ᠤᠯᠠᠮᠵᠢᠯᠠᠯᠳᠤ ᠲᠡᠷᠭᠡ ᠬᠦᠰᠭᠡ  — ᠬᠠᠮᠪᠤᠨ ᠲᠡᠷᠭᠡ
ᠨᠡᠶᠢᠲᠡᠯᠡᠭᠰᠡᠨ ᠴᠠᠭ᠄
2024/7/4
  ᠬᠠᠮᠪᠤᠨ ᠲᠡᠷᠭᠡ ᠪᠤᠯ ᠲᠠᠶᠢᠹᠤᠰᠧᠴᠤᠳ ᠤᠨ ᠬᠠᠰᠠᠭ ᠲᠡᠷᠭᠡ ᠬᠡᠮᠡᠳᠡᠭ ᠮᠤᠳᠤᠨ ᠲᠡᠷᠭᠡ  ᠪᠤᠯᠤᠨ᠎ᠠ᠃ ᠠᠷᠠᠯ ᠪᠤᠯᠤ ᠬᠤᠶᠠᠷ ᠭᠡᠰᠡᠭ ᠢᠶᠠᠷ ᠪᠦᠷᠢᠯᠳᠦᠨ᠎ᠡ᠃ ᠬᠤᠶᠠᠷ ᠠᠷᠠᠯ ᠢ ᠠᠷᠪᠠᠨ ᠢᠯᠠᠤ ᠪᠠᠷ ᠬᠤᠯᠪᠤᠵᠤ᠂ ᠠᠷᠠᠯ ᠲᠡᠭᠡᠷ᠎ᠡ ᠢᠯᠠᠤ ᠶᠢ ᠭᠤᠤᠯᠯᠠᠵᠤ ᠲᠦᠷᠪᠡᠨ ᠪᠤᠰᠤᠭ᠎ᠠ ᠵᠠᠭᠠᠳᠠᠰᠤ ᠲᠠᠢ ᠬᠤᠶᠠᠷ ᠬᠠᠰᠢᠯᠭ᠎ᠠ ᠲᠠᠭᠠᠷᠠᠭᠤᠯᠤᠨ᠎ᠠ᠃ ᠲᠤᠤᠷᠠᠳᠤ ᠲᠠᠯ᠎ᠠ ᠳᠤᠨᠢ ᠮᠦᠨ ᠬᠦ᠋ ᠬᠠᠰᠢᠯᠭ᠎ᠠ ᠪᠠᠨ ᠭᠤᠤᠯᠯᠠᠵᠤ ᠵᠤᠯᠠᠪᠴᠢ ᠤᠭᠰᠠᠷᠠᠨ᠎ᠠ᠃ ᠡᠬᠦᠨ ᠢ ᠲᠠᠶᠢᠹᠤᠰᠧ ᠳᠤ ᠪᠠᠰᠠ ᠲᠡᠷᠭᠡᠨ ᠤ ᠮᠦᠬᠦᠦ ᠪᠤᠶᠤ ᠡᠮᠡᠬᠡᠯ ᠬᠡᠵᠦ ᠴᠤ ᠬᠡᠯᠡᠳᠡᠭ᠃ ᠵᠤᠯᠠᠪᠴᠢ ᠶᠢᠨ ᠲᠤᠤᠷᠠᠳᠤ ᠲᠠᠯ᠎ᠠ ᠳᠤ ᠬᠠᠭᠠᠰ ᠲᠤᠭᠤᠢ ᠭᠡᠯᠪᠡᠷᠢ ᠲᠠᠢ ᠲᠡᠩᠭᠡᠯᠢᠭ ᠡᠮᠬᠦᠬᠦ ᠠᠮᠠ  ᠭᠠᠷᠭᠠᠵᠤ᠂  ᠴᠤᠸᠠᠨ ᠬᠡᠮᠡᠬᠦ ᠬᠠᠭᠠᠰ ᠲᠤᠭᠤᠢ ᠬᠡᠯᠪᠡᠷᠢ ᠲᠠᠢ ᠬᠠᠪᠳᠠᠭᠠᠢ ᠭᠠᠩ ᠰᠠᠭᠤᠯᠭᠠᠨ ᠦᠷᠦᠯᠳᠡ ᠶᠢ ᠪᠠᠭᠠᠰᠬᠠᠨ᠎ᠠ᠃ ᠪᠤᠯᠤ ᠨᠢ ᠲᠠᠷᠢᠬᠢ᠂ ᠭᠡᠭᠡᠰᠦ᠂ ᠮᠦᠬᠡᠷ ᠢᠶᠠᠷ ᠪᠦᠷᠢᠯᠳᠦᠨ᠎ᠡ᠃ ᠲᠠᠷᠢᠬᠢ ᠬᠡᠵᠦ ᠮᠦᠬᠡᠷ ᠭᠡᠭᠡᠰᠦ ᠶᠢ ᠬᠤᠯᠪᠤᠬᠤ ᠪᠤᠯᠤ ᠶᠢᠨ ᠳ᠋ᠢᠶᠠᠮᠧᠲᠷ ᠲᠠᠢ ᠲᠡᠩᠴᠡᠬᠦᠦ ᠬᠠᠪᠳᠠᠭᠠᠶᠢᠯᠢᠭ ᠲᠦᠷᠪᠡᠯᠵᠢᠨ ᠪᠠᠬᠢᠯᠢᠭ᠌ ᠮᠤᠳᠤ  ᠃ ᠲᠠᠷᠢᠬᠢ ᠳᠤ ᠲᠦᠷᠪᠡᠨ ᠬᠡᠭᠡᠰᠦ ᠤᠭᠰᠠᠷᠠᠨ᠎ᠠ᠃ ᠵᠢᠷᠭᠤᠭᠠᠨ ᠮᠦᠬᠡᠷ ᠢ ᠲᠠᠷᠢᠬᠢ ᠶᠢᠨ ᠬᠤᠶᠠᠷ ᠲᠠᠯ᠎ᠠ ᠳᠤ ᠨᠢᠬᠡ ᠬᠡᠭᠡᠰᠦ ᠪᠦᠷᠢ ᠳᠤ ᠨᠢᠬᠡ ᠶᠢ ᠲᠠᠭᠠᠷᠠᠭᠤᠯᠵᠤ ᠠᠮᠠᠯᠠᠨ ᠲᠤᠭᠤᠶᠢᠯᠠᠭᠰᠠᠨ ᠪᠠᠶᠢᠳᠠᠭ᠃ ᠬᠤᠶᠠᠷ ᠲᠠᠷᠢᠬᠢ ᠶᠢᠨ ᠭᠤᠤᠯ ᠳᠤ ᠲᠡᠩᠭᠡᠯᠢᠭ ᠢ ᠪᠠᠬᠢᠯᠡᠨ᠎ᠡ᠃ ᠲᠡᠩᠭᠡᠯᠢᠭ ᠢ ᠡᠷᠭᠡᠪᠰᠢ ᠬᠠᠳᠠᠭᠤ ᠮᠤᠳᠤ ᠪᠠᠷ ᠬᠢᠬᠦ ᠪᠦᠬᠡᠳ ᠵᠤᠯᠠᠪᠴᠢ ᠡᠮᠬᠦᠬᠦ ᠭᠡᠰᠡᠭ ᠢ ᠪᠦᠬᠡᠷᠡᠩᠬᠡᠶᠢᠯᠡᠨ᠎ᠡ᠃ ᠠᠷᠠᠯ ᠤᠨ ᠬᠤᠶᠠᠷ ᠦᠵᠦᠬᠦᠷ ᠲᠤ ᠴᠢᠬᠢ ᠤᠭᠯᠠᠬᠤ ᠨᠦᠬᠡ ᠲᠠᠢ  ᠲᠡᠬᠦᠨ ᠳᠤ ᠬᠤᠶᠠᠷ ᠴᠢᠬᠢ ᠲᠠᠭᠠᠷᠠᠭᠤᠯᠤᠨ᠎ᠠ᠃ ᠬᠦᠯᠪᠦᠷᠢ ᠳᠤ ᠨᠢᠷᠤᠭᠤᠪᠴᠢ᠂ ᠡᠷᠪᠡᠭᠡᠯᠵᠢ᠂ ᠪᠤᠭᠤᠯᠭ᠎ᠠ᠂ ᠬᠤᠭᠤᠯᠠᠪᠴᠢ᠂ ᠬᠤᠳᠠᠷᠭ᠎ᠠ ᠵᠡᠷᠭᠡ ᠭᠡᠷᠡᠭᠰᠡᠯ ᠲᠠᠢ᠃ ᠨᠢᠷᠤᠭᠤᠪᠴᠢ ᠶᠢᠨ ᠬᠤᠶᠠᠷ ᠦᠵᠦᠬᠦᠷ ᠤᠨ ᠰᠤᠷ ᠭᠤᠭᠴᠤᠭ᠎ᠠ  ᠶᠢ ᠬᠤᠶᠠᠷ ᠠᠷᠠᠯ ᠳᠠᠭᠠᠨ ᠤᠭᠯᠠᠭᠠᠳ᠂ ᠪᠤᠭᠤᠯᠭ᠎ᠠ ᠶᠢᠨ ᠬᠤᠶᠠᠷ ᠵᠦᠯᠬᠡ ᠶᠢ ᠠᠷᠠᠯ ᠤᠨ ᠴᠢᠬᠢᠨ ᠠᠴᠠ ᠭᠤᠬᠠᠳᠠᠵᠤ  ᠬᠤᠳᠠᠷᠭ᠎ᠠ ᠶᠢᠨ ᠬᠤᠶᠠᠷ ᠦᠵᠦᠬᠦᠷ ᠢᠶᠠᠷ ᠤᠷᠢᠶᠠᠵᠤ ᠪᠠᠬᠢᠯᠡᠨ᠎ᠡ᠃ ᠦᠬᠡᠷ ᠢᠶᠠᠨ ᠠᠷᠠᠯᠳᠤᠵᠤ᠂ ᠢᠰᠡᠬᠡᠢ ᠵᠦᠬᠡᠯᠡᠪᠴᠢ ᠲᠠᠢ ᠡᠷᠪᠡᠭᠡᠯᠵᠢ ᠪᠠᠨ ᠨᠢᠷᠤᠭᠤᠨ ᠲᠡᠭᠡᠷ᠎ᠡ ᠨᠢ ᠲᠤᠬᠤᠭᠠᠳ ᠨᠢᠷᠤᠭᠤᠪᠴᠢ ᠪᠠᠨ ᠤᠨᠤᠭᠤᠯᠵᠤ᠂  ᠬᠤᠳᠠᠷᠭ᠎ᠠ ᠶᠢᠨ ᠡᠯᠬᠦᠬᠦᠷ ᠢ ᠲᠡᠭᠡᠬᠦᠷ ᠨᠢ ᠡᠷᠪᠡᠭᠡᠯᠵᠢ ᠶᠢᠨ ᠬᠤᠶᠠᠷ ᠲᠤᠯᠤᠭᠠᠢ ᠳᠤ ᠰᠦᠯᠵᠢᠨ ᠭᠤᠬᠠᠳᠠᠨ᠎ᠠ᠃ ᠲᠡᠭᠡᠭᠡᠳ ᠪᠤᠭᠤᠯᠭ᠎ᠠ ᠪᠠᠨ ᠲᠠᠷᠤᠵᠤ ᠬᠤᠭᠤᠯᠠᠪᠴᠢ ᠶᠢ ᠤᠶᠠᠪᠠᠯ ᠪᠤᠯᠴᠢᠬᠠᠨ᠎ᠠ᠃ ᠡᠨᠡ  ᠪᠤᠯ ᠪᠤᠯᠤ ᠲᠡᠩᠭᠡᠯᠢᠭ ᠬᠠᠮᠳᠤ ᠳᠠᠭᠠᠨ ᠡᠷᠬᠢᠳᠡᠭ ᠨᠡᠯᠢᠶᠡᠳ ᠨᠦᠰᠡᠷ ᠲᠡᠷᠭᠡ ᠪᠤᠯᠤᠨ᠎ᠠ᠂  ᠡᠶᠢᠮᠦ ᠲᠡᠷᠭᠡ ᠲᠤᠩ ᠪᠦᠬᠡᠯᠢᠭ ᠪᠠᠶᠢᠳᠠᠭ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号