ᠤᠯᠠᠮᠵᠢᠯᠠᠯᠳᠤ ᠲᠡᠷᠭᠡ ᠬᠦᠰᠭᠡ  —  ᠰᠡᠦᠬᠡ ᠲᠡᠷᠭᠡ
ᠨᠡᠶᠢᠲᠡᠯᠡᠭᠰᠡᠨ ᠴᠠᠭ᠄
2024/8/2
  ᠰᠡᠦᠬᠡ ᠲᠡᠷᠭᠡ ᠶᠢ ᠪᠤᠯ ᠨᠤᠶᠠᠳ ᠬᠠᠪᠠᠨ᠂ ᠶᠡᠬᠡᠰ ᠯᠠᠮᠠ  ᠨᠠᠷ ᠭᠡᠷᠡᠭᠯᠡᠬᠦ ᠠᠴᠠ ᠪᠢᠰᠢ᠂ ᠬᠠᠷᠠᠴᠤᠰ ᠪᠠᠷᠤᠭ ᠭᠡᠷᠡᠭᠯᠡᠳᠡᠭ ᠦᠬᠡᠢ᠃ ᠬᠠᠷᠠᠴᠤᠰ ᠠᠶᠠᠨ ᠵᠢᠩ ᠳᠤ ᠶᠠᠪᠤᠬᠤ ᠳᠠᠭᠠᠨ ᠬᠠᠮᠪᠤᠨ ᠲᠡᠷᠭᠡᠨ ᠤ ᠮᠤᠳᠤᠨ ᠬᠠᠰᠢᠯᠭᠠᠨ ᠳᠤ ᠪᠤᠷᠭᠠᠰᠤ ᠮᠡᠳᠡᠵᠦ  ᠮᠤᠬᠤᠯᠠᠭ ᠮᠠᠶ᠋ᠢᠭᠳᠡᠢ ᠪᠤᠯᠭᠠᠴᠢᠬᠠᠭᠠᠳ ᠭᠡᠷᠡᠭᠯᠡᠳᠡᠭ ᠪᠠᠶᠢᠪᠠ᠃ ᠰᠡᠦᠬᠡ ᠲᠡᠷᠭᠡᠨ ᠤ ᠠᠷᠠᠯ ᠢ ᠬᠠᠮᠪᠤᠨ ᠲᠡᠷᠭᠡᠨ ᠤ ᠬᠢ ᠲᠠᠢ ᠠᠳᠠᠯᠢ᠃ ᠬᠤᠶᠠᠷ ᠠᠷᠠᠯ ᠳᠤ ᠲᠦᠷᠪᠡᠨ ᠲᠤᠬᠤᠢ ᠬᠢᠷᠢ ᠦᠨᠳᠦᠷ ᠮᠤᠳᠤᠨ ᠬᠠᠪᠳᠠᠰᠤ ᠲᠠᠭᠠᠷᠠᠭᠤᠯᠵᠤ᠂ ᠤᠷᠤᠢ ᠶᠢ ᠨᠢ ᠮᠤᠬᠤᠯᠠᠭ ᠬᠡᠯᠪᠡᠷᠢ ᠲᠠᠢ ᠪᠤᠯᠭᠠᠭᠠᠳ᠂ ᠠᠷᠤ ᠶᠢ ᠨᠢ ᠪᠠᠰᠠ ᠮᠤᠳᠤᠨ ᠬᠠᠪᠳᠠᠰᠤ  ᠪᠠᠷ ᠪᠢᠳᠡᠬᠦᠯᠡᠵᠦ᠂ ᠬᠤᠶᠠᠷ ᠲᠠᠯ᠎ᠠ ᠶᠢᠨ ᠬᠠᠪᠳᠠᠰᠤᠨ ᠳᠤ ᠵᠢᠵᠢᠭ ᠴᠤᠩᠬᠤ ᠭᠠᠷᠭᠠᠨ᠎ᠠ᠃ ᠮᠤᠬᠤᠯᠠᠭ ᠢᠶᠠᠨ ᠤᠯᠠᠭᠠᠨ ᠬᠦᠷᠡᠩ ᠦᠩᠬᠡ ᠪᠠᠷ ᠪᠤᠳᠤᠭᠠᠳ᠂ ᠡᠮᠦᠨ᠎ᠡ ᠲᠠᠯ᠎ᠠ ᠳᠤᠨᠢ ᠴᠠᠮᠪᠠ ᠪᠤᠶᠤ ᠤᠯᠠᠭᠠᠨ ᠬᠦᠷᠡᠩ ᠦᠩᠬᠡ ᠶᠢᠨ ᠦᠬᠡᠳᠡᠩ ᠭᠠᠳᠠᠷ ᠲᠠᠢ ᠤᠷᠬᠢᠭᠤᠯ ᠲᠠᠳᠠᠭᠰᠠᠨ ᠪᠠᠶᠢᠳᠠᠭ᠃  ᠪᠤᠯᠤ ᠨᠢ ᠬᠠᠮᠪᠤᠨ ᠲᠡᠷᠭᠡᠨ ᠤ ᠪᠤᠯᠤ ᠠᠴᠠ ᠤᠨᠳᠤᠤ᠂ ᠲᠤᠬᠤᠢ ᠬᠠᠭᠠᠰ ᠳ᠋ᠦᠩᠵᠡ ᠮᠤᠳᠤ ᠶᠢ ᠭᠤᠤᠯ ᠢᠶᠠᠷ ᠨᠢ ᠭᠤᠯᠳᠤ ᠪᠠᠷ ᠨᠦᠬᠡᠯᠡᠵᠦ ᠲᠠᠷᠢᠬᠢ ᠪᠤᠯᠭᠠᠭᠠᠳ᠂ ᠬᠤᠶᠠᠷ ᠲᠠᠯ᠎ᠠ  ᠳᠤᠨᠢ ᠬᠤᠯᠬᠤᠪᠴᠢ ᠲᠡᠮᠦᠷ ᠲᠠᠭᠠᠷᠠᠭᠤᠯᠵᠤ᠂ ᠬᠠᠵᠠᠭᠤ ᠲᠠᠯ᠎ᠠ ᠳᠤᠨᠢ ᠠᠷᠪᠠᠨ ᠨᠠᠢᠮᠠᠨ ᠭᠡᠭᠡᠰᠦ ᠰᠢᠭᠠᠵᠤ᠂ ᠭᠤᠷᠪᠠᠨ ᠭᠡᠭᠡᠰᠦ ᠪᠦᠷᠢ ᠳᠤ ᠨᠢᠬᠡ ᠮᠦᠭᠡᠷ᠂ ᠨᠡᠶᠢᠳᠡ ᠵᠢᠷᠭᠤᠭᠠᠨ ᠮᠦᠬᠡᠷ  ᠠᠮᠳᠠᠭᠤᠯᠤᠨ ᠲᠠᠭᠠᠷᠠᠭᠤᠯᠵᠤ ᠬᠤᠶᠠᠷ ᠲᠤᠭᠤᠢ ᠪᠤᠯᠭᠠᠨ᠎ᠠ᠃ ᠲᠡᠩᠭᠡᠯᠢᠭ ᠤᠨ ᠬᠤᠶᠠᠷ  ᠦᠵᠦᠬᠦᠷ ᠢ ᠪᠦᠬᠡᠷᠡᠩᠬᠡᠶᠢᠯᠡᠵᠦ᠂  ᠬᠤᠯᠬᠤᠪᠴᠢ ᠲᠠᠢ ᠱᠦᠷᠬᠦᠬᠦ ᠭᠠᠵᠠᠷ  ᠲᠤᠨᠢ ᠰᠤᠯᠪᠢᠴᠠᠭᠤᠯᠤᠨ᠂ ᠲᠦᠷᠪᠡᠨ ᠰᠠᠪᠬᠠᠨ ᠲᠡᠮᠦᠷ ᠰᠠᠭᠤᠯᠭᠠᠭᠠᠳ᠂ ᠲᠠᠷᠢᠬᠢᠨ ᠤ ᠨᠦᠬᠡᠨ ᠳᠤ ᠤᠭᠯᠠᠵᠤ᠂ ᠭᠠᠳᠠᠨ᠎ᠠ ᠦᠵᠦᠬᠦᠷ ᠢ ᠨᠢ ᠲᠡᠮᠦᠷ ᠴᠦ᠋ ᠪᠠᠷ ᠴᠦᠳᠡᠨ᠎ᠡ᠃ ᠵᠤᠯᠠᠪᠴᠢ ᠶᠢ ᠲᠡᠩᠬᠡᠯᠢᠭ ᠲᠠᠢ ᠬᠦᠳᠡᠯᠦᠰᠢ ᠦᠬᠡᠢ ᠠᠮᠠᠳᠠᠭᠤᠯᠤᠨ ᠤᠭᠰᠠᠷᠠᠨ᠎ᠠ᠃ ᠡᠶᠢᠮᠦ ᠲᠡᠷᠭᠡ ᠪᠤᠯ ᠲᠡᠩᠭᠡᠯᠢᠭ ᠨᠢ ᠡᠷᠬᠢᠬᠦ ᠦᠬᠡᠢ᠂ ᠪᠤᠯᠤ ᠨᠢ ᠲᠡᠩᠭᠡᠯᠢᠭ ᠳᠡᠭᠡᠨ ᠡᠷᠬᠢᠳᠡᠭ ᠪᠤᠯᠬᠤᠷ ᠬᠦᠩᠬᠡᠨ ᠪᠠᠶᠢᠳᠠᠭ᠃  ᠰᠡᠦᠬᠡ ᠲᠡᠷᠭᠡ ᠶᠢ ᠲᠠᠶᠢᠹᠤᠰᠧ ᠳᠤ ᠪᠠᠰᠠ ᠵᠢᠷᠤᠭᠠᠴᠢᠨ ᠲᠡᠷᠭᠡ ᠭᠡᠳᠡᠭ᠂ ᠦᠬᠡᠷ ᠮᠤᠷᠢ ᠬᠦᠯᠵᠦ ᠪᠦᠷ ᠪᠤᠯᠤᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号