᠯᠤᠯᠳᠤ ᠬᠠᠭᠠᠯᠭ᠎ᠠ ᠳᠠᠬᠢ ᠴᠠᠬᠠᠷ ᠬᠤᠰᠠᠢ ᠠᠮᠪᠠᠨ ᠶᠠᠮᠤᠨ ᠳᠤ ᠠᠯᠪᠠ ᠬᠠᠪᠰᠤᠷᠴᠤ ᠪᠠᠶᠢᠬᠤ ᠳᠠᠭᠠᠨ ᠦᠪᠡᠷ  ᠤᠨ ᠨᠤᠳᠤᠭ ᠬᠦᠨ ᠴᠠᠪ ᠲᠠᠭᠠᠨ ᠸᠠᠭᠠᠷ ᠲᠤᠭᠤᠰᠬᠠᠨ ᠭᠡᠷ  ᠬᠦᠷᠢᠶ᠎ᠡ ᠪᠠᠶᠢᠭᠤᠯᠤᠭᠰᠠᠨ ᠢᠶᠠᠷ ᠸᠠ ᠹᠠᠩ ᠶᠢᠩᠽᠢ  ᠭᠡᠳᠡᠭ ᠨᠡᠷ᠎ᠡ ᠲᠠᠢ ᠪᠤᠯᠵᠠᠢ᠃ ᠤᠳᠤ ᠮᠤᠳᠤᠨ ᠰᠦᠮ᠎ᠡ ᠭᠠᠴᠠᠭᠠᠨ ᠤ ᠨᠢᠬᠡ ᠬᠤᠳᠠ ᠤᠰᠤ ᠪᠠᠷ ᠬᠠᠷᠢᠶᠠᠯᠠᠭᠳᠠᠵᠤ ᠪᠤᠢ᠃      ᠪᠤᠮᠪᠠᠨ ᠭᠠᠴᠠᠭ᠎ᠠ — ᠪᠤᠮᠪᠠᠨ ᠭᠡᠳᠡᠭ ᠨᠡᠷ᠎ᠡ ᠶᠢᠨ ᠴᠤᠬᠤᠮ ᠢᠷᠡᠯ ᠨᠢ ︽ᠪᠤᠮᠪᠠᠨ ᠲᠤᠯᠤᠭᠠᠢ︾ ᠭᠡᠳᠡᠭ ᠲᠤᠪᠤ ᠲᠤᠯᠤᠭᠠᠳ ᠤᠨ ᠨᠡᠷ᠎ᠡ ᠠᠴᠠ ᠡᠬᠦᠰᠦᠭᠰᠡᠨ ᠪᠦᠯᠦᠬᠡ  ᠃ ᠤᠳᠤ ᠶᠢᠨ  ᠪᠤᠮᠪᠠᠨ ᠤ ᠨᠤᠳᠤᠭ ᠤᠨ ᠡᠷᠬᠢᠨ ᠲᠤᠭᠤᠷᠢᠨ ᠳᠤ ᠤᠯᠠᠨ ᠪᠢᠴᠢᠬᠠᠨ ᠲᠤᠪᠤ ᠲᠤᠯᠤᠭᠠᠳ ᠪᠤᠢ᠃ ᠨᠤᠳᠤᠭ ᠤᠨ ᠬᠢᠨ ᠡᠳᠡᠭᠡᠷ ᠲᠤᠪᠤ ᠲᠤᠯᠤᠭᠠᠳ ᠢᠶᠠᠨ ᠦᠨᠦᠴᠢᠨ ᠲᠤᠯᠤᠭᠠᠢ᠂ ᠤᠳᠤᠷ ᠤᠨ ᠲᠤᠯᠤᠭᠠᠢ᠂ ᠲᠠᠯ᠎ᠠ ᠶᠢᠨ ᠪᠤᠩᠬᠤᠨ᠂ ᠬᠠᠳᠠᠨ ᠲᠤᠯᠤᠭᠠᠢ᠂ ᠲᠠᠷᠢᠶᠠᠨ ᠲᠤᠯᠤᠭᠠᠢ᠂  ᠪᠤᠩᠬᠤᠨ ᠲᠤᠯᠤᠭᠠᠢ᠂ ᠵᠡᠬᠦᠨ ᠪᠤᠮᠪᠠᠨ ᠲᠤᠯᠤᠭᠠᠢ᠂ ᠰᠠᠴᠢ ᠶᠢᠨ ᠲᠤᠯᠤᠭᠠᠢ ᠭᠡᠬᠦᠴᠢᠯᠡᠨ ᠨᠡᠷᠡᠯᠡᠵᠦ ᠪᠠᠶᠢᠳᠠᠭ᠃ ᠡᠬᠦᠨ ᠤ ᠲᠤᠳᠤᠷ᠎ᠠ ᠪᠤᠩᠬᠤᠨ ᠲᠤᠯᠤᠭᠠᠢ᠂ ᠰᠠᠴᠢ ᠶᠢᠨ ᠲᠤᠯᠤᠭᠠᠢ ᠮᠡᠳᠦ ᠲᠦᠷᠪᠡᠨ ᠲᠤᠪᠤ ᠲᠤᠯᠤᠭᠠᠳ ᠲᠡᠭᠡᠷ᠎ᠡ ᠲᠠᠬᠢᠯᠭ᠎ᠠ ᠶᠢᠨ ᠴᠢᠯᠠᠭᠤᠨ ᠤᠪᠤᠭ᠎ᠠ  ᠪᠤᠰᠬᠠᠵᠤ᠂ ᠲᠤᠳᠤᠷ᠎ᠠ ᠨᠢ ᠲᠠᠪᠤᠨ ᠲᠠᠷᠢᠶᠠᠨ ᠤ ᠦᠷ᠎ᠡ ᠶᠢ ᠸᠠᠭᠠᠷᠤᠨ ᠪᠤᠮᠪᠠ ᠳᠤ ᠬᠢᠵᠦ ᠲᠠᠷᠤᠭᠰᠠᠨ ᠪᠠᠶᠢᠳᠠᠭ᠃ ᠪᠤᠮᠪᠠᠨ ᠭᠡᠳᠡᠭ ᠪᠤᠯ ᠶᠠᠭ ᠲᠡᠷᠡᠬᠦ ᠪᠤᠮᠪᠠ ᠲᠠᠷᠤᠭᠰᠠᠨ  ᠲᠤᠪᠤ  ᠲᠤᠯᠤᠭᠠᠳ ᠤᠨ ᠨᠡᠷᠡᠶᠢᠳᠦᠯ ᠠᠴᠠ ᠢᠷᠡᠵᠡᠢ᠃ ︵ ︽ᠪᠤᠮᠪᠠᠨ ᠭᠠᠴᠠᠭᠠᠨ ᠤ ᠴᠠᠳᠢᠭ︾ ᠠᠴᠠ︶      ᠪᠤᠷᠤᠬᠤᠳᠠ ᠪᠠ ᠬᠡᠷᠡᠮ ᠤᠨ ᠵᠠᠮ  —   ᠪᠤᠷᠤᠬᠤᠳᠠ ᠭᠠᠴᠠᠭᠠᠨ ᠤ ᠡᠮᠦᠨ᠎ᠡ ᠠᠭᠤᠯᠠ   ᠶᠢᠨ  ᠬᠤᠷᠮᠤᠢ ᠳᠤ ᠨᠢᠬᠡᠨ ᠡᠷᠳᠡᠨ ᠤ ᠬᠤᠳᠠ ᠶᠢᠨ ᠪᠠᠭᠤᠷᠢ ᠪᠠᠶᠢᠳᠠᠭ᠃  ᠪᠤᠷᠤᠬᠤᠳᠠ(紫城 )ᠭᠡᠳᠡᠭ ᠨᠢ ᠡᠨᠡᠬᠦ ᠬᠤᠳᠠ ᠶᠢᠨ ᠪᠠᠭᠤᠷᠢ ᠠᠴᠠ  ᠢᠷᠡᠯ ᠲᠠᠢ ᠬᠡᠵᠦ ᠨᠠᠰᠤᠳᠠᠶᠢᠴᠤᠳ ᠶᠠᠷᠢᠳᠠᠭ  ᠃  ᠡᠨᠡᠬᠦ ᠬᠤᠳᠠ ᠶᠢᠨ ᠪᠠᠭᠤᠷᠢ ᠠᠴᠠ ᠬᠤᠶᠢᠰᠢ ᠬᠤᠶᠠᠷ ᠭᠤᠷᠪᠠᠨ ᠭᠠᠵᠠᠷ ᠶᠠᠪᠤᠪᠠᠯ ᠬᠠᠭᠤᠴᠢᠨ ︽ᠵᠠᠬ᠎ᠠ ᠶᠢᠨ ᠬᠡᠷᠡᠮ︾  ︵ᠤᠳᠤ ᠠᠯᠳᠠᠨ ᠤᠯᠤᠰ ᠤᠨ ᠭᠡᠷᠡᠮ ᠬᠡᠵᠦ ᠪᠤᠢ᠂ ᠯᠢᠶᠤᠤ ᠤᠯᠤᠰ ᠤᠨ ᠭᠡᠷᠡᠮ ᠤᠨ ᠵᠠᠮ ᠪᠤᠶᠤ ᠭᠤᠷᠪᠠᠳᠤᠭᠠᠷ ᠴᠠᠭᠠᠨ ᠭᠡᠷᠡᠮ ᠭᠡᠵᠦ ᠪᠠᠰᠠ ᠶᠠᠷᠢᠳᠠᠭ︶   ᠤᠨ ᠪᠠᠭᠤᠷᠢ ᠪᠠᠶᠢᠨ᠎ᠠ᠂  ᠡᠨᠡ  ᠭᠡᠷᠡᠮ ᠨᠢ ᠪᠠᠶᠠᠨᠨᠠᠭᠤᠷ ᠬᠤᠳᠠ ᠶᠢᠨ ᠴᠤᠭ ᠬᠤᠰᠢᠭᠤ ᠠᠴᠠ ᠡᠬᠢ ᠠᠪᠴᠤ ᠬᠦᠯᠦᠨ ᠪᠤᠶᠢᠷ ᠬᠦᠷᠳᠡᠭ᠃ ᠠᠷᠠᠳ ᠤᠨ  ᠤᠯᠠᠮᠵᠢᠯᠠᠯ ᠶᠠᠷᠢᠶᠠᠨ ᠳᠤ  ᠭᠡᠳᠦᠨ ᠮᠢᠩᠭᠠᠨ ᠭᠠᠵᠠᠷ ᠰᠤᠨᠤᠯᠵᠠᠭᠰᠠᠨ ᠡᠨᠡᠬᠦ ᠤᠷᠳᠤ ᠰᠢᠷᠤᠢ ᠬᠡᠷᠡᠮ ᠢ ᠯᠢᠶᠤᠤ ᠤᠯᠤᠰ ᠤᠨ ᠰᠢᠶᠤᠤ ᠲᠠᠶᠢᠬᠡᠤ ᠤᠮᠠᠷᠠᠳᠤ ᠰᠦᠩ ᠤᠯᠤᠰ  ᠪᠠ ᠬᠤᠶᠢᠳᠤ ᠠᠯᠳᠠᠨ ᠤᠯᠤᠰ ᠲᠠᠢ ᠲᠠᠶᠢᠯᠠᠯᠳᠤᠵᠤ ᠪᠠᠶᠢᠬᠤ ᠳᠠᠭᠠᠨ ᠤᠮᠠᠷᠠᠳᠤ ᠶᠢᠨ  ᠮᠤᠷᠢᠳᠤ ᠴᠡᠷᠢᠭ ᠢ ᠰᠡᠷᠭᠡᠶᠢᠯᠡᠨ ᠬᠤᠷᠢᠭᠯᠠᠬᠤ ᠪᠠᠷ ᠪᠠᠶᠢᠭᠤᠯᠤᠭᠰᠠᠨ ᠬᠡᠵᠦ ᠶᠠᠷᠢᠳᠠᠭ᠃  ᠡᠨᠡ ᠭᠡᠷᠡᠮ ᠤᠨ ᠵᠠᠮ ᠨᠢ ᠲᠠᠶᠢᠹᠤᠰᠧ ᠬᠤᠰᠢᠭᠤᠨ ᠤ  ᠲᠤᠯᠤᠭᠠᠨ ᠰᠤᠮᠤ ᠰᠢᠶᠠᠩ ᠢ ᠲᠠᠭᠠᠷᠢᠨ ᠦᠩᠬᠡᠷᠡᠵᠦ ᠪᠠᠶᠢᠬᠤ ᠪᠦᠭᠡᠳ ᠬᠦᠨᠪᠤᠯᠠᠭ ᠰᠤᠮᠤᠨ ᠤ ᠬᠠᠶᠢᠷᠠᠳᠤ᠂ ᠵᠢᠷᠠᠨ ᠤᠰᠤ᠂ ᠪᠤᠷᠤᠬᠤᠳᠠ᠂ ᠪᠤᠮᠪᠠᠨ ᠵᠡᠷᠭᠡ ᠭᠠᠴᠠᠭ᠎ᠠ ᠪᠠᠷ ᠲᠠᠭᠠᠷᠢᠵᠤ᠂ ᠠᠷᠪᠠᠨ ᠭᠠᠵᠠᠷ ᠲᠤ ᠨᠢᠬᠡ ᠰᠠᠭᠤᠷᠢ ᠴᠡᠷᠢᠭ ᠤᠨ ᠬᠤᠳᠠ ᠴᠤᠭᠴᠠᠯᠠᠵᠠᠢ  ᠂  ᠬᠦᠨᠪᠤᠯᠠᠭ ᠲᠤ ︽ ᠤᠯᠠᠭᠠᠨ ᠬᠤᠳᠳᠤᠭ ᠤᠨ ᠬᠤᠳᠠ︾᠂  ︽ᠦᠷᠳᠡᠭᠡᠨ ᠤᠪᠤᠭᠠᠨ ᠤ ᠬᠤᠳᠠ︾᠂ ︽ᠵᠢᠷᠠᠨ ᠤᠰᠤᠨ ᠤ ᠬᠤᠳᠠ︾᠂ ︽ᠪᠤᠷᠤᠬᠤᠳᠠ︾ ᠵᠡᠷᠭᠡ ᠲᠦᠷᠪᠡᠨ ᠪᠠᠭ᠎ᠠ ᠪᠠᠯᠭᠠᠰᠤ ᠶᠢᠨ ᠪᠠᠭᠤᠷᠢ  ᠪᠠᠶᠢᠵᠤ᠂ ᠦᠷᠳᠡᠭᠡᠨ ᠤᠪᠤᠭ᠎ᠠ ᠪᠠ ᠪᠤᠷᠤᠬᠤᠳᠠ ᠶᠢᠨ ᠬᠤᠳᠠ ᠶᠢᠨ ᠡᠬᠦᠳᠡ᠂ ᠬᠠᠶᠢᠭᠤᠯ ᠤᠨ ᠠᠰᠠᠷ᠂ ᠬᠤᠳᠠ  ᠶᠢᠨ ᠬᠡᠷᠡᠮ ᠵᠡᠷᠭᠡ ᠨᠢ ᠡᠳᠦᠭᠡ ᠬᠦᠷᠳᠡᠯ᠎ᠡ  ᠲᠤᠳᠤᠷᠬᠠᠢ ᠮᠡᠳᠡᠭᠳᠡᠳᠡᠭ᠃ ᠪᠤᠷᠤᠬᠤᠳᠠ ᠭᠡᠰᠡᠨ ᠨᠡᠷ᠎ᠡ ᠨᠢ ᠡᠬᠦᠨ ᠠᠴᠠ ᠢᠷᠡᠭᠰᠡᠨ ᠨᠢ ᠪᠠᠳᠤᠳᠠᠢ᠃ ᠪᠤᠷᠤᠬᠤᠳᠠ ᠶᠢ  ᠬᠢᠳᠠᠳᠴᠤᠤᠯ ᠪᠠᠰᠠ ᠪᠠᠢ ᠮᠠ ᠴᠢᠦ᠋ᠨ  ︵ᠰᠠᠷᠠᠯ ᠠᠳᠤᠭᠤᠨ ᠰᠦᠷᠦᠭ ︶ ᠭᠡᠳᠡᠭ  ᠂  ᠡᠬᠦᠨ ᠤ ᠢᠷᠡᠯᠳᠡ  ᠭᠡᠪᠡᠯ  ᠬᠤᠸᠠ ᠮᠠ ᠴᠢᠦ᠋ᠨ ᠲᠠᠢ ᠠᠳᠠᠯᠢ  ᠃ ᠲᠠᠶᠢᠹᠤᠰᠧ  ᠵᠡᠬᠦᠨ ᠭᠠᠷ ᠤᠨ ᠠᠳᠤᠭᠤᠨ ᠰᠦᠷᠦᠭ ᠢ ᠠᠩᠬ᠎ᠠ ᠪᠠᠶᠢᠭᠤᠯᠬᠤ ᠳᠤ ᠴᠠᠬᠠᠷ ᠤᠨ ᠵᠡᠬᠦᠨ ᠭᠠᠷ ᠤᠨ ᠲᠦᠷᠪᠡᠨ ᠬᠤᠰᠢᠭᠤ ᠠᠴᠠ ᠠᠶᠢᠯ ᠡᠷᠦᠬᠡ ᠲᠠᠳᠠᠵᠤ ᠪᠠᠶᠢᠭᠤᠯᠵᠠᠢ᠃ ᠡᠶᠢᠮᠦ ᠠᠴᠠ ᠰᠦᠷᠦᠭ ᠤᠨ ᠲᠤᠳᠤᠷ᠎ᠠ ᠪᠠᠨ ᠪᠠᠰᠠ ᠬᠦᠪᠡᠭᠡᠳᠦ ᠰᠢᠷ᠎ᠠ᠂ ᠬᠦᠯᠦ ᠴᠠᠭᠠᠨ᠂  ᠬᠦᠪᠡᠭᠡᠳᠦ ᠴᠠᠭᠠᠨ᠂ ᠬᠦᠯᠦ ᠬᠦᠬᠡ᠂ ᠠᠬᠳᠠ ᠬᠡᠵᠦ ᠲᠠᠪᠤᠨ ᠬᠤᠰᠢᠭᠤ ᠬᠤᠪᠢᠶᠠᠳᠠᠭ ᠪᠠᠶᠢᠨ᠎ᠠ᠃ ᠠᠯᠪᠠᠨ ᠠᠳᠤᠭᠤ ᠶᠢ ᠵᠢᠰᠦ ᠪᠠᠷ ᠨᠢ ᠢᠯᠭᠠᠨ ᠰᠦᠷᠦᠭᠯᠡᠨ ᠮᠠᠯᠵᠢᠭᠰᠠᠨ ᠠᠴᠠ ᠬᠤᠶᠢᠰᠢ ᠴᠠᠭᠠᠨ ᠰᠠᠷᠠᠯ ᠵᠢᠰᠦᠮ ᠤᠨ ᠠᠳᠤᠭᠤᠨ ᠰᠦᠷᠦᠭ ᠢ ᠪᠤᠷᠤᠬᠤᠳᠠ ᠳᠤ ᠮᠠᠯᠵᠢᠵᠤ ᠪᠠᠶᠢᠪᠠ᠃     ᠪᠦᠬᠦᠳᠡ ᠶᠢᠨ ᠤᠪᠤᠭ᠎ᠠ —  ᠤᠤᠯ ᠤᠨ ᠬᠦᠪᠡᠭᠡᠳᠦ ᠴᠠᠭᠠᠨ ᠬᠤᠰᠢᠭᠤᠨ ᠤ ᠲᠦᠪ ᠤᠪᠤᠭ᠎ᠠ ᠪᠠᠶᠢᠵᠤ᠂ ᠬᠦᠪᠡᠭᠡᠳᠦ ᠴᠠᠭᠠᠨ ᠤ ᠬᠢᠨ ᠨᠡᠶᠢᠳᠡ ᠪᠠᠷ ᠢᠶᠠᠨ ᠲᠠᠬᠢᠳᠠᠭ  ᠤᠪᠤᠭ᠎ᠠ  ᠪᠤᠯᠤᠨ᠎ᠠ᠂ ᠲᠡᠭᠡᠭᠳ ᠪᠦᠬᠦᠳᠡ ᠶᠢᠨ ᠤᠪᠤᠭ᠎ᠠ  ᠭᠡᠵᠦ ᠨᠡᠷᠡᠯᠡᠨ᠂ ᠬᠤᠵᠢᠮ ᠨᠢ ᠤᠪᠤᠭᠠᠨ ᠡᠩᠬᠡᠷ ᠤᠨ ᠭᠡᠰᠡᠭ ᠠᠶᠢᠯ ᠡᠷᠦᠬᠡ ᠨᠢ ᠪᠦᠬᠦᠳᠡ ᠶᠢᠨ ᠤᠪᠤᠭ᠎ᠠ ᠭᠠᠴᠠᠭ᠎ᠠ  ᠪᠤᠯᠤᠭᠰᠠᠨ ᠪᠠᠶᠢᠨ᠎ᠠ᠃     ᠲᠤᠮᠳᠠ ᠪᠤᠩᠬᠤᠨ — ᠬᠦᠨᠪᠤᠯᠠᠭ ᠰᠤᠮᠤᠨ ᠤ ᠲᠤᠮᠳᠠ ᠤᠰᠤ ᠭᠠᠴᠠᠭᠠᠨ ᠳᠤ ᠲᠤᠮᠳᠠ ᠪᠤᠩᠬᠤᠨ ᠭᠡᠵᠦ ᠬᠤᠳᠠ ᠤᠰᠤᠨ ᠪᠤᠢ᠃  ᠡᠨᠡ  ᠲᠤᠬᠠᠢ ᠲᠤᠮᠤᠭ ᠭᠡᠪᠡᠯ᠂ ᠡᠷᠳᠡ ᠴᠠᠭ ᠲᠤ ᠡᠨᠡ  ᠨᠤᠳᠤᠭ ᠲᠤ ᠨᠡᠷ᠎ᠡ ᠶᠢ ᠨᠢ ᠦᠯᠦ ᠮᠡᠳᠡᠬᠦ‍ ᠨᠢᠬᠡ ᠵᠦᠢᠯ ᠤᠨ ᠬᠡᠭᠡᠷ᠎ᠡ ᠶᠢᠨ ᠠᠮᠢᠳᠠᠨ ᠪᠠᠶᠢᠵᠠᠢ᠂ ᠬᠦᠮᠦᠰ ᠲᠡᠬᠦᠨ ᠢ ︽ᠠᠯᠮᠠᠰ︾ ᠭᠡᠵᠦ ᠨᠡᠷᠡᠯᠡᠳᠡᠭ ᠪᠦᠬᠡᠳ ᠶᠡᠬᠡᠯᠡ  ᠮᠠᠭᠤ ᠢᠷᠸ᠎ᠠ ᠶᠢᠨ ᠠᠮᠢᠳᠠᠨ ᠬᠡᠵᠦ ᠦᠵᠡᠳᠡᠭ ᠪᠠᠶᠢᠪᠠ᠃ ᠡᠨᠡ  ᠠᠮᠢᠳᠠᠨ ᠭᠤᠷᠪᠠᠨ ᠲᠤᠬᠤᠢ ᠦᠨᠳᠦᠷ ᠪᠡᠶ᠎ᠡ ᠲᠠᠢ᠂ ᠪᠡᠶ᠎ᠡ ᠲᠦᠬᠦᠷᠡᠩ ᠬᠠᠷ᠎ᠠ ᠬᠦᠷᠡᠩ ᠦᠰᠦ ᠲᠠᠢ᠂  ᠴᠡᠭᠡᠵᠢᠨ ᠳᠡᠭᠡᠨ ᠤᠨᠵᠠᠶᠢᠭᠰᠠᠨ ᠲᠤᠮᠤ ᠭᠠᠭᠴᠠ ᠬᠦᠬᠦ ᠲᠠᠢ  ᠪᠦᠭᠡᠳ ᠬᠦᠮᠦᠨ ᠰᠢᠭ ᠬᠤᠶᠠᠷ ᠬᠦᠯ ᠢᠶᠠᠷ ᠬᠦᠶᠦᠳᠡᠭ ᠭᠡᠨ᠎ᠡ᠃ ᠲᠡᠷᠡ ᠠᠮᠢᠳᠠᠨ ᠬᠦᠬᠦ ᠪᠠᠨ ᠮᠦᠷᠦᠨ ᠲᠡᠭᠡᠷ᠎ᠡ ᠪᠠᠨ ᠡᠬᠦᠷᠴᠢᠭᠡᠪᠡᠯ ᠶᠡᠭᠡ ᠬᠤᠷᠳᠤᠨ ᠬᠦᠶᠦᠳᠡᠭ ᠪᠦᠭᠡᠳ ᠬᠦᠴᠦ ᠴᠢᠳᠠᠯ ᠨᠢ ᠴᠤ ᠨᠡᠮᠡᠭᠳᠡᠳᠡᠭ  ᠪᠠᠶᠢᠵᠤ᠂ ᠠᠷᠭᠠᠯᠠᠵᠤ ᠪᠠᠶᠢᠭᠠᠳ ᠠᠷᠭᠠᠯ ᠤᠨ ᠰᠠᠪᠠᠷ ᠢᠶᠠᠷ ᠬᠦᠬᠦ ᠶᠢ ᠨᠢ ᠪᠠᠭᠤᠯᠭᠠᠴᠢᠬᠠᠪᠠᠯ ᠬᠠᠷᠢᠨ ᠬᠦᠶᠦᠵᠦ ᠴᠢᠳᠠᠬᠤ ᠦᠬᠡᠢ ᠮᠦᠷᠳᠡᠭᠡᠨ ᠴᠢᠳᠠᠯ ᠲᠡᠩᠬᠡᠬᠡ ᠦᠬᠡᠢ ᠪᠤᠯᠴᠢᠬᠠᠳᠠᠭ ᠬᠡᠨ᠎ᠡ᠃ ᠡᠨᠡ  ᠠᠮᠢᠳᠠᠨ ᠮᠠᠯ ᠤᠨ ᠬᠠᠯᠠᠭᠤᠨ ᠰᠡᠪᠡᠰᠦᠨ ᠤ ᠦᠨᠦᠷ ᠲᠤ ᠮᠠᠰᠢ ᠰᠤᠷᠭᠤᠭ ᠭᠡᠳᠡᠭ᠃ ᠡᠷᠳᠡ ᠦᠶ᠎ᠡ ᠳᠤ ᠲᠤᠬᠤᠢ ᠶᠢᠨ ᠤᠰᠤᠨ ᠤ ᠨᠢᠬᠡᠨ ᠪᠠᠶᠠᠨ ᠠᠶᠢᠯ  ᠬᠤᠨᠢ ᠵᠠᠷᠤᠴᠢᠬᠠᠭᠠᠳ᠂ ᠡᠬᠡᠨᠡᠷ ᠪᠡᠷᠢ ᠬᠤᠶᠠᠷ ᠨᠢ ᠰᠡᠪᠡᠰᠦ ᠪᠠᠨ ᠠᠰᠬᠠᠵᠤ ᠪᠠᠶᠢᠳᠠᠯ᠎ᠠ  ᠦᠨᠦ ᠠᠮᠢᠳᠠᠨ ᠬᠦᠶᠦᠵᠦ ᠢᠷᠡᠭᠡᠳ ᠶᠡᠬᠡᠯᠡ  ᠲᠡᠪᠵᠢᠶᠠᠨ ᠪᠤᠯᠵᠤ᠂ ᠡᠷᠡᠴᠤᠳ ᠬᠦᠷᠵᠡ ᠰᠠᠪᠠᠷ ᠢᠶᠠᠷ ᠲᠡᠬᠦᠨ ᠢ ᠴᠤᠬᠢᠵᠤ ᠠᠯᠠᠵᠠᠢ᠃ ᠲᠡᠭᠡᠭᠡᠳ ᠯᠠᠮᠠ ᠵᠠᠯᠠᠵᠤ  ᠬᠦᠷᠢᠮ ᠬᠢᠯᠬᠡᠨ ᠲᠡᠬᠦᠨ ᠢ ᠤᠳᠤ ᠶᠢᠨ ᠲᠤᠮᠳᠠ ᠪᠤᠩᠬᠤᠨ ᠤ ᠵᠡᠬᠦᠨ ᠡᠮᠦᠨ᠎ᠡ ᠠᠭᠤᠯᠠ   ᠶᠢᠨ ᠡᠩᠬᠡᠷ ᠲᠤ ᠪᠤᠯᠠᠵᠤ  ᠂ ᠲᠠᠷᠤᠯᠭ᠎ᠠ ᠬᠢᠵᠦ ᠪᠤᠩᠬᠤᠨ ᠪᠤᠰᠬᠠᠨ ᠲᠠᠯᠪᠢᠭᠰᠠᠨ ᠠᠴᠠ ᠡᠨᠡ  ᠭᠠᠵᠠᠷ ᠢ ᠲᠤᠮᠳᠠ ᠪᠤᠩᠬᠤᠨ ᠭᠡᠵᠦ ᠨᠡᠷᠡᠯᠡᠭᠰᠡᠨ ᠪᠦᠬᠡᠳ ᠡᠬᠦᠨ ᠠᠴᠠ ᠬᠤᠶᠢᠰᠢ ᠲᠤᠬᠤᠢ ᠶᠢᠨ ᠠᠶᠢᠯ ᠶᠠᠮᠠᠷ ᠴᠢᠬᠤᠯᠠ  ᠤᠴᠢᠷ ᠲᠠᠢ ᠪᠤᠯᠤᠭᠰᠠᠨ ᠴᠤ ᠦᠳᠡᠰᠢ ᠤᠷᠤᠢ ᠮᠠᠯ ᠵᠠᠷᠤᠳᠠᠭ ᠦᠬᠡᠢ ᠵᠠᠩᠰᠢᠯ ᠲᠠᠢ ᠪᠤᠯᠤᠭᠰᠠᠨ ᠶᠤᠮ ᠬᠡᠨ᠎ᠡ᠃      ᠳ᠋ᠠ ᠯᠠᠮᠠ ᠶᠢᠨ ᠬᠤᠳᠠ —  ᠤᠳᠤ ᠶᠢᠨ ᠲᠡᠷᠡᠰᠦᠨ ᠠᠶᠢᠯ ᠭᠠᠴᠠᠭᠠᠨ ᠤ ᠡᠮᠦᠨ᠎ᠡ ᠬᠤᠳᠠ᠃  ᠤᠭ ᠨᠢ ᠬᠦᠯᠦ ᠴᠠᠭᠠᠨ ᠬᠤᠰᠢᠭᠤᠨ ᠤ  ᠵᠠᠩᠵᠠ ᠭᠡᠮᠡᠭᠴᠢ ᠬᠦᠮᠦᠨ ᠬᠤᠯᠤᠳᠤ ᠶᠢᠨ ᠰᠦᠮ᠎ᠡ ᠳᠤ ᠳ᠋ᠠ ᠯᠠᠮᠠ  ᠰᠠᠭᠤᠭᠰᠠᠨ  ᠢᠶᠠᠷ  ᠵᠠᠩᠵᠠ ᠳ᠋ᠠ ᠯᠠᠮᠠ   ᠶᠢᠨ ᠬᠤᠳᠠ ᠭᠡᠳᠡᠭ  ᠪᠠᠶᠢᠵᠠᠢ᠂  ᠲᠠᠷᠠᠭ᠎ᠠ ᠨᠢ ᠡᠨᠡ ᠨᠤᠳᠤᠭ ᠠᠴᠠ  ᠪᠦᠬᠡᠴᠢᠯᠠᠭᠤ ᠳ᠋ᠠ ᠯᠠᠮᠠ ᠵᠡᠷᠭᠡ ᠬᠤᠯᠤᠳᠤ ᠶᠢᠨ ᠰᠦᠮ᠎ᠡ ᠶᠢᠨ ᠳ᠋ᠠ ᠯᠠᠮᠠ ᠰᠠᠭᠤᠭᠰᠠᠳ ᠵᠠᠯᠭᠠᠪᠠᠷ ᠭᠠᠷᠴᠤ᠂ ᠭᠤᠷᠪᠠᠨ ᠦᠶ᠎ᠡ ᠶᠢᠨ ᠳ᠋ᠠ ᠯᠠᠮᠠ   ᠶᠢᠨ ᠬᠤᠳᠠ ᠪᠤᠯᠤᠭᠰᠠᠨ ᠢᠶᠠᠷ  ᠢᠩᠬᠢᠵᠦ ᠨᠡᠷᠡᠯᠡᠬᠦ  ᠪᠤᠯᠤᠭᠰᠠᠨ ᠭᠡᠨ᠎ᠡ᠃      ᠬᠡᠦᠭᠡᠳ ᠤᠨ ᠤᠪᠤᠭᠠᠨ ᠤ ᠲᠤᠮᠤᠭ  —  ᠶᠠᠫᠤᠨ  ᠪᠠᠭᠤᠵᠤ ᠦᠭᠬᠦᠭᠰᠡᠨ ᠤ ᠲᠠᠷᠠᠭ᠎ᠠ ᠵᠢᠯ  ᠲᠠᠶᠢᠹᠤᠰᠧ ᠵᠡᠬᠦᠨ ᠭᠠᠷ ᠰᠦᠷᠦᠭ ᠤᠨ ᠬᠤᠰᠢᠭᠤ ᠠᠮᠪᠠᠨ ᠰᠡᠷᠡᠩᠨᠠᠮᠵᠢᠯ ᠨᠤᠳᠤᠭ ᠤᠰᠤᠨ ᠤ ᠪᠠᠨ ᠬᠡᠶᠢᠮᠦᠷᠢ ᠰᠦᠯᠳᠡ ᠶᠢ ᠮᠠᠨᠳᠤᠭᠤᠯᠤᠨ᠎ᠠ ᠬᠡᠮᠡᠨ ᠤᠪᠤᠭ᠎ᠠ ᠪᠤᠩᠬᠤᠨ ᠢᠶᠠᠨ ᠰᠢᠨᠡᠳᠭᠡᠨ ᠵᠠᠰᠠᠵᠤ᠂ ᠠᠭᠤᠯᠠ ᠤᠰᠤᠨ ᠤ ᠪᠠᠨ ᠨᠠᠪᠳᠠᠭ ᠰᠠᠪᠳᠠᠭ  ᠢ  ᠰᠡᠷᠬᠦᠬᠡᠨ ᠲᠠᠬᠢᠬᠤ ᠠᠵᠢᠯ ᠢ ᠶᠡᠬᠡᠪᠡᠷ ᠬᠢᠭᠰᠡᠨ ᠪᠠᠶᠢᠵᠠᠢ᠃ ᠲᠡᠭᠡᠭᠡᠳ ᠲᠠᠷᠤᠭ᠎ᠠ ᠨᠤᠶᠠᠳ᠂ ᠯᠠᠮᠠ ᠬᠤᠸᠠᠷᠠᠭ  ᠂ ᠦᠵᠡᠬᠡᠴᠢ ᠰᠢᠨᠵᠢᠬᠡᠴᠢ ᠪᠠᠨ ᠲᠠᠭᠠᠭᠤᠯᠤᠨ᠂ ᠠᠭᠤᠯᠠ  ᠤᠰᠤ ᠶᠢ ᠰᠢᠨᠵᠢᠵᠦ ᠶᠠᠪᠤᠭᠰᠠᠭᠠᠷ ᠬᠠᠩᠭᠠᠢ ᠠᠭᠤᠯᠠ ᠶᠢᠨ ᠡᠩᠬᠡᠷ᠂ ᠬᠠᠰᠢᠶᠠᠳᠤ  ᠨᠠᠭᠤᠷ ᠤᠨ ᠬᠦᠪᠡᠭᠡ᠂ ᠪᠠᠷᠠᠭᠤᠨ ᠪᠤᠯᠠᠭ ᠤᠨ ᠰᠦᠪᠡᠭᠡᠨ ᠳᠤ ᠪᠠᠶᠢᠷᠢᠰᠢᠭᠰᠠᠨ ᠪᠢᠴᠢᠬᠠᠨ ᠴᠦᠮᠴᠦᠭᠡᠷ ᠠᠭᠤᠯᠠ   ᠶᠢ ᠰᠤᠩᠭᠤᠵᠤ᠂ ᠲᠠᠪᠤᠨ ᠬᠤᠰᠢᠭᠤᠨ ᠤ ᠭᠡᠦᠭᠡᠳ ᠤᠨ ᠤᠪᠤᠭ᠎ᠠ  ᠪᠤᠯᠭᠠᠵᠤ ᠰᠦᠵᠢᠭᠯᠡᠨ ᠲᠠᠬᠢᠭᠰᠠᠨ ᠬᠡᠨ᠎ᠡ  ᠃  ᠲᠤᠬᠠᠢ ᠶᠢᠨ ᠦᠶᠡᠰ ᠲᠠᠶᠢᠨ ᠲᠠᠵᠢᠨ ᠤ ᠲᠠᠯᠬᠢᠭᠳᠠᠯ᠂  ᠠᠮᠢᠳᠤᠷᠠᠯ ᠠᠬᠤᠢ ᠶᠢᠨ ᠬᠦᠴᠢᠷᠳᠡᠯ᠂ ᠡᠪᠡᠳᠴᠢᠨ ᠡᠮᠭᠡᠭ ᠤᠨ ᠨᠡᠮᠡᠭᠳᠡᠯ ᠵᠡᠷᠭᠡ ᠠᠴᠠ ᠰᠢᠯᠳᠠᠭᠠᠯᠠᠵᠤ᠂ ᠮᠠᠯᠵᠢᠬᠤ ᠤᠷᠤᠨ ᠳᠤ  ᠬᠡᠦᠭᠡᠳ ᠶᠡᠬᠡᠪᠡᠷ ᠴᠦᠭᠡᠷᠡᠭᠰᠡᠨ ᠪᠠᠶᠢᠵᠠᠢ᠃ 1947 ᠤᠨ ᠳᠤ ᠬᠡᠦᠭᠡᠳ ᠤᠨ ᠤᠪᠤᠭ᠎ᠠ   ᠶᠢ  ᠲᠠᠬᠢᠮᠠᠭᠴᠠ ᠭᠤᠴᠢ ᠬᠦᠷᠬᠦ ᠦᠬᠡᠢ  ᠠᠶᠢᠯ ᠡᠷᠦᠬᠡ ᠲᠠᠢ ᠬᠠᠰᠢᠶᠠᠳᠤ ᠨᠤᠳᠤᠭ ᠲᠤ ᠨᠢᠬᠡᠯᠡ ᠵᠢᠯ ᠳᠤ ᠠᠷᠪᠠᠨ ᠭᠡᠳᠦᠨ ᠬᠡᠦᠭᠡᠳ ᠲᠦᠷᠦᠭᠰᠡᠨ ᠶᠤᠮ ᠭᠡᠨ᠎ᠡ᠃ ᠡᠬᠦᠨ ᠢ ᠰᠤᠨᠤᠰᠤᠭᠰᠠᠨ ᠰᠡᠷᠡᠩᠨᠠᠮᠵᠢᠯ ᠠᠮᠪᠠᠨ ︽ᠲᠠᠪᠤᠨ ᠬᠤᠰᠢᠭᠤᠨ ᠤ ᠭᠡᠦᠭᠡᠳ ᠤᠨ ᠤᠪᠤᠭ᠎ᠠ  ᠶᠢ ᠬᠠᠰᠢᠶᠠᠳᠤ ᠳᠤ ᠰᠦᠭᠯᠡᠭᠰᠡᠨ ᠴᠢᠨᠢ ᠬᠡᠦᠳ ᠨᠢ ᠪᠦᠷ ᠬᠠᠰᠢᠶᠠᠳᠤ ᠳᠤ ᠲᠦᠷᠦᠴᠢᠭᠡᠭᠰᠡᠨ ᠶᠤᠮ ᠪᠤᠯᠪᠠᠤ︾ ᠭᠡᠵᠦ ᠪᠠᠶᠠᠷᠯᠠᠨ ᠬᠦᠭᠰᠡᠯ᠎ᠡ ᠬᠡᠵᠦ ᠨᠠᠰᠤᠳᠠᠶᠢᠴᠤᠳ ᠬᠠᠭᠤᠴᠢᠯᠠᠳᠠᠭ᠃       ᠬᠠᠷᠠᠯᠳᠠᠢ ᠮᠦᠮᠦ ᠶᠢᠨ ᠬᠤᠳᠳᠤᠭ — ᠲᠠᠶᠢᠹᠤᠰᠧᠴᠤᠳ ᠭᠤᠷᠪᠠᠨ ᠲᠦᠮᠡᠭᠡᠳ ᠠᠳᠤᠭᠤ ᠶᠢ ᠭᠤᠷᠪᠠᠨ ᠵᠠᠭᠤᠭᠠᠳ ᠵᠢᠯ ᠮᠠᠯᠵᠢᠭᠰᠠᠨ ᠤᠴᠢᠷ ᠤᠰᠤ ᠰᠠᠶᠢᠳᠠᠢ ᠬᠤᠳᠳᠤᠭ ᠪᠤᠶᠤ ᠨᠠᠭᠤᠷ ᠭᠤᠤᠯ ᠪᠢᠰᠢᠬᠦᠢ ᠤᠯᠠᠨ ᠪᠠᠶᠢᠬᠤ ᠶᠤᠰᠤᠳᠠᠢ᠂ ᠤᠴᠢᠷ ᠨᠢ ᠠᠳᠤᠭᠤ ᠶᠢ ᠭᠤᠤᠯᠳᠠᠭᠤ ᠬᠤᠳᠳᠤᠭ ᠪᠤᠯᠠᠭ ᠪᠤᠶᠤ ᠭᠤᠤᠯ ᠤᠨ ᠴᠡᠪᠡᠷ ᠤᠰᠤ ᠪᠠᠷ ᠤᠰᠤᠯᠠᠳᠠᠭ ᠪᠠᠶᠢᠨ᠎ᠠ᠃ ᠲᠠᠶᠢᠹᠤᠰᠧ  ᠵᠡᠬᠦᠨ ᠭᠠᠷ ᠰᠦᠷᠦᠭ ᠲᠤ ᠵᠦᠪᠬᠡᠨ ᠠᠳᠤᠭᠤ ᠨᠢ 75 ᠰᠦᠷᠦᠭ  ︵300 —400 ᠠᠳᠤᠭᠤ ᠨᠢᠬᠡ ᠰᠦᠷᠦᠭ︶ ᠪᠠᠶᠢᠭᠰᠠᠨ ᠲᠤᠯᠠ ᠨᠠᠭᠠᠳᠤ ᠵᠠᠬ᠎ᠠ ᠨᠢ 75 ᠤᠰᠤ ᠰᠠᠶᠢᠳᠠᠢ ᠬᠤᠳᠳᠤᠭ ᠪᠤᠶᠤ ᠪᠤᠯᠠᠭ ᠭᠡᠷᠡᠭᠯᠡᠵᠦ ᠪᠠᠶᠢᠵᠠᠢ᠃ ᠨᠠᠰᠤᠳᠠᠶᠢᠴᠤᠳ ᠤᠨ ᠤᠯᠠᠮᠵᠢᠯᠠᠯ  ᠶᠠᠷᠢᠶ᠎ᠠ ᠶᠢ ᠦᠨᠳᠦᠰᠦᠯᠡᠪᠡᠯ᠂  ᠮᠢᠩᠭᠠᠨ ᠠᠳᠤᠭᠤ ᠤᠰᠤᠯᠠᠭᠠᠳ ᠰᠢᠷᠬᠢᠳᠡᠭ ᠦᠬᠡᠢ ᠰᠦᠵᠢ ᠬᠤᠳᠳᠤᠭ ᠤᠯᠠᠨ ᠪᠠᠶᠢᠯ᠎ᠠ ᠭᠡᠳᠡᠭ᠃  ᠵᠢᠱᠢᠶᠡᠯᠡᠪᠡᠯ᠂ ᠡᠷᠳᠡ ᠴᠠᠭ ᠡᠨᠡ ᠨᠤᠳᠤᠭ ᠲᠤ ᠬᠠᠷᠠᠯᠳᠠᠢ ᠮᠦᠮᠦ ᠬᠡᠵᠦ ᠨᠢᠬᠡᠨ ᠠᠶᠢᠬᠤᠪᠳᠤᠷ ᠪᠠᠶᠠᠨ ᠬᠦᠭᠰᠢᠨ ᠪᠠᠶᠢᠵᠠᠢ᠃  ᠵᠠᠩᠵᠢᠶ᠎ᠠ ᠬᠡᠬᠡᠨ ᠤᠳᠠᠢ ᠶᠢᠨ ᠰᠦᠮ᠎ᠡ ᠠᠴᠠ  ᠲᠤᠯᠤᠨᠨᠤᠤᠷ ᠤᠨ ᠰᠦᠮ᠎ᠡ ᠵᠦᠭ ᠢᠶᠠᠨ  ᠪᠤᠴᠠᠬᠤ ᠵᠠᠮ ᠳᠤ ᠵᠠᠷᠤᠳᠠᠯ ᠮᠦᠩᠬᠦ ᠮᠡᠬᠦᠰᠳᠡᠬᠦ ᠳᠡᠭᠡᠨ ᠬᠠᠷᠠᠯᠳᠠ ᠮᠦᠮᠦ ᠶᠢᠨ ᠳᠤ ᠪᠠᠭᠤᠵᠤ ᠬᠤᠨᠤᠭᠯᠠᠭᠠᠳ᠂ ᠶᠠᠪᠤᠬᠤ ᠳᠠᠭᠠᠨ ᠪᠠᠰᠠ ᠬᠠᠷᠠᠯᠳᠠ ᠮᠦᠮᠦ  ᠠᠴᠠ ᠵᠤᠭᠤᠰ ᠮᠦᠩᠬᠦ ᠵᠢᠭᠡᠯᠡᠭᠰᠡᠨ ᠭᠡᠳᠡᠭ᠃ ᠲᠡᠬᠦᠨ ᠤ ᠲᠡᠮᠡᠭᠡᠨ ᠰᠦᠷᠦᠭ ᠨᠢ ᠤᠯᠠᠭᠠᠨ ᠨᠠᠭᠤᠷ ᠤᠨ ᠶᠡᠭᠡ ᠲᠡᠷᠡᠰᠦ ᠶᠢ ᠪᠦᠷᠬᠦᠨ ᠪᠡᠯᠴᠢᠵᠦ᠂  ᠲᠡᠮᠡᠭᠡᠳ ᠤᠨ ᠲᠦᠷᠦᠬᠦᠴᠢ ᠨᠢ  ᠮᠠᠩᠬᠠᠨ ᠬᠤᠳᠳᠤᠭ ᠤᠨ ᠤᠰᠤᠨ ᠳᠤ  ᠤᠷᠤᠭᠠᠳ ᠤᠮᠳᠠᠯᠠᠵᠤ ᠪᠠᠶᠢᠬᠤ ᠳᠤ ᠰᠡᠬᠦᠯᠴᠢ ᠨᠢ ᠬᠤᠸᠠ ᠨᠠᠭᠤᠷ ᠤᠨ ᠬᠦᠯ ᠠᠴᠠ ᠭᠠᠷᠴᠤ ᠢᠷᠡᠭᠡ ᠦᠬᠡᠢ ᠪᠠᠶᠢᠳᠠᠭ ᠭᠡᠨ᠎ᠡ᠂ ᠵᠦᠪᠬᠡᠨ ᠲᠡᠮᠡᠬᠡᠨ ᠰᠦᠷᠦᠭ ᠨᠢ ᠴᠤ ᠭᠡᠳ ᠲᠤᠭ᠎ᠠ ᠦᠬᠡᠢ ᠤᠯᠠᠨ ᠪᠤᠯᠬᠤᠷ ᠬᠦᠭᠰᠢᠨ ᠰᠦᠷᠦᠭ  ᠤᠨ ᠢᠶᠠᠨ ᠲᠤᠭ᠎ᠠ ᠶᠢ ᠨᠢ ᠮᠡᠳᠡᠳᠡᠭ ᠦᠬᠡᠢ  ᠪᠠᠶᠢᠵᠠᠢ᠂  ᠨᠠᠰᠤᠳᠠᠨ ᠲᠡᠮᠡᠭᠡᠳ ᠢᠶᠠᠨ ᠦᠵᠡᠨ ᠪᠠᠶᠠᠰᠴᠤ   ︽ᠤᠯᠠᠭᠠᠨ ᠨᠠᠭᠤᠷ ᠤᠨ ᠲᠡᠷᠡᠰᠦ ᠠᠷᠪᠢᠨ ᠤᠤ᠂ ᠮᠢᠨᠦ ᠲᠡᠮᠡᠭᠡ ᠠᠷᠪᠢᠨ ᠤᠤ  ᠭᠡᠵᠦ  ᠤᠴᠠᠷᠠᠭᠰᠠᠨ ᠬᠦᠮᠦᠨ ᠠᠴᠠ ᠠᠰᠠᠭᠤᠳᠠᠭ ᠬᠡᠨ᠎ᠡ᠃ ᠲᠡᠬᠦᠨ ᠤ  ᠭᠡᠷᠡᠭᠯᠡᠳᠡᠭ ᠬᠤᠳᠳᠤᠭ ᠨᠢ ᠮᠢᠩᠭᠠᠨ ᠲᠡᠮᠡᠭᠡ ᠤᠰᠤᠯᠠᠭᠠᠳ ᠰᠢᠷᠬᠢᠳᠡᠭ ᠦᠬᠡᠢ ᠰᠠᠶᠢᠨ ᠬᠤᠳᠳᠤᠭ ᠪᠤᠯᠬᠤᠷ ᠬᠠᠷᠠᠯᠳᠠᠢ ᠮᠦᠮᠦ ᠶᠢᠨ ᠬᠤᠳᠳᠤᠭ ᠬᠡᠵᠦ ᠬᠤᠯᠠ  ᠤᠶᠢᠷ᠎ᠠ ᠳᠠᠭᠠᠨ ᠠᠯᠳᠠᠷᠰᠢᠭᠰᠠᠨ ᠪᠠᠶᠢᠨ᠎ᠠ᠃ ᠤᠳᠤ ᠡᠨᠡ  ᠬᠤᠳᠳᠤᠭ ᠤᠨ ᠪᠠᠭᠤᠷᠢ ᠨᠢ ᠪᠠᠰᠠ ᠤᠰᠤ ᠲᠠᠢ ᠬᠤᠩᠬᠤᠷ ᠪᠤᠯᠵᠤ ᠲᠤᠭᠳᠠᠭᠰᠠᠨ ᠪᠠᠶᠢᠳᠠᠭ᠃       ᠪᠦᠯᠬᠦᠮ ᠠᠭᠤᠯᠠ  — ᠪᠤᠷᠤᠬᠤᠳᠠ ᠶᠢᠨ ᠨᠤᠳᠤᠭ ᠳᠤ ᠪᠠᠶᠢᠭ᠎ᠠ ᠠᠭᠤᠯᠠ᠂ ᠤᠤᠯ ᠨᠡᠷ᠎ᠡ ᠨᠢ ᠴᠢᠯᠠᠭᠤᠨ ᠡᠩᠭᠡᠷ ᠭᠡᠳᠡᠭ ᠪᠠᠶᠢᠵᠠᠢ᠃ ᠤᠷᠢᠳᠤ ᠪᠤᠷᠤᠬᠤᠳᠠ ᠶᠢᠨ ᠭᠤᠤᠯ ᠤᠨ ᠵᠡᠬᠦᠨᠳᠡᠬᠢ ᠤᠯᠠᠩᠬᠢ ᠠᠶᠢᠯ ᠨᠢ ᠠᠭᠳᠠᠨ ᠬᠤᠰᠢᠭᠤᠨ ᠤ ᠠᠶᠢᠯ ᠡᠷᠦᠬᠡ᠂ ᠭᠤᠤᠯ ᠤᠨ  ᠪᠠᠷᠠᠭᠤᠨ ᠡᠮᠦᠨᠡᠬᠢ ᠠᠶᠢᠯ   ᠤᠳ ᠤᠨ ᠶᠡᠬᠡᠩᠬᠢ ᠨᠢ ᠬᠦᠯᠦ ᠬᠦᠬᠡ  ᠶᠢᠨ ᠠᠶᠢᠯ ᠪᠠᠶᠢᠵᠤ᠂ ᠬᠤᠭᠤᠷᠤᠨᠳᠤ ᠪᠠᠨ ᠲᠡᠮᠡᠢ ᠬᠠᠷᠢᠯᠴᠠᠭ᠎ᠠ ᠶᠠᠪᠤᠯᠴᠠᠭ᠎ᠠ ᠦᠬᠡᠢ  ᠪᠠᠶᠢᠵᠠᠢ᠃ ᠲᠠᠪᠢᠭᠠᠳ ᠤᠨ ᠤ ᠨᠢᠬᠡ ᠨᠠᠮᠤᠷ ᠤᠨ ᠬᠠᠳᠤᠯᠠᠩ ᠢᠶᠠᠷ ᠭᠤᠯᠤᠵᠠᠪ ᠭᠡᠳᠡᠭ ᠬᠦᠮᠦᠨ ᠬᠤᠶᠠᠷ ᠬᠤᠳᠠᠨ ᠤ ᠬᠦᠮᠦᠰ   ᠢ ᠲᠠᠶᠢᠴᠢᠯᠠᠨ᠂ ᠡᠨᠡ  ᠠᠭᠤᠯᠠᠨ ᠤ ᠡᠩᠭᠡᠷ ᠲᠤ ᠦᠪᠦᠩ ᠪᠤᠰᠬᠠᠵᠤ  ᠡᠪᠡᠰᠦ ᠬᠠᠳᠤᠵᠤ ᠰᠠᠭᠤᠭᠰᠠᠨ ᠢᠶᠠᠷ ᠬᠤᠶᠠᠷ ᠬᠤᠳᠠᠨ ᠤ ᠬᠦᠮᠦᠰ  ᠤᠨ ᠪᠦᠯᠬᠦᠮᠳᠡᠯ ᠢ ᠶᠡᠬᠡᠪᠡᠷ ᠠᠬᠢᠭᠤᠯᠤᠭᠰᠠᠨ ᠪᠠᠶᠢᠨ᠎ᠠ᠃ ᠲᠡᠭᠡᠭᠡᠳ ᠡᠨᠡᠬᠦ ᠶᠠᠪᠤᠳᠠᠯ ᠢ ᠡᠬᠦᠷᠢᠳᠡ ᠲᠤᠷᠠᠰᠬᠠᠬᠤ ᠶᠢᠨ ᠲᠦᠯᠦᠬᠡ  ᠡᠨᠡ ᠠᠭᠤᠯᠠ ᠶᠢ ᠪᠦᠯᠬᠦᠮ  ᠭᠡᠵᠦ ᠨᠡᠷᠡᠯᠡᠭᠰᠡᠨ ᠭᠡᠳᠡᠭ᠃       ᠬᠠᠪᠴᠢᠯ ᠰᠢᠷᠡᠭᠡ — ᠰᠠᠶᠢᠬᠠᠨᠨᠠᠭᠤᠷ ᠭᠠᠴᠠᠭᠠᠨ ᠤ ᠠᠷᠤ ᠳᠤ  ᠪᠠᠶᠢᠭ᠎ᠠ ᠡᠨᠡᠬᠦ  ᠰᠢᠷᠡᠭᠡ ᠳᠤ ᠪᠠᠰᠠ ᠨᠢᠭᠡ ᠲᠤᠮᠤᠭ ᠶᠠᠷᠢᠶ᠎ᠠ ᠪᠠᠶᠢᠳᠠᠭ᠃  ᠤᠷᠢᠳᠤ ᠴᠠᠭ ᠲᠤ ᠨᠢᠬᠡ ᠯᠠᠮᠠ ᠡᠨᠡᠬᠦᠷ ᠪᠠᠳᠢᠷ ᠪᠠᠷᠢᠵᠤ ᠶᠠᠪᠤᠬᠤ ᠳᠠᠭᠠᠨ  ᠡᠨᠡ ᠨᠤᠳᠤᠭ ᠲᠤ ᠲᠠᠪᠤᠰᠤ ᠲᠤᠳᠠᠵᠤ ᠪᠠᠶᠢᠭ᠎ᠠ ᠶᠢ ᠤᠯᠵᠤ  ᠬᠠᠷᠠᠭᠠᠳ᠂   ᠪᠤᠶᠠᠨ ᠦᠢᠯᠡᠳᠬᠦ ᠦᠷᠦᠪᠴᠢᠬᠡᠨ ᠰᠡᠳᠬᠢᠯ  ᠢᠶᠠᠷ ᠡᠨᠡ ᠭᠤᠤ ᠶᠢ ᠮᠠᠯᠳᠠᠨ ᠤᠰᠤ ᠵᠠᠯᠠᠭᠰᠠᠨ ᠤ ᠬᠠᠮᠳᠤ᠂ ᠲᠠᠪᠤᠨ ᠵᠠᠭᠤᠨ ᠲᠡᠷᠭᠡ ᠲᠠᠪᠤᠰᠤ ᠲᠡᠭᠡᠭᠡᠵᠦ  ᠠᠪᠴᠢᠷᠠᠭᠠᠳ ᠠᠳᠡ ᠲᠠᠷᠢᠭᠰᠠᠨ   ᠢᠶᠠᠷ ᠰᠢᠷᠡᠭᠡ ᠲᠠᠮᠵᠢᠭᠰᠠᠨ ᠶᠡᠭᠡ ᠭᠤᠤ ᠪᠠᠷ ᠨᠢ ᠦᠷᠬᠦᠯᠵᠢ ᠭᠤᠤᠯ ᠭᠤᠷᠤᠬ᠎ᠠ ᠤᠷᠤᠰᠴᠤ  ᠂  ᠮᠦᠨ ᠡᠨᠡ ᠲᠠᠪᠤᠰᠤᠨ ᠭᠤᠤ   ᠨᠢ ᠤᠶᠢᠷ᠎ᠠ ᠤᠷᠴᠢᠮ ᠤᠨ ᠬᠦᠮᠦᠰ ᠤᠨ ᠠᠮᠢᠳᠤᠷᠠᠯ ᠳᠤ ᠶᠡᠬᠡᠬᠡᠨ ᠲᠦᠬᠦᠮ ᠦᠵᠡᠬᠦᠯᠦᠯ᠎ᠡ ᠭᠡᠳᠡᠭ᠃        ᠲᠤᠭᠤᠷᠤᠤ ᠶᠢᠨ ᠲᠠᠯ᠎ᠠ —  ᠰᠠᠶᠢᠬᠠᠨᠨᠠᠭᠤᠷ ᠤᠨ ᠨᠤᠳᠤᠭ ᠲᠤ ᠪᠠᠶᠢᠭ᠎ᠠ ᠡᠨᠡᠬᠦ ᠬᠤᠶᠠᠷ ᠲᠦᠮᠡ  ᠭᠠᠷᠤᠢ ᠮᠤ᠋  ᠠᠭᠤᠳᠠᠮ ᠲᠡᠨᠢᠬᠡᠷ᠂ ᠨᠢᠳᠦ ᠠᠯᠳᠠᠮ᠎ᠠ ᠰᠠᠶᠢᠬᠠᠨ ᠲᠠᠯ᠎ᠠ ᠳᠤ ᠬᠦᠭᠡ ᠲᠤᠭᠤᠷᠤᠤ᠂ ᠠᠯ ᠰᠡᠬᠦᠯ᠂ ᠬᠠᠷᠬᠢᠷ᠎ᠠ ᠵᠡᠷᠭᠡ ᠤᠯᠠᠨ ᠲᠦᠷᠦᠯ ᠤᠨ ᠲᠤᠭᠤᠷᠤᠤ ᠰᠢᠪᠠᠭᠤᠳ ᠡᠭᠡᠨᠡᠭᠰᠢᠨ ᠠᠮᠢᠳᠤᠷᠠᠵᠤ᠂ ᠬᠤᠨᠢ ᠰᠦᠷᠦᠭ ᠰᠢᠭ ᠢᠷᠠᠶᠢᠵᠤ ᠪᠡᠯᠴᠢᠭᠡᠳ ᠬᠤᠪᠢ ᠶᠢᠨ ᠭᠠᠳᠠᠨ᠎ᠠ ᠦᠵᠡᠰᠬᠦᠯᠡᠩ ᠲᠠᠢ ᠬᠠᠷᠠᠭᠳᠠᠳᠠᠭ ᠠᠴᠠ ᠬᠦᠮᠦᠰ ᠲᠤᠭᠤᠷᠤᠤᠨ ᠲᠠᠯ᠎ᠠ ᠭᠡᠵᠦ ᠨᠡᠷᠡᠰᠢᠭᠰᠡᠨ ᠠᠵᠢ᠃       ᠠᠯᠳᠠᠨ ᠤᠪᠤᠭ᠎ᠠ —   ᠤᠳᠤ ᠲᠠᠶᠢᠹᠤᠰᠧ ᠬᠤᠰᠢᠭᠤᠨ ᠤ ᠮᠠ ᠹᠠᠩ ᠽᠢ ᠶᠢᠨ ᠨᠤᠳᠤᠭ ᠲᠤ ᠪᠤᠢ᠂ ᠤᠷᠢᠳᠤ ᠠᠭᠳᠠᠨ ᠰᠤᠮᠤᠨ ᠤ ᠲᠠᠬᠢᠳᠠᠭ ᠤᠪᠤᠭ᠎ᠠ ᠪᠤᠯᠤᠨ᠎ᠠ᠃ ᠡᠨᠡ  ᠤᠪᠤᠭᠠᠨ ᠤ ᠴᠢᠯᠠᠭᠤᠨ ᠲᠡᠭᠡᠷ᠎ᠡ ᠪᠠᠰᠠ ᠮᠤᠷᠢᠨ ᠲᠤᠭᠤᠷᠠᠢ ᠶᠢᠨ ᠰᠢᠬᠢᠳᠦᠭᠰᠡᠨ ᠤᠷᠤᠮ ᠪᠠᠶᠢᠳᠠᠭ ᠪᠠᠶᠢᠬᠤ ᠶᠢ ᠬᠦᠮᠦᠰ ︽ᠴᠢᠩᠬᠢᠰ ᠤᠨ ᠮᠤᠷᠢᠨ ᠲᠤᠭᠤᠷᠠᠢ  ᠶᠢᠨ ᠤᠷᠤᠮ︾ ᠭᠡᠵᠦ ᠪᠡᠯᠭᠡᠰᠢᠶᠡᠨ ᠶᠠᠷᠢᠳᠠᠭ᠃       ᠴᠢᠪᠠᠭᠠᠨᠴᠠ ᠶᠢᠨ ᠡᠩᠬᠡᠷ — ᠪᠤᠷᠤᠬᠤᠳᠠ ᠭᠠᠴᠠᠭᠠᠨ ᠤ ᠨᠤᠳᠤᠭ ᠲᠤ ᠪᠤᠢ᠃ ᠡᠷᠳᠡ ᠤᠷᠢᠳᠤ ᠴᠠᠭ ᠲᠤ᠂ ᠬᠤᠶᠠᠷ ᠴᠢᠪᠠᠭᠠᠨᠴᠠ ᠤᠳᠠᠢ ᠳᠤ ᠮᠦᠷᠬᠦᠯ ᠬᠢᠬᠦ ᠪᠠᠷ ᠶᠠᠪᠤᠵᠤ ᠪᠠᠶᠢᠭᠠᠳ ᠡᠨᠡ  ᠠᠭᠤᠯᠠ   ᠶᠢᠨ ᠡᠩᠬᠡᠷ ᠲᠤ ᠨᠠᠰᠤ ᠪᠠᠷᠠᠭᠰᠠᠨ ᠠᠴᠠ ᠬᠦᠮᠦᠰ ᠡᠨᠡ  ᠠᠭᠤᠯᠠ   ᠶᠢ ᠴᠢᠪᠠᠭᠠᠨᠴᠠ ᠶᠢᠨ ᠡᠩᠬᠡᠷ ᠬᠡᠵᠦ ᠨᠡᠷᠡᠯᠡᠭᠰᠡᠨ ᠭᠡᠨ᠎ᠡ᠃       ᠬᠤᠯᠤᠳᠤ ᠶᠢᠨ ᠰᠦᠮ᠎ᠡ — ᠪᠠᠰᠠ ᠡᠬᠦᠷᠢᠳᠡ ᠪᠤᠶᠠᠨᠳᠤ ᠰᠦᠮ᠎ᠡ ᠭᠡᠳᠡᠭ᠃ ᠠᠷᠠᠳ ᠤᠨ ᠲᠤᠮᠤᠭ ᠶᠠᠷᠢᠶᠠᠨ  ᠳᠤ ᠡᠵᠡᠨ ᠬᠠᠭᠠᠨ ᠠᠳᠤᠭᠤᠨ ᠰᠦᠷᠦᠭ ᠢᠶᠠᠨ ᠰᠠᠬᠢᠭᠤᠯᠬᠤ ᠪᠠᠷ ᠡᠨᠡᠳᠭᠡᠭ ᠤᠨ ᠪᠤᠷᠬᠠᠨ ᠤ ᠤᠷᠤᠨ ᠠᠴᠠ ᠴᠤᠯᠤ ᠽᠠᠨᠳᠠᠨ ᠢᠶᠠᠷ ᠪᠦᠳᠦᠭᠡᠭᠰᠡᠨ ᠬᠠᠶ᠋ᠢᠩᠬᠢᠷᠸ᠎ᠠ ᠪᠤᠷᠬᠠᠨ ᠢ ᠵᠠᠯᠠᠵᠤ  ᠠᠪᠴᠢᠷᠠᠭᠠᠳ ᠡᠬᠦᠪᠡᠷ ᠦᠩᠬᠡᠷᠡᠬᠦ ᠳᠤ ᠪᠤᠷᠬᠠᠨ ᠠᠴᠢᠭᠰᠠᠨ ᠲᠡᠷᠭᠡ ᠨᠢ ᠬᠡᠨᠡᠳᠳᠡ ᠬᠦᠳᠡᠯᠬᠦ ᠦᠬᠡᠢ ᠪᠤᠯᠤᠭᠰᠠᠨ ᠲᠤᠯᠠ ᠠᠳᠡ ᠰᠦᠮ᠎ᠡ ᠪᠠᠶᠢᠭᠤᠯᠤᠭᠠᠳ ᠰᠢᠳᠦᠭᠡᠨ ᠪᠤᠯᠭᠠᠨ ᠲᠠᠬᠢᠵᠤ ᠭᠡᠨ᠎ᠡ᠃ ᠲᠡᠭᠡᠷ᠎ᠡ ᠵᠠᠭᠤᠨ ᠤ ᠲᠠᠪᠢᠭᠠᠳ ᠤᠨ ᠳᠤ ᠲᠤᠰ ᠰᠦᠮ᠎ᠡ ᠶᠢ ᠨᠤᠷᠠᠭᠠᠵᠠᠢ᠃      ᠡᠬᠦᠨ ᠠᠴᠠ ᠭᠠᠳᠠᠨ᠎ᠠ᠂  ᠤᠯᠠᠭᠠᠨ ᠬᠠᠳᠠ᠂  ᠴᠠᠭᠠᠨ ᠤᠪᠤᠭ᠎ᠠ  ᠂  ᠭᠠᠷᠤᠳᠢ   ᠶᠢᠨ ᠬᠤᠰᠢᠭᠤ᠂ ᠬᠤᠷᠭᠤ  ᠬᠠᠶᠢᠷᠬᠠᠨ᠂ ᠬᠤᠸᠠ ᠨᠠᠭᠤᠷ ᠵᠡᠷᠭᠡ  ᠭᠡᠯᠪᠡᠷᠢ ᠲᠦᠷᠬᠦ ᠪᠠᠷ ᠨᠢ ᠨᠡᠷᠡᠯᠡᠭᠰᠡᠨ ᠠᠭᠤᠯᠠ ᠤᠰᠤ  ᠪᠠ  ᠠᠭᠳᠠᠨ ᠴᠠᠭᠠᠨ ᠤᠪᠤᠭ᠎ᠠ  ᠂ ᠭᠡᠷᠡᠶᠢᠳ ᠤᠨ ᠤᠪᠤᠭ᠎ᠠ  ᠂ ᠭᠡ᠊ ᠬᠤᠰᠠᠢ ᠶᠢᠨ ᠤᠪᠤᠭ᠎ᠠ  ᠂  ᠢ᠊ ᠬᠤᠰᠠᠢ ᠶᠢᠨ ᠨᠠᠭᠤᠷ᠂ ᠪᠦᠷᠵᠢ  ᠶᠢᠨ ᠬᠤᠳᠠ᠂ ᠯᠠᠳᠠᠢ ᠶᠢᠨ ᠬᠤᠳᠠ ᠵᠡᠷᠭᠡ  ᠤᠪᠤᠭ ᠠᠶᠢᠮᠠᠭ ᠪᠤᠶᠤ  ᠬᠦᠮᠦᠨ ᠤ ᠨᠡᠷ᠎ᠡ ᠪᠠᠷ ᠨᠡᠷᠡᠶᠢᠳᠦᠭᠰᠡᠨ ᠤᠪᠤᠭ᠎ᠠ ᠰᠠᠷᠢᠳᠠᠭ  ᠂ ᠬᠤᠳᠠ ᠤᠰᠤ ᠵᠢᠴᠢ ᠪᠠᠳᠢᠷᠴᠢᠨ ᠠᠮᠠ᠂ ᠴᠠᠭᠠᠨ ᠬᠤᠳᠠᠭᠠᠢ ᠠᠭᠤᠯᠠ᠂ ᠠᠪᠳᠠᠷᠠᠳᠤ ᠵᠡᠷᠭᠡ  ᠬᠠᠴᠢᠨ ᠰᠤᠨᠢᠨ ᠨᠡᠷᠡᠶᠢᠳᠦᠯ ᠲᠠᠢ ᠠᠭᠤᠯᠠ ᠭᠤᠤᠯ ᠴᠤ ᠵᠦᠩᠳᠡᠭᠡᠨ ᠤᠯᠠᠨ ᠪᠠᠶᠢᠳᠠᠭ᠃        ᠲᠠᠶᠢᠹᠤᠰᠧ  ᠵᠡᠬᠦᠨ ᠭᠠᠷ — ᠬᠦᠨᠪᠤᠯᠠᠭ ᠤᠨ ᠠᠭᠤᠯᠠ ᠤᠰᠤᠨ ᠤ ᠲᠤᠮᠤᠭ ᠡᠨᠡᠬᠡᠨ ᠢᠶᠠᠷ ᠪᠠᠷᠠᠬᠤ ᠪᠢᠰᠢ᠂  ᠤᠨ ᠵᠢᠯ ᠤᠨ ᠤᠷᠳᠤ ᠳᠤ ᠵᠠᠷᠢᠮ ᠨᠢ ᠮᠠᠷᠳᠠᠭᠳᠠᠵᠤ  ᠂  ᠮᠡᠳᠡᠬᠦ ᠬᠦᠮᠦᠰ ᠴᠦᠭᠡᠷᠡᠭᠰᠡᠨ ᠪᠤᠯᠬᠤᠷ  ᠨᠢᠭᠡᠳ ᠨᠢᠬᠡ  ᠪᠠᠷ ᠨᠠᠷᠢᠨ ᠲᠡᠮᠳᠡᠭᠯᠡᠵᠦ ᠡᠰᠡ ᠴᠢᠳᠠᠪᠠ᠃      ᠲᠤᠳᠤᠷᠬᠠᠶᠢᠯᠠᠬᠤ ᠨᠢ᠄  ᠡᠳᠡᠭᠡᠷ ᠮᠠᠲ᠋ᠧᠷᠢᠶᠠᠯ ᠢ ᠰᠤᠶᠤᠯ ᠲᠡᠦᠬᠡᠨ ᠮᠠᠲ᠋ᠧᠷᠢᠶᠠᠯ ᠪᠤᠶᠤ ᠬᠤᠳᠠ ᠤᠰᠤᠨ ᠤ ᠲᠡᠦᠬᠡ ᠴᠠᠳᠢᠭ᠂ ᠨᠤᠳᠤᠭ ᠤᠨ ᠠᠬᠠᠮᠠᠳ ᠤᠨ ᠠᠮᠠᠨ ᠶᠠᠷᠢᠶᠠᠨ ᠠᠴᠠ ᠡᠮᠬᠢᠳᠭᠡᠨ ᠠᠪᠤᠪᠠᠢ᠃    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号