ᠬᠠᠪᠤᠷ ᠤᠨ ᠤᠯᠠᠷᠢᠯ ᠳᠤ ᠬᠡᠷᠬᠢᠨ ᠢᠳᠡᠭᠡᠨ ᠤᠮᠳᠠᠭᠠᠨ ᠢᠶᠠᠷ ᠪᠡᠶ᠎ᠠ ᠪᠠᠨ ᠰᠤᠪᠢᠯᠠᠪᠠᠯ ᠵᠤᠬᠢᠬᠤ ᠪᠤᠢ︖
ᠨᠡᠶᠢᠲᠡᠯᠡᠭᠰᠡᠨ ᠴᠠᠭ᠄
2024/5/10
ᠬᠠᠪᠤᠷ ᠤᠨ ᠤᠯᠠᠷᠢᠯ ᠳᠤ ᠬᠡᠷᠬᠢᠨ ᠢᠳᠡᠭᠡᠨ ᠤᠮᠳᠠᠭᠠᠨ ᠢᠶᠠᠷ ᠪᠡᠶ᠎ᠠ ᠪᠠᠨ ᠰᠤᠪᠢᠯᠠᠪᠠᠯ ᠵᠤᠬᠢᠬᠤ ᠪᠤᠢ︖          — ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶ᠎ᠠ ᠶᠢᠨ ᠮᠤᠩᠭᠤᠯ ᠡᠮᠨᠡᠯᠭᠡ ᠶᠢᠨ ᠲᠤᠰᠬᠠᠢ ᠮᠡᠷᠭᠡᠵᠢᠯᠳᠡᠨ ᠷᠠᠰᠢ ᠶᠢ ᠰᠤᠷᠪᠤᠯᠵᠢᠯᠠᠭᠠᠳ    ᠤᠷᠢᠬᠠᠠ ᠬᠠᠪᠤᠷ ᠰᠠᠭᠠᠳᠠᠵᠤ ᠡᠷᠬᠢᠬᠦ ᠲᠦᠷᠪᠡᠨ ᠤᠯᠠᠷᠢᠯ ᠤᠨ ᠵᠢᠮ᠎ᠠ ᠪᠠᠷ ᠬᠠᠮᠤᠭ ᠠᠮᠢᠳᠠᠨ ᠠᠮᠢᠵᠢᠷᠠᠯ ᠤᠨ ᠬᠦᠴᠤᠨ ᠢᠶᠠᠨ ᠰᠡᠷᠭᠦᠬᠡᠬᠦ ᠳᠤ ᠬᠦᠮᠦᠰ ᠤᠨ ᠪᠡᠶ᠎ᠠ ᠳᠤ ᠴᠤ ᠵᠤᠬᠢᠬᠤ ᠬᠤᠪᠢᠷᠠᠯᠳᠠ ᠶᠢ ᠪᠤᠢ ᠪᠤᠯᠭᠠᠳᠠᠭ ᠪᠠᠶᠢᠨ᠎ᠠ᠃ ᠶᠡᠷᠤ ᠨᠢ ᠳᠡᠭᠡᠭᠡᠳ ᠨᠠᠰᠤᠳᠡᠶᠢᠴᠤᠳ ᠬᠠᠪᠤᠷ ᠡᠷᠳᠡ ᠪᠢᠳᠡᠬᠡᠢ ᠨᠢᠮᠬᠡᠯᠡ᠂ ᠨᠠᠮᠤᠷ ᠡᠷᠳᠡ ᠪᠢᠳᠡᠬᠡᠢ ᠵᠤᠵᠠᠭᠠᠯᠠ ᠬᠡᠬᠦ ᠮᠡᠳᠤ ᠬᠡᠴᠢᠨᠡᠡ ᠤᠯᠠᠨ ᠵᠢᠯ ᠤᠨ ᠳᠤᠷᠰᠢᠯᠭ᠎ᠠ ᠰᠤᠷᠭᠠᠮᠵᠢ ᠪᠠᠷ ᠢᠶᠠᠨ ᠳ᠋ᠦᠡᠭᠨᠡᠵᠤ ᠭᠠᠷᠭᠠᠬᠰᠠᠨ ᠶᠡᠷᠤᠳᠡ ᠶᠢᠨ ᠮᠡᠳᠡᠯᠬᠡ ᠮᠡᠳᠡᠴᠡ ᠪᠠᠷ ᠢᠶᠠᠨ ᠤᠯᠠᠷᠢᠨ ᠬᠤᠪᠢᠰᠬᠤ ᠤᠯᠠᠷᠢᠯ ᠤᠨ ᠵᠢᠮ᠎ᠠ ᠪᠠᠷ ᠪᠡᠶ᠎ᠠ ᠶᠢᠨ ᠰᠤᠪᠢᠯᠠᠯᠳᠠ ᠪᠠᠨ ᠠᠩᠬᠠᠷᠬᠤ ᠶᠢ ᠰᠠᠨᠠᠭᠤᠯᠵᠤ ᠢᠷᠡᠭᠰᠡᠨ ᠪᠠᠶᠢᠳᠠᠭ᠃ ᠰᠤᠷᠪᠤᠯᠵᠢᠯᠠᠬᠴᠢ ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠮᠤᠩᠭᠤᠯ ᠡᠮᠨᠡᠯᠭᠡ ᠶᠢᠨ ᠳᠤᠰᠬᠠᠢ ᠮᠡᠷᠭᠡᠵᠢᠯᠳᠡᠨ ᠷᠠᠰᠢ ᠶᠢᠨ ᠬᠠᠪᠤᠷ ᠴᠠᠭ ᠲᠤ ᠪᠡᠶ᠎ᠠ ᠶᠢᠨ ᠰᠤᠪᠢᠯᠠᠯᠳᠠ ᠶᠢᠨ ᠳᠠᠯ᠎ᠠ ᠪᠠᠷ ᠶᠠᠭᠠᠬᠢᠵᠤ ᠠᠩᠬᠠᠷᠬᠤ ᠳᠤᠬᠠᠢ ᠰᠤᠷᠪᠤᠯᠵᠢᠯᠠᠬᠰᠠᠨ ᠰᠤᠷᠪᠤᠯᠵᠢᠯᠠᠭ᠎ᠠ ᠪᠠᠨ ᠬᠤᠪᠢᠶᠠᠯᠴᠠᠶ᠎ᠠ᠃   ᠡᠪᠤᠯ ᠤᠨ ᠬᠦᠢᠳᠡᠨ ᠤ ᠡᠷᠴᠢ ᠪᠠᠷ ᠬᠦᠷᠦᠵᠤ ᠴᠠᠷᠴᠠᠬᠰᠠᠨ ᠪᠠᠳᠭᠠᠨ ᠬᠠᠪᠤᠷ ᠤᠨ ᠳᠤᠯᠠᠭᠠᠨ ᠢᠷᠡᠬᠦ ᠪᠠᠷ ᠭᠡᠰᠴᠤ ᠬᠠᠶᠢᠯᠦᠨ᠂ ᠪᠠᠳᠭᠠᠨ ᠡᠪᠡᠳᠴᠢᠨ ᠬᠦᠷᠬᠦ ᠪᠦᠭᠡᠳ ᠵᠠᠷᠢᠮ ᠰᠢᠩᠭᠡᠭᠡᠯᠳᠡ ᠶᠢᠨ ᠡᠪᠡᠳᠴᠢᠨ ᠬᠦᠳᠡᠯᠬᠦ ᠤᠴᠢᠷ ᠠᠷᠪᠢᠨ ᠭᠠᠷᠤᠨ᠎ᠠ᠃ ᠬᠦᠮᠦᠨ ᠤ ᠪᠡᠶ᠎ᠠ ᠶᠢ ᠠᠷᠭ᠎ᠠ ᠪᠢᠯᠢᠭ ᠳᠠᠪᠤᠨ ᠮᠠᠬᠠᠪᠤᠳ ᠤᠨ ᠳᠠᠯ᠎ᠠ ᠪᠠᠷ ᠬᠤᠪᠢᠶᠠᠵᠤ᠂ ᠮᠤᠩᠭᠤᠯ ᠡᠮᠨᠡᠯᠭᠡ ᠳᠤ ᠬᠡᠢ᠂ ᠰᠢᠷ᠎ᠠ᠂ ᠪᠠᠳᠭᠠᠨ ᠭᠡᠵᠤ ᠳᠠᠷᠤᠢ ᠰᠢᠷ᠎ᠠ ᠨᠢ ᠠᠷᠭ᠎ᠠ᠂ ᠪᠠᠳᠭᠠᠨ ᠨᠢ ᠪᠢᠯᠢᠭ ᠪᠠᠶᠢᠵᠤ᠂ ᠬᠡᠢ ᠨᠢ ᠬᠦᠢᠳᠡᠨ ᠳᠠᠯ᠎ᠠ ᠶᠢ ᠵᠢᠭᠠᠵᠤ ᠪᠠᠶᠢᠳᠠᠭ᠃ ᠡᠮᠨᠡᠯᠭᠡ ᠶᠢᠨ ᠤᠬᠠᠭᠠᠨ ᠳᠠᠬᠢ ᠪᠠᠳᠭᠠᠨ ᠬᠠᠶᠢᠯᠵᠤ ᠡᠪᠡᠳᠴᠢᠨ ᠪᠤᠯᠬᠤ ᠭᠡᠳᠡᠭ ᠨᠢ ᠡᠶᠢᠮᠤ ᠤᠴᠢᠷ ᠢ ᠵᠢᠭᠠᠵᠤ ᠪᠠᠶᠢᠨ᠎ᠠ ᠭᠡᠵᠥ ᠬᠠᠪᠤᠷ ᠴᠠᠭ ᠤᠨ ᠪᠡᠶ᠎ᠠ ᠮᠠᠬᠠᠪᠤᠳ ᠤᠨ ᠬᠤᠪᠢᠷᠠᠯᠳᠠ ᠶᠢᠨ ᠳᠤᠬᠠᠢ ᠷᠠᠰᠢ ᠡᠮᠴᠢ ᠢᠡᠭᠭᠢᠵᠤ ᠬᠡᠯᠡᠯ᠎ᠠ᠃   ᠷᠠᠰᠢ ᠡᠮᠴᠢ᠄ ︽ᠬᠠᠪᠤᠷ ᠴᠠᠭ ᠪᠤᠯᠪᠠᠯ ᠬᠦᠮᠦᠨ ᠤ ᠪᠡᠶ᠎ᠠ ᠳᠠᠬᠢ ᠪᠠᠳᠭᠠᠨ ᠬᠡᠰᠴᠤ ᠬᠠᠶᠢᠯᠵᠤ᠂ ᠡᠪᠡᠳᠴᠢᠨ ᠡᠬᠦᠰᠬᠦ ᠠᠴᠠ ᠰᠡᠷᠭᠡᠶᠢᠯᠡᠬᠦ ᠳᠤ ᠭᠤᠤᠯᠳᠠᠭᠤ ᠢᠳᠡᠭᠡᠨ ᠤᠮᠳᠠᠭᠠᠨ ᠢᠶᠠᠨ ᠳᠤᠬᠢᠷᠠᠭᠤᠯᠬᠤ ᠬᠡᠷᠡᠭᠳᠡᠢ ᠪᠠᠶᠢᠳᠠᠬ᠃ ᠵᠢᠯ ᠤᠨ ᠲᠦᠷᠪᠡᠨ ᠤᠯᠠᠷᠢᠯ ᠳᠤ ᠢᠳᠡᠭᠡᠨ ᠢᠶᠠᠨ ᠳᠤᠬᠢᠷᠠᠭᠤᠯᠬᠤ ᠳᠤᠬᠠᠢ ᠶᠡᠷᠦᠩᠭᠡᠶᠢᠯᠡᠭᠡᠳ ᠬᠡᠯᠡᠪᠡᠯ ᠬᠠᠪᠤᠷ ᠤᠨ ᠴᠠᠭ ᠲᠤ ᠬᠦᠡᠭᠭᠡᠨ ᠪᠦᠯᠢᠶᠡᠨ᠂ ᠵᠤᠨ ᠤ ᠴᠠᠭ ᠲᠤ ᠬᠦᠡᠭᠭᠡᠨ ᠰᠡᠷᠢᠬᠦᠨ ᠳᠤᠰᠤᠯᠢᠭ᠂ ᠨᠠᠮᠤᠷ ᠴᠠᠭ ᠲᠤ ᠠᠮᠳᠠᠯᠢᠭ ᠡᠬᠡᠬᠦᠨ ᠭᠠᠰᠢᠭᠤᠨ ᠭᠡᠵᠤ ᠡᠪᠤᠯ ᠤᠨ ᠴᠠᠭ ᠲᠤ ᠠᠮᠳᠠᠯᠢᠭ ᠢᠰᠬᠦᠯᠡᠩ ᠳᠠᠪᠤᠰᠤᠯᠢᠭ ᠭᠡᠵᠤ ᠳᠤᠬᠢᠷᠠᠭᠤᠯᠵᠤ ᠬᠡᠷᠡᠭᠯᠡᠳᠡᠭ︾ ᠭᠡᠯ᠎ᠠ᠃   ᠮᠤᠩᠭᠤᠯᠴᠤᠳ ᠶᠡᠷᠤ ᠨᠢ ᠮᠤᠩᠭᠤᠯ ᠠᠨᠠᠭᠠᠬᠤ ᠤᠬᠠᠭᠠᠨ ᠳᠤ ᠢᠳᠡᠭᠡᠨ ᠤᠮᠳᠠᠭᠠᠨ ᠢ ᠳᠤᠬᠢᠷᠠᠭᠤᠯᠵᠤ ᠬᠡᠷᠡᠭᠯᠡᠬᠦ ᠶᠢ ᠤᠨᠴᠠ ᠠᠩᠬᠠᠷᠴᠤ ᠪᠠᠶᠢᠳᠠᠭ᠃ ᠳᠡᠬᠡᠬᠦ ᠳᠡᠭᠡᠨ ᠢᠳᠡᠭᠡᠨ ᠤᠮᠳᠠᠭᠠᠨ ᠢ ᠵᠤᠬᠢᠰᠳᠡᠢ ᠳᠤᠬᠢᠷᠠᠭᠤᠯᠵᠤ ᠬᠢᠴᠢᠶᠠᠨ ᠡᠳ᠋ᠯᠡᠪᠡᠰᠤ ᠬᠦᠮᠦᠨ ᠤ ᠪᠡᠶ᠎ᠠ ᠶᠢᠨ ᠰᠢᠮ᠎ᠠ ᠳᠡᠵᠢᠬᠡᠯ ᠬᠠᠨᠭ᠍ᠭᠠᠯᠳᠠᠳᠡᠢ ᠪᠠᠶᠢᠵᠤ᠂ ᠡᠷᠡᠬᠦᠯ ᠤᠷᠤᠰᠢᠭᠤᠯᠵᠤ ᠠᠮᠢ ᠨᠠᠰᠤ ᠶᠢ ᠤᠷᠳᠤᠳᠬᠠᠵᠤ᠂ ᠢᠯᠡᠬᠦᠳᠡᠵᠤ ᠳᠤᠳᠠᠭᠤᠳᠠᠵᠤ ᠪᠤᠷᠤᠭᠤᠳᠠᠪᠠᠯ ᠡᠪᠡᠳᠴᠢᠨ ᠡᠬᠦᠰᠬᠦ ᠨᠦᠬᠦᠴᠡᠯ ᠢ ᠪᠦᠷᠢᠯᠳᠤᠭᠦᠯᠳᠡᠭ ᠭᠡᠰᠡᠨ ᠦᠬᠡ ᠠᠷᠠᠳ ᠤᠨ ᠳᠤᠮᠳᠠ ᠶᠠᠷᠢᠬᠳᠠᠵᠤ ᠪᠠᠶᠢᠳᠠᠭ᠃ ᠡᠶᠢᠮᠤ ᠠᠴᠠ ᠢᠳᠡᠬᠡᠨ ᠤᠮᠳᠠᠭᠠᠨ ᠢᠶᠠᠨ ᠵᠤᠬᠢᠴᠠᠭᠤᠯᠬᠤ ᠪᠤᠯ ᠡᠷᠡᠬᠦᠯ ᠮᠡᠨᠳᠤ ᠤᠷᠤᠰᠢᠬᠤ ᠶᠢᠨ ᠳᠤᠳᠠᠬᠳᠠᠵᠤ ᠪᠤᠯᠤᠰᠢ ᠦᠬᠡᠢ ᠨᠢᠭᠡ ᠨᠦᠬᠦᠴᠡᠯ ᠪᠤᠯᠤᠨ᠎ᠠ᠃ ᠶᠠᠷᠢᠶᠠᠨ ᠦᠬᠡᠢ ᠵᠠᠷᠢᠮ ᠢᠳᠡᠬᠡᠨ ᠤᠮᠳᠠᠭᠠᠨ ᠨᠢ ᠪᠠᠰᠠ ᠬᠦᠮᠦᠨ ᠤ ᠬᠤᠪᠢ ᠪᠡᠶ᠎ᠠ ᠶᠢᠨ ᠨᠦᠬᠦᠴᠡᠯ ᠠᠳᠠᠯᠢ ᠪᠤᠰᠤ ᠠᠴᠠ ᠪᠤᠯᠵᠤ ᠦᠯᠦ ᠵᠤᠬᠢᠴᠠᠯᠳᠤᠬᠤ ᠪᠠᠶᠢᠳᠠᠯ ᠢᠯᠡᠷᠡᠳᠡᠭ᠃ ᠡᠨᠡ ᠪᠤᠯ ᠳᠠᠷᠤᠢ ᠬᠦᠮᠦᠨ ᠤ ᠪᠤᠳᠠᠭᠠᠯᠢ ᠪᠡᠶ ᠎ᠠ ᠲᠠᠢ ᠦᠯᠦ ᠵᠤᠬᠢᠴᠠᠯᠳᠤᠬᠤ ᠶᠢ ᠵᠢᠭᠠᠵᠤ ᠪᠠᠶᠢᠨ᠎ᠠ᠃ ᠡᠨᠡ ᠦᠶ᠎ᠠ ᠳᠤ ᠪᠢᠳᠡ ᠪᠤᠳᠠᠭᠠᠯᠢ ᠪᠡᠶ᠎ᠠ ᠶᠢᠨ ᠪᠠᠶᠢᠳᠠᠯ ᠢᠶᠠᠨ ᠦᠨᠳᠤᠰᠤᠯᠡᠵᠤ ᠬᠠᠷᠰᠢᠮᠠᠳᠠᠭᠠᠢ ᠢᠳᠡᠭᠡᠨ ᠤᠮᠳᠠᠭᠠᠨ ᠠᠴᠠ ᠪᠤᠯᠬᠤ ᠶᠢᠨ ᠳᠤᠳᠤᠷ᠎ᠠ ᠵᠠᠶᠢᠯᠬᠤ᠂ ᠡᠳ᠋ᠯᠡᠬᠦ ᠦᠬᠡᠢ ᠪᠠᠶᠢᠬᠤ ᠵᠡᠷᠬᠡ ᠪᠠᠷ ᠡᠪᠡᠳᠴᠢᠨ ᠡᠬᠦᠰᠬᠦ ᠪᠤᠯᠤᠯᠴᠠᠭ᠎ᠠ ᠨᠦᠬᠦᠴᠡᠯ ᠢ ᠵᠠᠶᠢᠯᠠᠭᠤᠯᠵᠤ ᠪᠤᠯᠳᠠᠭ᠃ ᠤᠷᠴᠢᠯᠠᠩ ᠶᠢᠷᠳᠢᠨᠴᠤ ᠶᠢᠨ ᠤᠷᠤᠰᠢᠨ ᠠᠮᠢᠳᠤᠷᠠᠬᠤ ᠶᠤᠰᠤᠨ ᠨᠢ ᠶᠠᠪᠤᠳᠠᠯ ᠮᠦᠷ ᠤᠨ ᠡᠬᠢᠯᠡᠯᠳᠡ ᠪᠤᠯᠳᠠᠭ ᠶᠤᠮ᠃ ᠡᠶᠢᠮᠤ ᠤᠴᠢᠷ ᠠᠴᠠ ᠪᠢᠳᠡ ᠢᠳᠡᠭᠡᠨ ᠤᠮᠳᠠᠭᠠᠨ ᠢᠶᠠᠨ ᠡᠷᠡᠬᠦᠯ ᠡᠩᠭᠡ ᠡᠳ᠋ᠯᠡᠬᠦ ᠠᠴᠠ ᠡᠬᠢᠯᠡᠵᠤ ᠪᠡᠶ᠎ᠠ ᠶᠢᠨ ᠡᠷᠡᠬᠦᠯ ᠮᠡᠨᠳᠤ ᠪᠠᠨ ᠠᠩᠬᠠᠷᠤᠶ᠎ᠠ᠃ ᠨᠡᠩ ᠴᠤ ᠬᠠᠪᠤᠷ ᠤᠨ ᠤᠯᠠᠷᠢᠯ ᠪᠤᠯ ᠬᠠᠮᠤᠭ ᠪᠤᠳᠠᠰ ᠠᠮᠢᠯᠠᠨ ᠳᠡᠯᠬᠡᠷᠡᠵᠤ᠂ ᠬᠦᠮᠦᠨ ᠤ ᠪᠡᠶ᠎ᠠ ᠶᠢᠨ ᠡᠯ᠎ᠠ ᠳᠠᠯ᠎ᠠ ᠶᠢᠨ ᠪᠠᠶᠢᠳᠠᠯ ᠬᠤᠪᠢᠷᠠᠯᠳᠠ ᠡᠬᠦᠰᠬᠦ ᠴᠠᠭ ᠪᠤᠯᠤᠨ᠎ᠠ᠃ ᠡᠨᠡ ᠦᠶ᠎ᠠ ᠳᠤ ᠪᠢᠳᠡ ᠢᠳᠡᠭᠡᠨ ᠤᠮᠳᠠᠭᠠᠨ ᠢᠶᠠᠨ ᠵᠤᠬᠢᠴᠠᠭᠤᠯᠵᠤ ᠬᠠᠪᠤᠷ ᠴᠠᠭ ᠤᠨ ᠡᠪᠡᠳᠴᠢᠨ ᠡᠬᠦᠰᠬᠦ ᠠᠴᠠ ᠰᠡᠷᠭᠡᠶᠢᠯᠡᠵᠤ ᠶᠠᠪᠤᠶ᠎ᠠ᠃   ᠷᠠᠰᠢ ᠡᠮᠴᠢ᠄ ︽ᠢᠳᠡᠭᠡᠨ ᠤᠮᠳᠠᠭᠠᠨ ᠢᠯᠡᠭᠦᠳᠡᠭᠦ᠂ ᠳᠤᠳᠠᠭᠤᠳᠠᠬᠤ᠂ ᠪᠤᠷᠤᠭᠤᠳᠠᠬᠤ ᠠᠴᠠ ᠶᠠᠷᠦᠩᠭᠡᠢ ᠳᠡᠭᠡᠨ ᠡᠪᠡᠳᠴᠢᠨ ᠡᠭᠦᠰᠭᠦ ᠰᠢᠯᠳᠠᠭᠠᠨ ᠭᠠᠷᠳᠠᠭ᠃ ᠡᠶᠢᠮᠤ ᠠᠴᠠ ᠬᠠᠪᠤᠷ ᠤᠨ ᠴᠠᠭ ᠢᠳᠡᠭᠡᠨ ᠤᠮᠳᠠᠭᠠᠨ ᠤ ᠳᠠᠯ᠎ᠠ ᠪᠠᠷ ᠤᠨᠴᠠᠭᠠᠢ ᠬᠢᠴᠢᠶᠠᠵᠤ᠂ ᠦᠨᠤᠷ᠂ ᠠᠮᠳᠠ᠂ ᠴᠢᠨᠠᠷ ᠨᠢ ᠬᠤᠪᠢᠷᠠᠭᠰᠠᠨ ᠢᠳᠡᠭᠡᠨ ᠤᠮᠳᠠᠭᠠᠨ ᠢ ᠢᠳᠡᠭᠦ ᠦᠭᠡᠢ ᠪᠠᠶᠢᠬᠤ ᠭᠡᠷᠡᠭᠳᠡᠢ᠃ ᠳᠡᠷᠡᠴᠢᠯᠡᠨ ᠦᠯᠦ ᠵᠤᠬᠢᠴᠠᠯᠳᠤᠬᠤ ᠢᠳᠡᠭᠡᠨ ᠤᠮᠳᠠᠭᠠᠨ ᠢ ᠬᠤᠯᠢᠵᠤ ᠢᠳᠡᠵᠤ ᠪᠤᠯᠬᠤ ᠦᠭᠡᠢ᠃ ᠵᠢᠱᠢᠶᠠᠯᠠᠪᠠᠯ᠄ ᠵᠢᠭᠠᠰᠤᠨ ᠮᠢᠬ᠎ᠠ ᠶᠢ ᠰᠦ ᠲᠠᠢ ᠨᠡᠶᠢᠯᠡᠭᠦᠯᠭᠦ᠂ ᠰᠤᠩᠭᠢᠨ᠎ᠡ ᠶᠢ ᠪᠠᠯ ᠲᠠᠢ ᠬᠤᠯᠢᠵᠤ ᠢᠳᠡᠭᠦ᠂ ᠰᠦ ᠶᠢ ᠭᠦᠢᠯᠡᠰᠤ ᠲᠠᠢ ᠬᠤᠯᠢᠵᠤ ᠭᠡᠷᠡᠭᠯᠡᠭᠦ᠂ ᠳᠠᠬᠢᠶᠠᠨ ᠦᠨᠳᠡᠭᠡ ᠶᠢ ᠵᠢᠭᠠᠰᠤᠨ ᠮᠢᠬ᠎ᠠ ᠲᠠᠢ ᠬᠤᠯᠢᠵᠤ ᠢᠳᠡᠭᠦ᠂ ᠪᠤᠷᠴᠠᠭ ᠤᠨ ᠵᠤᠳᠠᠩ ᠢ ᠳᠠᠷᠠᠭ ᠠᠶᠢᠷᠠᠭ ᠪᠠ ᠪᠤᠷᠠᠮ ᠲᠠᠢ ᠢᠳᠡᠭᠦ᠂ ᠳᠠᠬᠢᠶᠠᠨ ᠮᠢᠬ᠎ᠠ ᠶᠢ ᠳᠠᠷᠠᠭ ᠲᠠᠢ ᠬᠤᠯᠢᠵᠤ ᠢᠳᠡᠭᠦ᠂ ᠠᠷᠢᠬᠢ ᠳᠠᠷᠠᠰᠤ ᠶᠢ ᠴᠢᠴᠠᠷᠭᠠᠨ᠎ᠠ ᠲᠠᠢ ᠬᠠᠮᠳᠤ ᠭᠡᠷᠡᠭᠯᠡᠵᠤ ᠪᠤᠯᠬᠤ ᠦᠭᠡᠢ᠃ ᠡᠰᠡᠭᠦᠯ᠎ᠡ ᠳᠦᠷᠦᠭᠦᠦ ᠢᠳᠡᠭᠰᠡᠨ ᠨᠢ ᠰᠢᠩᠭᠡᠭᠦ ᠠᠴᠠ ᠡᠮᠤᠨ᠎ᠡ ᠳᠡᠭᠡᠷ᠎ᠡ ᠳᠡᠭᠡᠷ᠎ᠡ ᠠᠴᠠ ᠨᠢ ᠢᠳᠡᠭᠦ ᠵᠡᠷᠭᠡ ᠪᠤᠯ ᠢᠳᠡᠭᠡᠨ ᠤᠮᠳᠠᠭᠠᠨ ᠢ ᠡᠳ᠋ᠯᠡᠬᠦ ᠶᠢᠨ ᠵᠢᠮ᠎ᠠ ᠶᠤᠰᠥ ᠶᠢ ᠵᠦᠷᠢᠴᠡᠵᠥ ᠪᠠᠶᠢᠭ᠎ᠠ ᠶᠠᠪᠤᠳᠠᠯ ᠪᠤᠯᠤᠨ᠎ᠠ᠃ ᠡᠶᠢᠮᠤ ᠠᠴᠠ ᠬᠠᠪᠤᠷ ᠤᠨ ᠴᠠᠭ ᠢᠳᠡᠭᠡᠨ ᠤᠮᠳᠠᠭᠠᠨ ᠤ ᠳᠠᠯ᠎ᠠ ᠪᠠᠷ ᠰᠠᠶᠢᠬᠠᠨ ᠳᠤᠬᠢᠷᠠᠭᠤᠯᠵᠤ ᠢᠳᠡᠭᠦ ᠮᠠᠰᠢ ᠴᠢᠬᠤᠯᠠ᠃ ᠡᠭᠦᠨ ᠠᠴᠠ ᠭᠠᠳᠠᠨ᠎ᠠ ᠬᠠᠪᠤᠷ ᠤᠨ ᠴᠠᠭ ᠳᠠᠭᠠᠷᠠᠵᠤ ᠭᠦᠷᠦᠭᠦ ᠠᠴᠠ ᠬᠢᠴᠢᠶᠠᠵᠤ ᠬᠤᠪᠴᠠᠰᠤ ᠬᠤᠨᠠᠷ ᠢᠶᠠᠨ ᠮᠦᠨ ᠴᠤ ᠳᠤᠬᠢᠷᠠᠭᠤᠯᠵᠤ ᠡᠮᠤᠰᠭᠦ ᠭᠡᠷᠡᠭᠳᠡᠢ ᠶᠤᠮ︾ ᠭᠡᠵᠤ ᠵᠦᠪᠯᠡᠯ᠎ᠡ᠃     ︵ᠬᠠᠮ ᠵᠠᠭᠤᠴᠢᠯᠠᠭᠤᠷ ᠤᠨ ᠰᠤᠷᠪᠤᠯᠵᠢᠯᠠᠭᠴᠢ ᠵᠤᠯᠠ  ︶
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号