ᠬᠤᠳᠤᠭᠤᠳᠤᠨ ᠡᠪᠡᠳᠴᠢᠨ ᠢ ᠬᠡᠷᠬᠢᠨ ᠤᠷᠢᠳᠴᠢᠯᠠᠨ ᠰᠡᠷᠬᠡᠶᠢᠯᠡᠬᠦ ᠪᠤᠢ︖
ᠨᠡᠶᠢᠲᠡᠯᠡᠭᠰᠡᠨ ᠴᠠᠭ᠄
2024/6/17
ᠬᠤᠳᠤᠭᠤᠳᠤᠨ ᠡᠪᠡᠳᠴᠢᠨ ᠢ ᠬᠡᠷᠬᠢᠨ ᠤᠷᠢᠳᠴᠢᠯᠠᠨ ᠰᠡᠷᠬᠡᠶᠢᠯᠡᠬᠦ ᠪᠤᠢ︖       — ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠲᠡᠯᠢᠭᠦᠦ ᠬᠤᠳᠤᠭᠤᠳᠤᠨ ᠰᠠᠯᠭᠠᠨ ᠤ ᠭᠤᠤᠯᠯᠠᠭᠴᠢ ᠡᠮᠴᠢ ᠪᠦᠷᠢᠨᠮᠡᠨᠳᠡ ᠶᠢ ᠰᠤᠷᠪᠤᠯᠵᠢᠯᠠᠭᠠᠳ                        ᠬᠠᠮ ᠵᠠᠭᠤᠴᠢᠯᠠᠭᠤᠷ ᠤᠨ ᠰᠤᠷᠪᠤᠯᠵᠢᠯᠠᠭᠴᠢ ᠪᠡᠶᠡᠨᠴᠡᠴᠡᠭ    ᠤᠳᠤᠬᠠᠨ ᠤ ᠨᠡᠶᠢᠬᠡᠮ ᠤᠨ ᠬᠦᠭᠵᠢᠯᠳᠡ ᠶᠢ ᠲᠠᠭᠠᠯᠳᠤᠨ᠂ ᠬᠦᠮᠦᠰ ᠤᠨ ᠠᠵᠢᠯ ᠤᠨ ᠲᠠᠷᠤᠭᠠᠰᠤ᠂ ᠰᠡᠳᠬᠢᠯ ᠰᠠᠨᠠᠭᠠᠨ ᠤ ᠲᠠᠷᠤᠭᠠᠰᠤ ᠶᠡᠭᠡᠳᠦᠭᠰᠡᠨ ᠪᠤᠶᠤ ᠢᠳᠡᠭᠡᠨ ᠤᠮᠳᠠᠭᠠᠨ ᠤ ᠲᠠᠳᠬᠠᠯ ᠤᠨ ᠬᠤᠪᠢᠷᠠᠯᠳᠠ ᠵᠡᠷᠭᠡ ᠠᠴᠠ ᠪᠤᠯᠵᠤ ᠬᠤᠳᠤᠭᠤᠳᠤᠨ ᠡᠪᠡᠳᠴᠢᠨ ᠳᠤ ᠨᠡᠷᠪᠡᠭᠳᠡᠵᠦ ᠪᠠᠶᠢᠭ᠎ᠠ ᠬᠦᠮᠦᠰ ᠡᠳᠦᠷ ᠢᠷᠡᠬᠦᠶ᠎ᠡ ᠤᠯᠠᠰᠢᠷᠠᠵᠤ ᠪᠠᠶᠢᠭ᠎ᠠ ᠶᠤᠮ᠃ ᠡᠨᠡᠬᠦ ᠪᠠᠶᠢᠳᠠᠯ ᠳᠤ ᠴᠢᠭᠯᠡᠬᠦᠯᠦᠨ ᠰᠤᠷᠪᠤᠯᠵᠢᠯᠠᠭᠴᠢ ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠲᠡᠯᠢᠬᠦᠦ ᠬᠤᠳᠤᠭᠤᠳᠤᠨ ᠰᠠᠯᠠᠭᠠᠨ ᠤ ᠭᠤᠤᠯᠯᠠᠭᠴᠢ ᠡᠮᠴᠢ ᠪᠦᠷᠢᠨᠮᠠᠨᠳᠠ ᠶᠢ ᠰᠤᠷᠪᠤᠯᠵᠢᠯᠠᠵᠤ᠂ ᠬᠤᠳᠤᠭᠤᠳᠤᠨ ᠡᠪᠡᠳᠴᠢᠨ ᠢ ᠬᠡᠷᠬᠢᠨ ᠤᠷᠢᠳᠴᠢᠯᠠᠨ ᠰᠡᠷᠬᠡᠶᠢᠯᠡᠬᠦ ᠲᠤᠬᠠᠢ ᠵᠦᠪᠯᠡᠯᠭᠡ ᠠᠪᠤᠯ᠎ᠠ᠃     ᠰᠤᠷᠪᠤᠯᠵᠢᠯᠠᠭᠴᠢ᠄ ᠬᠤᠳᠤᠭᠤᠳᠤᠨ ᠡᠪᠡᠳᠴᠢᠨ ᠨᠢ ᠭᠤᠤᠯᠳᠠᠭᠤ ᠶᠠᠭᠤᠨ ᠠᠴᠠ ᠡᠬᠦᠰᠦᠯᠳᠡᠢ ᠪᠤᠢ︖     ᠪᠦᠷᠢᠨᠮᠠᠨᠳᠠ ᠡᠮᠴᠢ᠄ ᠪᠢᠳᠡ ᠪᠦᠬᠦᠨ ᠤ ᠮᠡᠳᠡᠭᠡᠵᠢ ᠪᠠᠷ ᠬᠤᠳᠤᠭᠤᠳᠤ ᠨᠢ ᠬᠦᠮᠦᠨ ᠤ ᠪᠡᠶ᠎ᠡ ᠶᠢᠨ ᠵᠢᠷᠭᠤᠭᠠᠨ ᠰᠠᠪᠠ ᠶᠢᠨ ᠨᠢᠬᠡ᠂ ᠬᠦᠮᠦᠨ ᠤ ᠪᠡᠶ᠎ᠡ ᠶᠢᠨ ᠬᠠᠮᠤᠭ ᠤᠨ ᠴᠢᠬᠤᠯᠠ ᠰᠢᠩᠭᠡᠭᠡᠯᠳᠡ ᠶᠢᠨ ᠡᠷᠬᠡᠳᠡᠨ ᠤ ᠨᠢᠬᠡᠨ ᠪᠤᠯᠤᠨ᠎ᠠ᠃ ᠲᠡᠷᠡ ᠨᠢ ᠢᠳᠡᠬᠡᠨ ᠤᠮᠳᠠᠭᠠᠨ ᠢ ᠰᠢᠩᠭᠡᠭᠡᠵᠦ ᠪᠤᠯᠪᠠᠰᠤᠷᠠᠭᠤᠯᠬᠤ ᠪᠠᠷ ᠲᠠᠮᠵᠢᠨ ᠬᠦᠮᠦᠨ ᠤ ᠪᠡᠶ᠎ᠡ ᠶᠢᠨ ᠰᠢᠮ᠎ᠡ ᠲᠡᠵᠢᠬᠡᠯ ᠪᠠ ᠢᠯᠴᠢ ᠶᠢ ᠬᠠᠩᠭᠠᠳᠠᠭ᠃ ᠬᠤᠳᠤᠭᠤᠳᠤ ᠨᠢ ᠢᠳᠡᠬᠡᠨ ᠤᠮᠳᠠᠭᠠᠨ ᠤ ᠪᠤᠷᠤᠭᠤᠳᠠᠯ ᠪᠤᠶᠤ ᠶᠠᠪᠤᠳᠠᠯ ᠮᠦᠷ ᠤᠨ ᠪᠤᠷᠤᠭᠤᠳᠠᠯ ᠡᠰᠡᠬᠦᠯ᠎ᠡ ᠠᠭᠤᠷ ᠠᠮᠢᠰᠬᠤᠯ ᠤᠨ ᠬᠤᠪᠢᠷᠠᠯᠳᠠ ᠵᠡᠷᠬᠡ ᠨᠦᠬᠦᠴᠡᠯ ᠠᠴᠠ ᠠᠮᠠᠷᠬᠠᠨ ᠡᠪᠡᠳᠴᠢᠯᠠᠳᠡᠭ ᠶᠤᠮ᠃ ᠦᠷᠬᠦᠯᠵᠢ ᠲᠤᠬᠢᠶᠠᠯᠳᠤᠳᠠᠭ ᠬᠤᠳᠤᠭᠤᠳᠤᠨ ᠡᠪᠡᠳᠴᠢᠨ ᠳᠤ ᠭᠤᠤᠯᠳᠠᠭᠤ ᠬᠤᠳᠤᠭᠤᠳᠤ ᠲᠤᠷᠦ᠋ᠢᠳᠠᠬᠤ᠂ ᠬᠤᠳᠤᠭᠤᠳᠤᠨ ᠪᠤᠷᠤ ᠡᠪᠡᠳᠴᠢᠨ᠂ ᠬᠤᠳᠤᠭᠤᠳᠤ ᠰᠤᠯᠠᠷᠠᠬᠤ᠂ ᠬᠤᠳᠤᠭᠤᠳᠤᠨ ᠴᠠᠩᠬ᠎ᠠ᠂ ᠬᠤᠳᠤᠭᠤᠳᠤᠨ ᠤ ᠤᠷ᠎ᠠ ᠮᠢᠬ᠎ᠠ᠂ ᠬᠤᠳᠤᠭᠤᠳᠤᠨ ᠤ ᠬᠤᠤᠷᠳᠤ ᠪᠡᠳᠡᠬᠢ ᠁ ᠵᠡᠷᠭᠡ ᠤᠯᠠᠨ ᠡᠪᠡᠳᠴᠢᠨ ᠪᠠᠶᠢᠳᠠᠭ᠃     ᠰᠤᠷᠪᠤᠯᠵᠢᠯᠠᠭᠴᠢ᠄ ᠬᠤᠳᠤᠭᠤᠳᠤᠨ ᠡᠪᠡᠳᠴᠢᠨ ᠤ ᠢᠯᠡᠷᠡᠯ ᠨᠢ ᠶᠠᠮᠠᠷ ᠪᠠᠶᠢᠳᠠᠭ ᠪᠤᠢ︖     ᠪᠦᠷᠢᠨᠮᠠᠨᠳᠠ ᠡᠮᠴᠢ᠄ ᠬᠤᠳᠤᠭᠤᠳᠤᠨ ᠡᠪᠡᠳᠴᠢᠨ ᠨᠢ ᠭᠤᠤᠯᠳᠠᠭᠤ ᠬᠤᠳᠤᠭᠤᠳᠤ ᠡᠪᠡᠳᠬᠦ᠂ ᠬᠤᠳᠤᠭᠤᠳᠤ ᠲᠦᠬᠦᠷᠡᠬᠦ᠂ ᠰᠢᠷ᠎ᠠ ᠬᠤᠰᠤᠬᠤ᠂ ᠬᠤᠭᠤᠰᠤᠨ ᠢᠶᠠᠷ ᠤᠬᠰᠢᠭᠤᠯᠬᠤ᠂ ᠲᠤᠷ᠎ᠠ ᠪᠤᠯᠬᠢᠨ ᠪᠦᠬᠡᠯᠵᠢᠬᠦ᠂ ᠠᠮᠠ ᠬᠠᠳᠠᠵᠤ ᠭᠠᠰᠢᠭᠤᠷᠠᠬᠤ᠂ ᠪᠡᠶ᠎ᠡ ᠲᠠᠮᠢᠷᠳᠠᠬᠤ᠂ ᠡᠴᠡᠵᠦ ᠲᠤᠷᠠᠬᠤ᠂ ᠬᠤᠳᠤᠭᠤᠳᠤ ᠬᠡᠬᠡᠷᠡᠬᠦᠯᠬᠦ᠂ ᠬᠤᠷᠭᠤᠰᠤ ᠬᠠᠳᠠᠬᠤ ᠬᠡᠬᠦ ᠮᠡᠳᠦᠴᠢᠯᠡᠨ ᠤᠯᠠᠨ ᠰᠢᠨᠵᠢ ᠶᠢ ᠢᠯᠡᠷᠡᠬᠦᠯᠳᠡᠭ ᠶᠤᠮ᠃     ᠰᠤᠷᠪᠤᠯᠵᠢᠯᠠᠭᠴᠢ᠄ ᠬᠤᠳᠤᠭᠤᠳᠤᠨ ᠡᠪᠡᠳᠴᠢᠨ ᠢ ᠶᠠᠭᠠᠬᠢᠵᠤ ᠤᠷᠢᠳᠴᠢᠯᠠᠨ ᠰᠡᠷᠭᠡᠶᠢᠯᠡᠬᠦ ᠪᠤᠢ︖     ᠪᠦᠷᠢᠨᠮᠠᠨᠳᠠ ᠡᠮᠴᠢ᠄ ᠬᠠᠮᠤᠭ ᠲᠡᠷᠢᠬᠦᠨ ᠳᠤ ᠢᠳᠡᠬᠡᠨ ᠤᠮᠳᠠᠭᠠᠨ ᠤ ᠲᠠᠯ᠎ᠠ ᠪᠠᠷ ᠠᠩᠬᠠᠷᠬᠤ ᠬᠡᠷᠡᠭᠳᠡᠢ᠃ ᠢᠳᠡᠭᠡᠨ ᠤᠮᠳᠠᠭᠠᠨ ᠢᠶᠠᠨ ᠲᠤᠭᠳᠠᠭᠰᠠᠨ ᠴᠠᠭ ᠲᠠᠭᠠᠨ ᠢᠳᠡᠬᠦ᠂ ᠡᠳᠦᠷ ᠤᠨ ᠭᠤᠷᠪᠠᠨ ᠡᠷᠢᠨ ᠤ ᠬᠤᠭᠤᠯᠠ ᠪᠠᠨ ᠲᠤᠭᠳᠠᠭᠰᠠᠨ ᠴᠠᠭ ᠲᠤ ᠢᠳᠡᠬᠦ ᠨᠢ ᠮᠠᠰᠢ ᠴᠢᠬᠤᠯᠠ᠃ ᠬᠦᠮᠦᠰ ᠵᠠᠷᠢᠮ ᠳᠠᠭᠠᠨ ᠠᠵᠢᠯ ᠤᠨ ᠶᠠᠭᠠᠷᠠᠤ ᠠᠴᠠ ᠪᠤᠯᠵᠤ᠂ ᠲᠤᠭᠳᠠᠭᠰᠠᠨ ᠴᠠᠭ ᠲᠤ ᠪᠠᠨ ᠬᠤᠭᠤᠯᠠ ᠪᠠᠨ ᠢᠳᠡᠬᠦ ᠦᠬᠡᠢ᠂ ᠵᠠᠷᠢᠮ ᠳᠠᠭᠠᠨ ᠨᠢᠬᠡ ᠡᠷᠢᠨ ᠤ ᠬᠤᠭᠤᠯᠠ ᠪᠠᠨ ᠲᠤᠳᠠᠭᠤ ᠢᠳᠡᠬᠦ᠂ ᠡᠰᠨᠬᠦᠯ᠎ᠡ ᠬᠤᠭᠤᠯᠠᠠ ᠤ ᠴᠠᠭ ᠨᠢ ᠲᠦᠷᠢᠮ ᠦᠬᠡᠢ᠂ ᠵᠢᠱᠢᠶᠡᠯᠡᠪᠡᠯ ᠦᠨᠦᠳᠦᠷ ᠦᠳᠡ ᠶᠢᠨ ᠬᠤᠭᠤᠯᠠ ᠪᠠᠨ 11 ᠴᠠᠭ ᠲᠤ ᠢᠳᠡᠭᠰᠡᠨ ᠪᠤᠯ ᠮᠠᠷᠭᠠᠰᠢ ᠦᠳᠡ ᠶᠢᠨ ᠬᠤᠭᠤᠯᠠ ᠪᠠᠨ 1 ᠴᠠᠭ ᠪᠤᠶᠤ ᠬᠤᠶᠠᠷ ᠴᠠᠭ ᠲᠤ ᠢᠳᠡᠬᠦ ᠬᠡᠬᠦ ᠮᠡᠳᠦᠴᠢᠯᠡᠨ ᠤᠳᠠᠭᠠᠨ ᠬᠤᠭᠤᠴᠠᠭ᠎ᠠ ᠲᠤᠭᠳᠠᠭᠰᠠᠨ ᠴᠠᠭ ᠲᠠᠭᠠᠨ ᠬᠤᠭᠤᠯᠠ ᠪᠠᠨ ᠢᠳᠡᠬᠦ ᠦᠬᠡᠢ ᠪᠤᠯ ᠠᠮᠠᠷᠬᠠᠨ ᠬᠤᠳᠤᠭᠤᠳᠤᠨ ᠤ ᠠᠵᠢᠯᠯᠠᠭ᠎ᠠ ᠶᠢ ᠨᠦᠯᠦᠬᠡᠯᠡᠵᠦ ᠬᠤᠳᠤᠭᠤᠳᠤᠨ ᠡᠪᠡᠳᠴᠢᠨ ᠪᠤᠯᠳᠠᠭ᠃ ᠬᠤᠶᠠᠳᠤᠭᠠᠷ ᠲᠤ ᠢᠳᠡᠬᠡᠨ ᠤᠮᠳᠠᠭᠠᠨ ᠤ ᠲᠠᠳᠬᠠᠯ ᠢᠶᠠᠨ ᠬᠤᠪᠢᠷᠠᠭᠤᠯᠬᠤ ᠬᠡᠷᠡᠭᠳᠡᠢ᠃ ᠡᠬᠦᠨ ᠳᠤ ᠬᠡᠳᠦᠷᠬᠡᠢ ᠲᠦᠷᠬᠡᠨ ᠢᠳᠡᠬᠦ᠂ ᠬᠡᠳᠦᠷᠬᠡᠢ ᠦᠯᠦᠰᠬᠦ ᠪᠤᠶᠤ ᠬᠡᠳᠦ ᠴᠠᠳᠬᠤ᠂ ᠳᠠᠷᠤᠢ ᠢᠳᠡᠬᠦ ᠲᠤᠷ᠎ᠠ ᠦᠬᠡᠢ ᠬᠤᠭᠤᠯᠠ ᠪᠠᠨ ᠦᠯᠦᠰᠴᠦ ᠪᠠᠶᠢᠪᠠᠴᠦ ᠲᠡᠮᠡᠢ ᠢᠳᠡᠬᠦ ᠦᠬᠡᠢ᠂ ᠲᠤᠷᠠᠳᠠᠢ ᠬᠤᠭᠤᠯᠠ ᠪᠠᠨ ᠬᠡᠳᠦᠷᠡᠳᠡᠯ᠎ᠡ ᠢᠳᠡᠬᠦ᠂ ᠰᠦᠨᠢ ᠲᠤᠮᠳᠠ ᠬᠤᠭᠤᠯᠠ ᠢᠳᠡᠬᠦ᠂ ᠮᠢᠬ᠎ᠠ ᠨᠤᠭᠤᠭ᠎ᠠ ᠵᠢᠮᠢᠰ ᠤᠨ ᠵᠦᠢᠯ ᠢ ᠬᠡᠮᠵᠢᠶ᠎ᠠ ᠲᠠᠢ ᠳᠤᠬᠢᠷᠠᠭᠤᠯᠵᠤ ᠢᠳᠡᠬᠦ ᠦᠬᠡᠢ ᠪᠠᠶᠢᠬᠤ᠂ ᠬᠡᠳᠦᠷᠬᠡᠢ ᠲᠠᠪᠤᠰᠤᠯᠢᠭ ᠢᠳᠡᠬᠦ᠂ ᠬᠡᠳᠦᠷᠬᠡᠢ ᠲᠤᠰᠤᠯᠢᠭ ᠢᠳᠡᠬᠦ᠂ ᠢᠳᠡᠭᠡᠨ ᠭᠤᠯᠤᠬᠤ ᠵᠡᠷᠭᠡ ᠲᠠᠳᠬᠠᠯ ᠢᠶᠠᠨ ᠬᠤᠪᠢᠷᠠᠭᠤᠯᠬᠤ ᠬᠡᠷᠡᠭᠳᠡᠢ᠃ ᠭᠤᠷᠪᠠᠳᠤᠭᠠᠷ ᠲᠤ ᠦᠯᠦ ᠵᠤᠬᠢᠯᠳᠤᠬᠤ ᠢᠳᠡᠬᠡᠨ ᠤᠮᠳᠠᠭᠠᠨ ᠠᠴᠠ ᠬᠡᠷᠰᠡᠦᠯᠡᠬᠦ ᠬᠡᠷᠡᠭᠳᠡᠢ᠃ ᠡᠬᠦᠨ ᠳᠤ ᠬᠡᠳᠦᠷᠬᠡᠢ ᠤᠷᠳᠤ ᠬᠤᠭᠤᠴᠠᠭ᠎ᠠ ᠰᠡᠳᠡᠯᠳᠡ ᠶᠡᠬᠡᠳᠡᠢ ᠢᠳᠡᠬᠡᠨ ᠤᠮᠳᠠᠭᠠᠨ ᠵᠢᠱᠢᠶᠡᠯᠡᠪᠡᠯ᠄ ᠠᠷᠢᠬᠢ ᠲᠠᠮᠠᠬᠢ᠂ ᠯᠠᠵᠤᠤ᠂ ᠬᠦᠢᠳᠡᠨ ᠢᠳᠡᠬᠡᠨ ᠤᠮᠳᠠᠭᠠᠨ᠂ ᠲᠦᠬᠦᠬᠡᠢ ᠢᠳᠡᠬᠡᠨ ᠤᠮᠳᠠᠭᠠᠨ᠂ ᠢᠯᠵᠢᠷᠡᠭᠰᠡᠨ ᠢᠳᠡᠬᠡᠨ ︵ᠬᠤᠭᠤᠴᠠᠭ᠎ᠠ ᠦᠩᠭᠡᠷᠡᠭᠰᠡᠨ ᠢᠳᠡᠬᠡᠨ ᠢ ᠬᠠᠮᠢᠶᠠᠷᠬᠤ ᠦᠬᠡᠢ ᠡᠳ᠋ᠯᠡᠬᠦ︶ ᠢ ᠤᠷᠳᠤ ᠬᠤᠭᠤᠴᠠᠭ᠎ᠠ ᠡᠳ᠋ᠯᠡᠭᠰᠡᠨ ᠠᠴᠠ ᠪᠤᠯᠵᠤ ᠡᠪᠡᠳᠴᠢᠨ ᠪᠤᠯᠤᠨ᠎ᠠ᠃ ᠡᠬᠦᠨ ᠤ ᠳᠠᠭᠠᠤ ᠳᠤ ᠪᠠᠰᠠ ᠬᠡᠬᠡᠷ᠎ᠡ ᠶᠢᠨ ᠵᠡᠷᠯᠢᠭ ᠠᠮᠢᠳᠠᠨ᠂ ᠤᠷᠭᠤᠮᠠᠯ ᠵᠡᠷᠭᠡ ᠶᠢ ᠲᠤᠷ᠎ᠠ ᠪᠠᠷ ᠢᠳᠡᠭᠰᠡᠨ ᠠᠴᠠ ᠪᠤᠯᠵᠤ ᠬᠤᠤᠷᠳᠠᠯ ᠪᠤᠯᠬᠤ ᠪᠤᠶᠤ ᠬᠢᠵᠢᠭ ᠡᠪᠡᠳᠴᠢᠨ ᠪᠤᠯᠳᠠᠭ᠃ ᠡᠶᠢᠮᠦ ᠠᠴᠠ ᠪᠠᠶᠢᠭᠠᠯᠢᠯᠢᠭ ᠢᠳᠡᠭᠡᠨ ᠤᠮᠳᠠᠭᠠᠨ᠂ ᠴᠠᠭᠠᠨ ᠢᠳᠡᠭᠡᠨ ᠵᠡᠷᠭᠡ ᠪᠠᠨ ᠢᠯᠡᠬᠦᠦ ᠡᠳ᠋ᠯᠡᠵᠦ ᠪᠠᠶᠢᠪᠠᠯ ᠪᠡᠶ᠎ᠡ ᠶᠢᠨ ᠡᠷᠡᠬᠦᠯ ᠮᠡᠨᠳᠦ ᠳᠤ ᠠᠰᠢᠭᠳᠠᠢ᠃ ᠲᠦᠷᠪᠡᠳᠦᠭᠡᠷ ᠲᠤ᠂ ᠬᠤᠭᠤᠯᠠ ᠤᠮᠳᠠᠭᠠᠨ ᠢᠶᠠᠨ ᠢᠳᠡᠭᠰᠡᠨ ᠤ ᠲᠠᠷᠠᠭ᠎ᠠ ᠵᠤᠬᠢᠰᠳᠠᠢ ᠬᠦᠳᠡᠯᠬᠡᠬᠡᠨ ᠬᠢᠪᠡᠯ ᠰᠢᠩᠭᠡᠭᠡᠯᠳᠡ ᠳᠤ ᠲᠤᠰᠠᠳᠠᠢ ᠪᠠᠶᠢᠳᠠᠭ᠃ ᠬᠠᠷᠢᠨ ᠰᠢᠭᠤᠳ ᠭᠡᠪᠳᠡᠵᠤ ᠠᠮᠠᠷᠠᠪᠠᠯ ᠬᠤᠳᠤᠭᠤᠳᠤ ᠠᠮᠠᠷᠠᠵᠤ ᠲᠡᠶᠢᠯᠬᠦ ᠦᠬᠡᠢ᠂ ᠤᠷᠳᠤ ᠬᠤᠭᠤᠴᠠᠭ᠎ᠠ ᠪᠤᠯᠪᠠᠯ ᠬᠤᠳᠤᠭᠤᠳᠤᠨ ᠡᠪᠡᠳᠴᠢᠨ ᠪᠤᠯᠳᠠᠭ᠃ ᠡᠶᠢᠮᠦ ᠠᠴᠠ ᠬᠤᠭᠤᠯᠠᠨ ᠤ ᠲᠠᠷᠠᠭ᠎ᠠ 15 — 30 ᠮᠢᠨᠦ᠋ᠲ ᠤᠨ ᠬᠦᠳᠡᠯᠭᠡᠭᠡᠨ ᠬᠢᠪᠡᠯ ᠵᠤᠬᠢᠨ᠎ᠠ᠂ ᠠᠩᠬᠠᠷᠬᠤ ᠨᠢ ᠰᠢᠷᠦᠬᠦᠨ ᠬᠦᠳᠡᠯᠬᠡᠬᠡᠨ ᠬᠢᠵᠤ ᠪᠤᠯᠬᠤ ᠦᠬᠡᠢ᠃ ᠡᠬᠦᠨ ᠤ ᠲᠡᠭᠡᠷ᠎ᠡ ᠬᠦᠢᠳᠡᠨ ᠠᠴᠠ ᠪᠤᠯᠵᠤ ᠬᠤᠳᠤᠭᠤᠳᠤ ᠠᠮᠠᠷᠬᠠᠨ ᠡᠪᠡᠳᠴᠢᠯᠡᠳᠡᠭ ᠤᠴᠢᠷ ᠠᠴᠠ ᠲᠠᠭᠠᠷᠠᠵᠤ ᠵᠢᠩᠬᠢᠨᠡᠬᠦ ᠠᠴᠠ ᠵᠠᠶᠢᠯᠠᠰᠬᠢᠵᠦ᠂ ᠭᠡᠪᠡᠯᠢ ᠶᠢᠨ ᠭᠡᠰᠡᠭ ᠢ ᠲᠤᠯᠠᠭᠠᠨ ᠪᠠᠶᠢᠯᠭᠠᠬᠤ ᠶᠢ ᠠᠩᠬᠠᠷᠬᠤ ᠬᠡᠷᠡᠭᠳᠡᠢ ᠪᠠᠶᠢᠳᠠᠭ᠃ ᠲᠠᠪᠤᠳᠤᠭᠠᠷ ᠲᠤ᠂ ᠰᠡᠳᠬᠢᠴᠡ ᠶᠢᠨ ᠲᠠᠯ᠎ᠠ ᠪᠠᠷ ᠰᠡᠳᠬᠢᠯ ᠢᠶᠠᠨ ᠲᠠᠶᠢᠪᠤᠭᠤᠬᠠᠨ ᠪᠠᠶᠢᠯᠭᠠᠬᠤ ᠭᠡᠷᠡᠭᠳᠡᠢ᠃ ᠬᠡᠳᠦᠷᠬᠡᠢ ᠵᠤᠪᠠᠭ᠋ᠤ᠂ ᠪᠠᠶᠠᠷᠯᠠᠬᠤ᠂ ᠡᠰᠡᠬᠦᠯ᠎ᠡ ᠠᠵᠢᠯ ᠤᠨ ᠲᠠᠷᠤᠭᠠᠰᠤ ᠶᠡᠬᠡᠳᠴᠦ ᠰᠠᠨᠠᠭ᠎ᠠ ᠵᠤᠪᠠᠭ᠋ᠤ᠂ ᠤᠷᠮ᠎ᠠ ᠬᠤᠭᠤᠷᠠᠬᠤ ᠵᠡᠷᠭᠡ ᠠᠴᠠ ᠪᠤᠯᠵᠤ ᠢᠳᠡᠬᠡᠨ ᠤ ᠲᠤᠷᠠᠰᠢᠯ ᠮᠠᠭᠤᠳᠠᠬᠤ᠂ ᠡᠰᠡᠬᠦᠯ᠎ᠡ ᠶᠡᠭᠡ ᠬᠡᠮᠵᠢᠶᠡᠨ ᠤ ᠠᠷᠢᠬᠢ ᠤᠤᠭᠤᠬᠰᠠᠨ ᠠᠴᠠ ᠪᠤᠯᠵᠤ᠂ ᠬᠤᠳᠤᠭᠤᠳᠤᠨ ᠤ ᠠᠵᠢᠯᠯᠠᠭ᠎ᠠ ᠶᠢ ᠨᠦᠯᠦᠭᠡᠯᠡᠵᠦ ᠡᠪᠡᠳᠴᠢᠨ ᠪᠤᠯᠳᠠᠭ᠃ ᠵᠢᠷᠭᠤᠭ᠎ᠠ ᠳᠤ᠂ ᠲᠤᠭᠳᠠᠭᠰᠠᠨ ᠬᠤᠭᠤᠴᠠᠭ᠎ᠠ ᠲᠠᠢ ᠪᠠᠶᠢᠴᠠᠭᠠᠯᠳᠠ ᠬᠢᠯᠬᠡᠬᠦ ᠭᠡᠷᠡᠭᠳᠡᠢ᠃ ᠬᠤᠳᠤᠭᠤᠳᠤ ᠠᠨᠠᠢ ᠬᠦᠮᠦᠰ ᠪᠤᠶᠤ 45 ᠨᠠᠰᠤᠨ ᠠᠴᠠ ᠲᠡᠭᠡᠭᠰᠢᠬᠢ ᠬᠦᠮᠦᠰ ᠲᠤᠭᠳᠠᠭᠰᠠᠨ ᠬᠤᠭᠤᠴᠠᠭ᠎ᠠ ᠲᠠᠢ ᠪᠠᠶᠢᠴᠠᠭᠠᠯᠳᠠ ᠬᠢᠯᠬᠡᠬᠦ ᠬᠡᠷᠡᠭᠳᠡᠢ᠃ ᠵᠠᠷᠢᠮ ᠬᠦᠮᠦᠰ ᠡᠪᠡᠳᠴᠢᠨ ᠤ ᠪᠠᠶᠢᠳᠠᠯ ᠰᠢᠨᠵᠢ ᠢᠯᠡᠷᠡᠵᠦ ᠪᠠᠶᠢᠪᠠᠴᠦ ᠲᠡᠮᠡᠢ ᠠᠩᠬᠠᠷᠤᠯ ᠳᠠᠭᠠᠨ ᠠᠪᠬᠤ ᠦᠬᠡᠢ᠂ ᠡᠪᠡᠳᠴᠢᠨ ᠨᠢ ᠬᠦᠨᠳᠦᠷᠡᠵᠦ ᠲᠡᠰᠴᠦ ᠲᠡᠶᠢᠯᠬᠦ ᠦᠬᠡᠢ ᠬᠡᠮᠵᠢᠶᠡᠨ ᠳᠤ ᠬᠦᠷᠪᠡᠯ ᠰᠠᠶ᠋ᠢ ᠡᠮᠨᠡᠯᠭᠡ ᠳᠤ ᠤᠴᠢᠵᠤ ᠪᠠᠶᠢᠴᠠᠭᠠᠯᠭᠠᠳᠠᠭ᠃ ᠡᠨᠡ ᠦᠶᠡᠰ ᠤᠯᠠᠩᠬᠢ ᠨᠢ ᠬᠠᠮᠤᠭ ᠤᠨ ᠳᠤᠬᠢᠷᠠᠮᠵᠢᠳᠡᠢ ᠡᠮᠴᠢᠯᠡᠬᠦ ᠬᠤᠭᠤᠴᠠᠭᠠᠨ ᠠᠴᠠ ᠪᠠᠨ ᠦᠡᠭᠬᠡᠷᠡᠳᠡᠭ ᠪᠦᠬᠡᠳ ᠮᠠᠭᠤ ᠡᠪᠡᠳᠴᠢᠨ ᠪᠤᠯᠵᠤ ᠵᠠᠰᠠᠯᠭ᠎ᠠ ᠠᠪᠬᠤ ᠳᠤ ᠬᠦᠴᠢᠷᠳᠡᠳᠡᠭ᠃    ᠲᠡᠶᠢᠮᠦ ᠠᠴᠠ ᠲᠤᠭᠳᠠᠭᠰᠠᠨ ᠬᠤᠭᠤᠴᠠᠭ᠎ᠠ ᠲᠠᠢ ᠬᠤᠳᠤᠭᠤᠳᠤᠨ ᠲᠤᠷᠠᠨ ᠤ ᠪᠠᠶᠢᠴᠠᠭᠠᠯᠳᠠ ᠬᠢᠯᠬᠡᠪᠡᠯ ᠵᠤᠬᠢᠨ᠎ᠠ᠃ ᠤᠴᠢᠷ ᠨᠢ ᠬᠤᠳᠤᠭᠤᠳᠤᠨ ᠲᠤᠷᠠᠨ ᠤ ᠪᠠᠶᠢᠴᠠᠭᠠᠯᠳᠠ ᠨᠢ ᠤᠳᠤᠬᠠᠨ ᠤ ᠬᠤᠳᠤᠭᠤᠳᠤᠨ ᠡᠪᠡᠳᠴᠢᠨ ᠢ ᠤᠨᠤᠰᠢᠯᠠᠬᠤ ᠬᠠᠮᠤᠭ ᠤᠨ ᠰᠠᠶᠢᠨ ᠪᠠᠶᠢᠴᠠᠭᠠᠯᠳᠠ ᠪᠤᠯᠤᠨ᠎ᠠ᠃ ᠡᠬᠦᠨ ᠠᠴᠠ ᠭᠠᠳᠠᠨ᠎ᠠ ᠬᠤᠳᠤᠭᠤᠳᠤᠨ ᠤ ᠰᠠᠪᠬᠠᠨᠴᠢᠷ ᠪᠠᠺᠲ᠋ᠧᠷᠢ ᠲᠠᠢ ᠡᠪᠡᠳᠴᠢᠳᠡᠨ ᠡᠮᠨᠡᠯᠭᠡ ᠳᠤ ᠬᠦᠷᠴᠦ ᠲᠤᠬᠢᠷᠠᠮᠵᠢᠳᠠᠢ ᠡᠮᠴᠢᠯᠡᠭᠡ ᠬᠢᠯᠬᠡᠵᠦ ᠡᠮᠴᠢᠯᠡᠬᠦᠯᠬᠦ ᠬᠡᠷᠡᠭᠳᠡᠢ᠃ ᠡᠨᠡ ᠨᠢ ᠢᠳᠡᠬᠡᠨ ᠤᠮᠳᠠᠭᠠᠨ ᠤ ᠠᠷᠢᠭᠤᠨ ᠴᠡᠪᠡᠷ ᠪᠤᠰᠤ ᠠᠴᠠ ᠪᠤᠯᠳᠠᠭ ᠪᠤᠯᠬᠤᠷ ᠬᠤᠪᠢ ᠬᠦᠮᠦᠨ ᠤ ᠢᠳᠡᠬᠡᠨ ᠤᠮᠳᠠᠭᠠᠨ ᠤ ᠠᠷᠢᠭᠤᠨ ᠴᠡᠪᠡᠷ ᠢ ᠠᠩᠬᠠᠷᠬᠤ ᠬᠡᠷᠡᠭᠳᠡᠢ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号