ᠰᠠ ᠡᠪᠡᠳᠴᠢᠨ ᠢ ᠬᠡᠷᠬᠢᠨ ᠤᠷᠢᠳᠴᠢᠯᠠᠨ ᠰᠡᠷᠭᠡᠶᠢᠯᠡᠬᠦ ᠪᠤᠢ︖
ᠨᠡᠶᠢᠲᠡᠯᠡᠭᠰᠡᠨ ᠴᠠᠭ᠄
2024/4/8
 ᠰᠠ ᠡᠪᠡᠳᠴᠢᠨ ᠢ ᠬᠡᠷᠬᠢᠨ ᠤᠷᠢᠳᠴᠢᠯᠠᠨ ᠰᠡᠷᠭᠡᠶᠢᠯᠡᠬᠦ ᠪᠤᠢ︖                  — ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠡᠨᠡᠯᠭᠡ ᠶᠢᠨ ᠬᠤᠷᠢᠶᠠᠨ ᠤ ᠲᠠᠷᠢᠬᠢᠨ                     ᠡᠪᠡᠳᠴᠢᠨ ᠤ ᠰᠠᠯᠠᠭ᠎ᠠ ᠶᠢᠨ ᠭᠤᠤᠯᠯᠠᠭᠴᠢ ᠡᠮᠴᠢ ᠤᠷᠢᠬᠠᠨ ᠢ ᠰᠤᠷᠪᠤᠯᠵᠢᠯᠠᠭᠠᠳ                                                                                                  ᠬᠠᠮ ᠵᠠᠭᠤᠴᠢᠯᠠᠭᠤᠷ ᠤᠨ ᠰᠤᠷᠪᠤᠯᠵᠢᠯᠠᠭᠴᠢ ᠵᠤᠯᠠ        ᠤᠢᠢᠷ᠎ᠡ ᠳᠤ ᠰᠤᠷᠪᠤᠯᠵᠢᠯᠠᠬᠴᠢ ᠰᠠ ᠡᠪᠡᠤᠨᠴᠢᠡ ᠢ ᠭᠡᠷᠭᠢᠡ ᠤᠷᠢᠤᠨᠴᠢᠯᠡᠡ ᠰᠡᠷᠭᠡᠶᠢᠯᠡᠭᠦ ᠲᠤᠬᠠᠢ ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠠ ᠤ ᠲᠠᠷᠢᠭᠢᠡ ᠡᠪᠡᠤᠨᠴᠢᠡ ᠤ ᠰᠠᠯᠠᠭᠠᠠ ᠤ ᠭᠤᠤᠯᠯᠠᠬᠴᠢ ᠡᠮᠴᠢ ᠤᠷᠢᠬᠠᠠ ᠢ ᠰᠤᠷᠪᠤᠯᠵᠢᠯᠠᠵᠤ ᠪᠢᠯᠡ᠃ ᠲᠤᠤᠷ᠎ᠡ ᠡᠨᠡᠭᠦ ᠰᠤᠷᠪᠤᠯᠵᠢᠯᠠᠭ᠎ᠠ ᠪᠠᠨ ᠲᠠ ᠤᠯᠠᠠ ᠲᠠᠢ ᠬᠤᠪᠢᠶᠠᠯᠴᠡᠶ᠎ᠡ᠃    ᠰᠤᠷᠪᠦᠯᠵᠢᠯᠠᠬᠴᠢ᠄ ᠰᠠᠶᠢᠨ ᠪᠠᠶᠢᠨ᠎ᠠ ᠤᠤ︖ ᠤᠷᠢᠬᠠᠨ ᠡᠮᠴᠢ᠂ ᠡᠷᠬᠢᠮ ᠨᠠᠨᠳᠢᠨ ᠴᠠᠭ ᠢᠶᠠᠨ ᠵᠠᠷᠤᠴᠠᠭᠤᠯᠵᠤ ᠦᠷᠬᠡᠨ ᠤᠯᠠᠨ ᠳᠤ ᠰᠠ ᠡᠪᠡᠳᠴᠢᠨ ᠤ ᠳᠤᠬᠠᠢ ᠳᠠᠶᠢᠯᠦᠮᠵᠢ ᠬᠢᠬᠦ ᠪᠤᠯᠤᠬᠰᠠᠨ ᠳᠤ ᠳᠠᠯᠠᠷᠬᠠᠵᠤ ᠪᠠᠶᠢᠨ᠎ᠠ᠂    ᠤᠷᠢᠬᠠᠨ ᠡᠮᠴᠢ᠄ ᠳᠠᠶᠠᠭᠠᠷ ᠢᠶᠠᠨ ᠰᠠᠶᠢᠨ ᠪᠠᠶᠢᠵᠠᠭᠠᠨ᠎ᠠ ᠤᠤ︖ ᠪᠢ ᠪᠣᠯ ᠰᠢᠯᠢ ᠶᠢᠨ ᠭᠤᠣᠯ ᠠᠶᠢᠮᠠᠭ ᠤᠨ ᠮᠣᠩᠭᠤᠯ ᠡᠮᠨᠡᠯᠭᠡ ᠶᠢᠨ ᠬᠤᠷᠢᠶᠠᠨ ᠤ ᠳᠠᠷᠢᠬᠢᠨ ᠡᠪᠡᠳᠴᠢᠨ ᠤ ᠰᠠᠯᠠᠭᠠᠨ ᠤ ᠭᠤᠣᠯᠯᠠᠭᠴᠢ ᠡᠮᠴᠢ ᠣᠷᠢᠬᠠᠨ ᠪᠠᠶᠢᠨ᠎ᠠ᠃ ᠳᠠ ᠪᠦᠬᠦᠨ ᠳᠡᠭᠡᠨ ᠰᠠ ᠡᠪᠡᠳᠴᠢᠨ ᠵᠢᠴᠢ ᠰᠠ ᠡᠪᠡᠳᠴᠢᠨ ᠢ ᠣᠷᠢᠳᠴᠢᠯᠠᠨ ᠰᠡᠷᠭᠡᠶᠢᠯᠡᠬᠦ ᠳᠣᠬᠠᠢ ᠳᠠᠶᠢᠯᠤᠮᠵᠢ ᠬᠢᠵᠤ ᠪᠦᠬᠦᠳᠡ ᠶᠢᠨ ᠡᠷᠡᠬᠦᠯ ᠡᠩᠭᠡ ᠶᠢᠨ ᠲᠦᠯᠦᠬᠡ ᠪᠠᠭ᠎ᠠ ᠴᠤ ᠭᠡᠰᠡᠨ ᠳᠤᠰᠠᠯᠠᠮᠵᠢ ᠦᠵᠡᠬᠦᠯᠬᠦ ᠪᠤᠯᠤᠬᠰᠠᠨ ᠳᠠᠭᠠᠨ ᠪᠠᠶᠠᠷᠯᠠᠵᠤ ᠪᠠᠶᠢᠨ᠎ᠠ᠃ ᠣᠳᠣᠬᠠᠨ ᠤ ᠨᠡᠶᠢᠭᠡᠮ ᠤᠨ ᠬᠦᠭᠵᠢᠯᠳᠠ ᠶᠢ ᠳᠠᠭᠠᠯᠳᠣᠨ᠂ ᠬᠦᠮᠦᠰ ᠤᠨ ᠢᠳᠡᠭᠡᠨ ᠣᠮᠳᠠᠭᠠᠨ ᠤ ᠳᠠᠳᠬᠠᠯ ᠡᠳᠦᠷ ᠢᠷᠡᠬᠦᠶ᠎ᠠ ᠬᠤᠪᠢᠷᠠᠯᠳᠠ ᠡᠭᠦᠰᠴᠦ᠂ ᠣᠳᠠᠭᠠᠨ ᠵᠢᠯ ᠳᠠᠮᠠᠬᠢ ᠳᠠᠳᠠᠬᠤ᠂ ᠠᠷᠢᠬᠢ ᠣᠣᠭᠤᠬᠤ᠂ ᠠᠵᠢᠯ ᠤᠨ ᠳᠠᠷᠣᠭᠠᠰᠣ ᠪᠠ ᠰᠡᠳᠬᠢᠯ ᠤᠨ ᠳᠠᠷᠣᠭᠠᠰᠣ ᠬᠦᠨᠳᠦᠷᠡᠬᠦ ᠵᠡᠷᠭᠡ ᠡᠷᠡᠭᠦᠯ ᠪᠣᠰᠣ ᠶᠠᠪᠣᠳᠠᠯ ᠮᠦᠷ ᠠᠴᠠ ᠪᠣᠯᠵᠦ᠂ ᠰᠠ ᠡᠪᠡᠳᠴᠢᠨ ᠤ ᠡᠭᠦᠰᠦᠯᠳᠠ ᠶᠢᠨ ᠨᠣᠷᠮ᠎ᠠ ᠣᠯᠠᠮ ᠠᠴᠠ ᠣᠯᠠᠮ ᠦᠨᠳᠦᠷᠵᠢᠵᠦ ᠪᠠᠶᠢᠬᠤ ᠮᠦᠷᠳᠡᠭᠡᠨ ᠮᠠᠯᠵᠢᠬᠤ ᠣᠷᠣᠨ ᠳᠤ ᠡᠨᠡ ᠨᠢ ᠨᠡᠩ ᠴᠤ ᠢᠯᠡᠬᠦᠤ ᠭᠠᠵᠠᠷ ᠠᠪᠴᠤ᠂ ᠪᠠᠰᠠ ᠵᠡᠮᠳᠡᠭ ᠪᠣᠯᠬᠤ ᠭᠤᠣᠯ ᠰᠢᠯᠳᠠᠭᠠᠨ ᠪᠤᠯᠵᠤ ᠪᠠᠶᠢᠨ᠎ᠠ᠃    ᠰᠤᠷᠪᠦᠯᠵᠢᠯᠠᠬᠴᠢ᠄ ᠳᠡᠭᠡᠪᠡᠯ ᠪᠢᠳᠡ ᠰᠠ ᠡᠪᠡᠳᠴᠢᠨ ᠢ ᠶᠠᠭᠠᠬᠢᠵᠤ ᠤᠢᠢᠯᠠᠭᠠᠬᠤ ᠪᠤᠢ︖    ᠤᠷᠢᠬᠠᠨ ᠡᠮᠴᠢ᠄ ᠰᠠ ᠡᠪᠡᠳᠴᠢᠨ ᠪᠣᠯ ᠨᠢᠭᠡ ᠵᠦᠢᠯ ᠤᠨ ᠳᠠᠷᠢᠬᠢᠨ ᠰᠣᠳᠠᠯ ᠤᠨ ᠭᠡᠮᠳᠦᠯ ᠠᠴᠠ ᠪᠣᠯᠵᠦ ᠴᠠᠭᠠᠨ ᠰᠣᠳᠠᠯ ᠢ ᠨᠦᠯᠦᠭᠡᠯᠡᠭᠰᠡᠨ ᠡᠪᠡᠳᠴᠢᠨ ᠪᠣᠯᠣᠨ᠎ᠠ᠃ ᠬᠦᠮᠦᠨ ᠤ ᠳᠠᠷᠢᠬᠢ ᠪᠣᠯ ᠵᠢᠷᠦᠬᠡ ᠠᠭᠤᠰᠬᠢ ᠠᠷᠠᠰᠦ ᠮᠢᠬ᠎ᠠ ᠵᠡᠷᠭᠡ ᠪᠣᠰᠣᠳ ᠡᠷᠬᠡᠳᠡᠨ ᠲᠠᠢ ᠠᠳᠠᠯᠢ ᠪᠦᠷ ᠴᠢᠰᠣᠨ ᠰᠣᠳᠠᠯ ᠢᠶᠠᠷ ᠳᠠᠮᠵᠢᠨ ᠬᠦᠴᠢᠯᠳᠦ᠋ᠷᠦᠭᠴᠢ ᠪᠠ ᠰᠢᠮ᠎ᠡ ᠳᠡᠵᠢᠭᠡᠯ ᠬᠠᠩᠭᠠᠵᠦ ᠠᠪᠳᠠᠭ᠃ ᠬᠡᠷᠪᠡ ᠡᠨᠡᠬᠦ ᠰᠣᠳᠠᠯ ᠤᠨ ᠵᠠᠮ ᠨᠢ ᠰᠠᠭᠠᠳ ᠣᠴᠠᠷᠠᠪᠠᠯ ᠬᠦᠮᠦᠨ ᠤ ᠳᠠᠷᠢᠬᠢᠨ ᠤ ᠵᠠᠷᠢᠮ ᠭᠡᠰᠡᠭ ᠨᠢ ᠬᠦᠴᠢᠯᠲᠦ᠋ᠷᠦᠭᠴᠢ ᠳᠤᠳᠠᠬᠳᠠᠵᠤ ᠦᠬᠦᠵᠢᠯ ᠡᠭᠦᠰᠴᠦ ᠡᠪᠡᠳᠴᠢᠨ ᠤ ᠰᠢᠨᠵᠢ ᠶᠢ ᠢᠯᠡᠷᠡᠭᠦᠯᠦᠨ᠎ᠡ᠃ ᠳᠠᠷᠢᠬᠢ ᠪᠣᠯ ᠪᠦᠬᠦ ᠪᠡᠶ᠎ᠡ ᠶᠢᠨ ᠡᠷᠬᠡᠳᠡᠨ ᠤ ᠠᠯᠢᠪᠠ ᠠᠵᠢᠯᠯᠠᠭ᠎ᠠ ᠪᠠ ᠮᠦᠴᠢ ᠶᠢᠨ ᠬᠦᠳᠡᠯᠭᠡᠭᠡᠨ ᠢ ᠶᠡᠷᠦᠩᠬᠡᠢ ᠳᠤᠨᠢ ᠵᠠᠬᠢᠷᠴᠤ ᠪᠠᠶᠢᠳᠠᠭ᠃ ᠡᠶᠢᠮᠤ ᠠᠴᠠ ᠡᠮᠴᠢᠯᠡᠭᠡᠨ ᠳᠡᠭᠡᠷ᠎ᠡ ᠢᠯᠡᠷᠡᠬᠦ ᠰᠢᠨᠵᠢ ᠨᠢ ᠳᠡᠭᠦᠨ ᠤ ᠡᠪᠡᠳᠴᠢᠯᠡᠭᠰᠡᠨ ᠣᠷᠣᠨ ᠳᠠᠷᠣᠢ ᠦᠬᠦᠵᠢᠯ ᠡᠭᠦᠰᠦᠭᠰᠡᠨ ᠣᠷᠣᠨ ᠢᠶᠠᠷ ᠨᠢ ᠳᠣᠭᠳᠠᠭᠠᠭᠳᠠᠨ᠎ᠠ᠃ ᠰᠠ ᠡᠪᠡᠳᠴᠢᠨ ᠨᠢ ᠡᠮᠴᠢᠯᠡᠭᠡᠨ ᠳᠡᠭᠡᠷ᠎ᠡ ᠣᠯᠠᠨ ᠵᠦᠢᠯ ᠤᠨ ᠠᠳᠠᠯᠢ ᠪᠣᠰᠣ ᠰᠢᠨᠵᠢ ᠢᠯᠡᠷᠡᠳᠡᠭ᠂ ᠵᠠᠷᠢᠮ ᠨᠢ ᠳᠠᠯ᠎ᠠ ᠪᠡᠶ᠎ᠡ ᠳᠠᠮᠪᠠᠷᠠᠬᠤ᠂ ᠦᠭᠡ ᠬᠡᠯᠡ ᠳᠣᠳᠣ ᠦᠭᠡᠢ ᠪᠣᠯᠬᠤ᠂ ᠵᠠᠷᠢᠮ ᠨᠢ ᠨᠢᠭᠤᠷ ᠠᠮᠠ ᠮᠣᠷᠦ᠋ᠢᠵᠦ ᠰᠢᠯᠦᠰᠣ ᠭᠤᠭᠤᠵᠢᠨ ᠢᠳᠡᠭᠡᠨ ᠣᠮᠳᠠᠭᠠᠨ ᠳᠤ ᠬᠠᠭ᠋ᠠᠬᠤ᠂ ᠵᠠᠷᠢᠮ ᠨᠢ ᠬᠠᠷᠠᠭ᠎ᠠ ᠠᠯᠳᠠᠬᠤ᠂ ᠳᠣᠯᠣᠭᠠᠢ ᠡᠪᠡᠳᠬᠦ᠂ ᠪᠠᠰᠠ ᠵᠠᠷᠢᠮ ᠨᠢ ᠪᠡᠶ᠎ᠡ ᠶᠢᠨ ᠳᠡᠩᠴᠡᠭᠦᠷᠢ ᠪᠠᠨ ᠠᠯᠳᠠᠨ ᠳᠣᠯᠣᠭᠠᠢ ᠡᠷᠬᠢᠬᠦ᠂ ᠬᠦᠨᠳᠦ ᠨᠢ ᠪᠤᠯ ᠣᠬᠠᠭᠠᠨ ᠮᠡᠳᠡᠷᠡᠯ ᠠᠯᠳᠠᠬᠤ ᠵᠡᠷᠭᠡ ᠰᠢᠨᠵᠢ ᠪᠦᠷ ᠢᠯᠡᠷᠡᠵᠦ ᠪᠣᠯᠣᠨ᠎ᠠ᠃    ᠰᠤᠷᠪᠦᠯᠵᠢᠯᠠᠬᠴᠢ᠄ ᠶᠡᠷᠤᠳᠡ ᠶᠢᠨ ᠠᠮᠢᠳᠤᠷᠠᠯ ᠳᠤ ᠤᠯᠠᠨ ᠳᠤᠬᠢᠶᠠᠯᠳᠤᠳᠠᠭ ᠰᠠ ᠡᠪᠡᠳᠴᠢᠨ ᠨᠢ ᠶᠠᠮᠠᠷᠰᠢᠤ ᠪᠠᠶᠢᠳᠠᠭ ᠪᠤᠢ︖    ᠤᠷᠢᠬᠠᠨ ᠡᠮᠴᠢ᠄ ᠮᠠᠨᠣᠰ ᠤᠨ ᠣᠯᠠᠩᠬᠢ ᠳᠣᠬᠢᠶᠠᠯᠳᠣᠳᠠᠭ ᠰᠠ ᠡᠪᠡᠳᠴᠢᠨ ᠪᠣᠯ ᠭᠠᠯ ᠰᠠ ᠪᠣᠶᠣ ᠣᠰᠣᠨ ᠰᠠ ᠭᠡᠵᠦ ᠬᠤᠶᠠᠷ ᠳᠦᠷᠦᠯ ᠪᠠᠶᠢᠳᠠᠭ᠂ ᠬᠡᠳᠦ᠋ᠢᠪᠡᠷ ᠡᠮᠴᠢᠯᠡᠭᠡᠨ ᠳᠠᠬᠢ ᠰᠢᠨᠵᠢ ᠨᠢ ᠣᠶᠢᠷᠠᠯᠴᠠᠭ᠎ᠠ ᠪᠣᠯᠪᠠᠴᠦ᠂ ᠣᠰᠣᠨ ᠰᠠ ᠶᠢᠨ ᠳᠣᠰᠣᠯᠳᠠ ᠨᠢ ᠬᠦᠩᠭᠡᠨ᠂ ᠡᠪᠡᠳᠴᠢᠨ ᠤ ᠬᠦᠭᠵᠢᠯᠳᠠ ᠨᠢ ᠣᠳᠠᠭᠠᠨ᠂ ᠭᠠᠯ ᠰᠠ ᠪᠣᠯ ᠳᠣᠰᠣᠯᠳᠠ ᠨᠢ ᠬᠦᠨᠳᠦ᠂ ᠬᠦᠭᠵᠢᠯᠳᠠ ᠨᠢ ᠳᠦᠷᠭᠡᠨ ᠪᠠᠶᠢᠳᠠᠭ᠃ ᠡᠸᠦ᠋ᠷᠦᠫᠡ ᠡᠮᠨᠡᠯᠭᠡ ᠳᠠᠬᠢ ᠳᠠᠷᠢᠬᠢᠨ ᠰᠣᠳᠠᠯ ᠤᠨ ᠳᠦᠭᠵᠢᠷᠡᠯ ᠨᠢ ᠮᠠᠨ ᠤ ᠣᠰᠣᠨ ᠰᠠ ᠡᠪᠡᠳᠴᠢᠨ ᠤ ᠬᠡᠪᠴᠢᠶᠡᠨ ᠳᠤ ᠪᠠᠭᠳᠠᠨ᠎ᠠ᠂ ᠡᠨᠡ ᠨᠢ ᠪᠣᠯ ᠳᠠᠷᠢᠬᠢᠨ ᠳᠤ ᠬᠦᠴᠢᠯᠳᠦ᠋ᠷᠦᠭᠴᠢ ᠪᠠ ᠰᠢᠮ᠎ᠡ ᠳᠡᠵᠢᠭᠡᠯ ᠬᠠᠩᠭᠠᠵᠦ ᠪᠠᠶᠢᠭ᠎ᠠ ᠴᠢᠰᠣᠨ ᠰᠣᠳᠠᠯ ᠭᠡᠨᠡᠳᠳᠡ ᠳᠦᠭᠵᠢᠷᠡᠵᠦ᠂ ᠳᠠᠷᠤᠢ ᠳᠤᠰ ᠴᠢᠰᠣᠨ ᠰᠣᠳᠠᠯ ᠤᠨ ᠳᠣᠳᠣᠷ ᠪᠦᠷᠬᠦᠪᠴᠢ ᠬᠠᠨ᠎ᠠ ᠨᠢ ᠭᠡᠮᠳᠦᠵᠦ᠂ ᠭᠡᠮᠳᠦᠯ ᠢ ᠠᠷᠢᠯᠭᠠᠬᠤ ᠶᠢᠨ ᠳᠣᠰᠠᠳᠠ ᠴᠢᠰᠣᠨ ᠤ ᠢᠯᠳᠠᠰᠦ ᠨᠢ ᠭᠡᠮᠳᠦᠯ ᠤᠨ ᠣᠷᠣᠨ ᠳᠤᠨᠢ ᠪᠦᠭᠡᠮᠨᠡᠷᠡᠨ ᠳᠣᠭᠳᠠᠨᠢᠵᠦ᠂ ᠴᠢᠨᠠᠭᠰᠢᠳᠠ ᠴᠢᠰᠣᠨ ᠳᠠᠬᠢ ᠦᠭᠡᠬᠦᠯᠢᠭ ᠡᠳ᠋ ᠵᠡᠷᠭᠡ ᠪᠦᠳᠦᠭᠦᠨ ᠮᠦᠬᠦᠯᠢᠭ ᠨᠢ ᠴᠦ ᠳᠠᠭᠠᠯᠳᠣᠨ ᠨᠠᠭᠠᠯᠳᠣᠵᠦ᠂ ᠣᠯᠠᠮ ᠠᠴᠠ ᠣᠯᠠᠮ ᠣᠯᠠᠰᠢᠷᠠᠨ ᠰᠣᠳᠠᠯ ᠢ ᠳᠦᠭᠵᠢᠷᠡᠭᠦᠯᠵᠦ᠂ ᠡᠪᠡᠳᠴᠢᠨ ᠡᠬᠦᠰᠬᠡᠬᠦ ᠶᠢ ᠵᠢᠭᠠᠵᠤ ᠪᠠᠶᠢᠨ᠎ᠠ᠃ ᠡᠸᠦ᠋ᠷᠦᠫᠡ ᠡᠮᠨᠡᠯᠭᠡ ᠳᠠᠬᠢ ᠳᠠᠷᠢᠬᠢᠨ ᠳᠤ ᠴᠢᠰᠣ ᠬᠠᠷᠪᠣᠭᠰᠠᠨ ᠡᠪᠡᠳᠴᠢᠨ ᠪᠤᠯ ᠪᠢᠳᠡᠨ ᠤ ᠶᠠᠷᠢᠳᠠᠭ ᠭᠠᠯ ᠰᠠ ᠡᠪᠡᠳᠴᠢᠨ ᠳᠤ ᠪᠠᠭᠳᠠᠨ᠎ᠠ᠂ ᠡᠨᠡ ᠨᠢ ᠪᠣᠯ ᠳᠠᠷᠢᠬᠢᠨ ᠰᠣᠳᠠᠯ ᠨᠢ ᠳᠡᠯᠪᠡᠷᠡᠭᠡᠳ ᠴᠢᠰᠣ ᠨᠢ ᠭᠠᠳᠠᠭᠰᠢ ᠣᠷᠣᠰᠴᠦ᠂ ᠳᠠᠷᠢᠬᠢᠨ ᠳᠤ ᠤᠷᠤᠬᠰᠠᠨ ᠠᠴᠠ ᠪᠣᠯᠵᠦ ᠡᠭᠦᠰᠴᠠᠢ᠂ ᠳᠡᠭᠦᠨ ᠤ ᠡᠭᠦᠰᠦᠯᠳᠠ ᠶᠢᠨ ᠨᠣᠷᠮ᠎ᠠ ᠨᠢ ᠬᠡᠳᠦ᠋ᠢᠪᠡᠷ ᠣᠰᠣᠨ ᠰᠠ ᠡᠪᠡᠳᠴᠢᠨ ᠠᠴᠠ ᠳᠣᠣᠷ᠎ᠠ ᠪᠣᠯᠪᠠᠴᠦ ᠦᠬᠦᠬᠦ ᠨᠣᠷᠮ᠎ᠠ ᠪᠠ ᠵᠡᠮᠳᠡᠭ ᠪᠣᠯᠬᠤ ᠨᠣᠷᠮ᠎ᠠ ᠨᠢ ᠣᠰᠣᠨ ᠰᠠ ᠠᠴᠠ ᠨᠡᠩ ᠦᠨᠳᠦᠷ ᠪᠠᠶᠢᠳᠠᠭ᠃    ᠰᠤᠷᠪᠦᠯᠵᠢᠯᠠᠬᠴᠢ᠄ ᠳᠤᠰ ᠬᠤᠶᠠᠷ ᠰᠠ ᠡᠪᠡᠳᠴᠢᠨ ᠤ ᠡᠮᠴᠢᠯᠡᠬᠦ ᠠᠷᠭ᠎ᠠ ᠨᠢ ᠶᠠᠮᠠᠷ ᠠᠳᠠᠯᠢ ᠪᠤᠰᠤ ᠳᠠᠯ᠎ᠡ ᠪᠠᠶᠢᠬᠤ ᠪᠤᠢ︖   ᠤᠷᠢᠬᠠᠨ ᠡᠮᠴᠢ᠄ ᠳᠣᠰ ᠬᠤᠶᠠᠷ ᠡᠪᠡᠳᠴᠢᠨ ᠤ ᠡᠭᠦᠰᠤᠯᠳᠡ ᠶᠢᠨ ᠰᠢᠯᠳᠠᠭᠠᠨ ᠨᠢ ᠠᠳᠠᠯᠢ ᠪᠣᠰᠣ ᠳᠣᠯᠠ ᠡᠮᠴᠢᠯᠡᠭᠡ ᠨᠢ ᠴᠦ ᠠᠳᠠᠯᠢ ᠦᠭᠡᠢ᠃ ᠡᠭᠦᠨ ᠳᠤ ᠣᠨᠴᠠᠭᠠᠶᠢᠯᠠᠨ ᠶᠠᠷᠢᠬᠤ ᠨᠢ᠂ ᠣᠰᠣᠨ ᠰᠠ ᠡᠪᠡᠳᠴᠢᠨ ᠤ ᠳᠦᠷᠭᠡᠨ ᠬᠤᠭᠤᠴᠠᠭ᠎ᠠ᠂ ᠳᠠᠷᠣᠢ ᠰᠢᠨᠵᠢ ᠢᠯᠡᠷᠡᠭᠰᠡᠨ 3-4 ᠴᠠᠭ ᠤᠨ ᠬᠤᠭᠤᠷᠣᠨᠳᠣ ᠪᠣᠶᠣ 6 ᠴᠠᠭ ᠤᠨ ᠳᠣᠳᠣᠷ᠎ᠠ ᠪᠣᠯ ᠳᠣᠰᠬᠠᠢ ᠡᠮ ᠬᠡᠷᠡᠭᠯᠡᠨ᠂ ᠪᠠᠷᠢᠮᠵᠢᠶ᠎ᠠ ᠳᠤ ᠨᠡᠶᠢᠴᠡᠭᠰᠡᠨ ᠬᠦᠮᠦᠰ ᠲᠤ ᠪᠢᠳᠡ ᠰᠣᠳᠠᠯ ᠢᠶᠠᠷ ᠨᠢ ᠶᠡᠭᠦᠯᠡᠵᠦ᠂ ᠴᠢᠰᠣ ᠶᠢ ᠨᠢ ᠰᠢᠩᠭᠡᠷᠡᠭᠦᠯᠦᠨ᠂ ᠳᠦᠭᠵᠢᠷᠡᠭᠰᠡᠨ ᠰᠣᠳᠠᠯ ᠢ ᠨᠡᠪᠳᠡᠷᠡᠭᠦᠯᠬᠦ ᠳᠣᠳᠣᠷ ᠡᠮᠴᠢᠯᠡᠭᠡ ᠬᠢᠵᠦ᠂ ᠬᠡᠷᠪᠡ 8 ᠴᠠᠭ ᠪᠣᠶᠣ 24 ᠴᠠᠭ ᠤᠨ ᠳᠤᠳᠤᠷ᠎ᠠ ᠪᠣᠯ ᠵᠠᠭᠤᠴᠢ ᠡᠮᠴᠢᠯᠡᠭᠡ ᠶᠢ ᠳᠠᠮᠵᠢᠨ ᠰᠣᠳᠠᠯ ᠢ ᠨᠡᠪᠳᠡᠷᠡᠭᠦᠯᠬᠦ ᠵᠠᠰᠠᠯ ᠬᠢᠵᠦ ᠪᠣᠯᠣᠨ᠎ᠠ᠃ ᠡᠳᠡᠭᠡᠷ ᠡᠮᠴᠢᠯᠡᠭᠡ ᠶᠢ ᠳᠠᠮᠵᠢᠨ᠂ ᠡᠪᠡᠳᠴᠢᠳᠡᠨ ᠤ ᠦᠬᠦᠬᠦ ᠨᠣᠷᠮ᠎ᠠ ᠪᠠ ᠵᠡᠮᠳᠡᠭ ᠪᠣᠯᠬᠤ ᠨᠣᠷᠮ᠎ᠠ ᠶᠢ ᠶᠡᠭᠡ ᠪᠠᠷ ᠪᠠᠭᠠᠰᠬᠠᠵᠤ ᠠᠮᠢᠳᠣᠷᠠᠯ ᠤᠨ ᠴᠢᠨᠠᠷ ᠴᠢᠨᠰᠠᠭ᠎ᠠ ᠶᠢ ᠨᠢ ᠴᠦ ᠳᠡᠭᠡᠳᠦ ᠬᠡᠮᠵᠢᠶ᠎ᠡ ᠪᠠᠷ ᠳᠡᠭᠡᠭᠰᠢᠯᠡᠬᠦᠯᠵᠤ ᠪᠤᠯᠳᠠᠭ ᠪᠠᠶᠢᠨ᠎ᠠ᠃ ᠡᠶᠢᠮᠦ ᠠᠴᠠ ᠡᠪᠡᠳᠴᠢᠨ ᠤ ᠢᠯᠡᠷᠡᠯ ᠡᠭᠦᠰᠪᠡᠯ ᠴᠠᠭ ᠢ ᠠᠮᠵᠢᠨ᠂ ᠳᠠᠷᠣᠢ ᠳᠤᠨᠢ ᠡᠮᠨᠡᠯᠭᠡ ᠶᠢᠨ ᠬᠤᠷᠢᠶᠠᠨ ᠳᠤ ᠬᠦᠷᠴᠦ᠂ ᠳᠦᠷᠭᠡᠨ ᠡᠮᠴᠢᠯᠡᠭᠡ ᠬᠢᠬᠦ ᠭᠡᠳᠡᠭ ᠶᠡᠭᠡ ᠴᠢᠬᠤᠯᠠ ᠪᠠᠶᠢᠳᠠᠭ᠃    ᠰᠤᠷᠪᠦᠯᠵᠢᠯᠠᠬᠴᠢ᠄ ᠶᠡᠷᠤᠨᠢ ᠶᠠᠮᠠᠷᠪᠠ ᠡᠪᠡᠳᠴᠢᠨ ᠢ ᠤᠷᠢᠳᠴᠢᠯᠠᠨ ᠰᠡᠷᠬᠡᠶᠢᠯᠡᠬᠦ ᠭᠡᠳᠡᠭ ᠶᠡᠭᠡ ᠴᠢᠬᠤᠯᠠ ᠪᠠᠶᠢᠵᠤ ᠳᠠᠭᠠᠷᠠᠨ᠎ᠠ᠃ ᠳᠡᠭᠡᠪᠡᠯ ᠰᠠ ᠡᠪᠡᠳᠴᠢᠨ ᠢ ᠪᠢᠳᠠ ᠶᠠᠭᠠᠬᠢᠵᠤ ᠤᠷᠢᠳᠴᠢᠯᠠᠨ ᠰᠡᠷᠭᠡᠶᠢᠯᠡᠬᠦ ᠪᠤᠢ︖    ᠤᠷᠢᠬᠠᠨ ᠡᠮᠴᠢ᠄ ᠰᠠ ᠡᠪᠡᠳᠴᠢᠨ ᠢ ᠢᠯᠭᠠᠨ ᠳᠠᠨᠢᠬᠤ ᠠᠴᠠ ᠭᠠᠳᠠᠨ᠎ᠠ᠂ ᠰᠠ ᠡᠪᠡᠳᠴᠢᠨ ᠢ ᠣᠷᠢᠳᠴᠢᠯᠡᠨ ᠰᠡᠷᠭᠡᠶᠢᠯᠡᠬᠦ ᠨᠢ ᠴᠦ ᠴᠢᠬᠤᠯᠠ ᠪᠠᠶᠢᠳᠠᠭ᠃ ᠣᠴᠢᠷ ᠨᠢ ᠮᠠᠨ ᠤ ᠳᠠᠷᠢᠬᠢᠨ ᠮᠡᠳᠡᠷᠡᠯ ᠦᠬᠦᠵᠢᠯ ᠡᠭᠦᠰᠪᠡᠯ ᠳᠠᠬᠢᠨ ᠡᠳᠡᠭᠡᠷᠡᠬᠦ ᠴᠢᠳᠠᠪᠣᠷᠢ ᠦᠭᠡᠢ᠂ ᠡᠨᠡᠬᠦ ᠭᠡᠮᠳᠦᠯ ᠨᠢ ᠪᠣᠴᠠᠰᠢ ᠦᠭᠡᠢ ᠭᠡᠮᠳᠦᠯ ᠪᠣᠯᠣᠨ᠎ᠠ᠃ ᠡᠶᠢᠮᠦ ᠠᠴᠠ ᠰᠠ ᠡᠪᠡᠳᠴᠢᠨ ᠢ ᠣᠷᠢᠳᠴᠢᠯᠡᠨ ᠰᠡᠷᠭᠡᠶᠢᠯᠡᠬᠦ ᠨᠢ ᠳᠡᠭᠦᠨ ᠢ ᠡᠮᠨᠡᠨ ᠵᠠᠰᠠᠬᠤ ᠠᠴᠠ ᠨᠡᠩ ᠴᠢᠬᠤᠯᠠ ᠣᠳᠬ᠎ᠠ ᠠᠭᠤᠯᠭ᠎ᠠ ᠲᠠᠢ᠃ ᠡᠩ ᠳᠡᠷᠢᠭᠦᠨ ᠳᠤ ᠪᠣᠯ ᠪᠢᠳᠡ ᠡᠷᠬᠡᠪᠰᠢ ᠰᠢᠨᠵᠢᠯᠡᠬᠦ ᠤᠬᠠᠭᠠᠨᠴᠢ ᠪᠠᠷ ᠢᠳᠡᠭᠡᠨ ᠣᠮᠳᠠᠭᠠᠨ ᠢᠶᠠᠨ ᠵᠤᠬᠢᠴᠠᠭᠤᠯᠬᠤ᠂ ᠳᠠᠷᠤᠢ ᠳᠠᠪᠣᠰᠦ᠂ ᠦᠭᠡᠬᠦ᠂ ᠰᠢᠬᠢᠷ ᠪᠠᠭ᠎ᠠ ᠡᠳ᠋ᠯᠡᠬᠦ ᠶᠢ ᠠᠩᠬᠠᠷᠴᠤ᠂ ᠵᠣᠬᠢᠰᠳᠠᠢ ᠪᠡᠶ᠎ᠡ ᠶᠢᠨ ᠬᠦᠳᠡᠯᠭᠡᠭᠡᠨ ᠳᠤ ᠣᠷᠣᠯᠴᠠᠵᠦ᠂ ᠪᠡᠶ᠎ᠡ ᠰᠡᠳᠭᠢᠴᠡ ᠪᠠᠨ ᠪᠠᠶᠠᠰᠣᠩᠭᠤᠢ ᠪᠠᠶᠢᠯᠭᠠᠵᠦ᠂ ᠠᠷᠢᠬᠢ ᠳᠠᠮᠠᠬᠢ ᠶᠢ ᠴᠠᠭᠠᠵᠠᠯᠠᠨ᠎ᠠ᠂ ᠳᠣᠮᠳᠠ ᠨᠠᠰᠣᠨ ᠤ ᠬᠦᠮᠦᠨ ᠪᠣᠯ ᠵᠢᠯ ᠪᠦᠷᠢ ᠪᠡᠶ᠎ᠡ ᠶᠢᠨ ᠪᠠᠶᠢᠴᠠᠭᠠᠯᠳᠠ ᠬᠢᠬᠦ ᠶᠢ ᠡᠷᠬᠢᠮᠯᠡᠬᠦ ᠴᠢᠬᠤᠯᠠᠳᠠᠢ᠃ ᠣᠴᠢᠷ ᠨᠢ ᠰᠠ ᠡᠪᠡᠳᠴᠢᠨ ᠡᠩ ᠤᠨ ᠦᠶ᠎ᠡ ᠳᠤ ᠣᠨᠴᠠᠭᠠᠢ ᠢᠯᠡᠷᠡᠯ ᠦᠭᠡᠢ᠂ ᠪᠦᠷ ᠭᠡᠨᠡᠳᠳᠡ ᠪᠠᠷ ᠡᠭᠦᠰᠳᠡᠭ ᠳᠣᠯᠠ ᠡᠷᠬᠡᠪᠰᠢ ᠡᠳᠦᠷ ᠳᠣᠳᠣᠮ ᠤᠨ ᠪᠡᠶ᠎ᠡ ᠶᠢᠨ ᠪᠠᠶᠢᠴᠠᠭᠠᠯᠳᠠ ᠶᠢ ᠴᠢᠩᠭᠠᠳᠬᠠᠬᠤ ᠬᠡᠷᠡᠭᠳᠡᠢ᠃ ᠭᠤᠣᠯ ᠨᠢ ᠴᠢᠰᠣᠨ ᠳᠠᠷᠣᠯᠳᠠ ᠪᠠᠨ ᠰᠠᠶᠢᠳᠣᠷ ᠬᠡᠮᠵᠢᠨ᠎ᠠ᠂ ᠬᠠᠮᠤᠭ ᠤᠨ ᠬᠠᠨᠣᠮᠵᠢᠳᠡᠢ ᠴᠢᠰᠣᠨ ᠳᠠᠷᠣᠯᠳᠠ ᠪᠣᠯ 120/80 ᠮᠦᠩᠭᠦᠨ ᠣᠰᠣᠨ ᠪᠠᠭᠠᠨ᠎ᠠ ᠪᠣᠯᠣᠨ᠎ᠠ᠃ ᠳᠠᠷᠠᠭ᠎ᠠ ᠨᠢ ᠴᠢᠰᠣᠨ ᠤ ᠵᠣᠷᠰᠢᠯ ᠪᠠᠶᠢᠴᠠᠭᠠᠯᠳᠠ᠂ ᠴᠢᠰᠣᠨ ᠦᠭᠡᠬᠦ᠂ ᠴᠢᠰᠣᠨ ᠰᠢᠬᠢᠷ᠂ ᠴᠢᠰᠣᠨ ᠤ ᠰᠢᠭᠡᠰᠣᠨ ᠬᠦᠴᠢᠯ ᠵᠡᠷᠭᠡ ᠶᠢ ᠪᠠᠶᠢᠴᠠᠭᠠᠨ᠂ ᠳᠠᠬᠢᠨ ᠳᠠᠷᠢᠬᠢᠨ ᠰᠣᠳᠠᠯ ᠤᠨ ᠪᠣᠳᠣᠭᠳᠣ ᠳᠣᠯᠬᠢᠶᠠᠨ ᠤ ᠪᠠᠶᠢᠴᠠᠭᠠᠯᠳᠠ᠂ ᠬᠦᠵᠦᠭᠦᠨ ᠤ ᠯᠣᠭᠰᠢᠭᠤᠨ ᠰᠣᠳᠠᠯ ᠤᠨ ᠪᠣᠳᠣᠭᠳᠣ ᠳᠣᠯᠬᠢᠶᠠᠨ ᠤ ᠪᠠᠶᠢᠴᠠᠭᠠᠯᠳᠠ᠂ ᠵᠢᠷᠦᠬᠡᠨ ᠤ ᠴᠠᠬᠢᠯᠭᠠᠨ ᠵᠢᠷᠣᠮᠠᠭ ᠵᠡᠷᠭᠡ ᠳᠤᠰᠠᠯᠠᠬᠤ ᠪᠠᠶᠢᠴᠠᠭᠠᠯᠳᠠ ᠶᠢ ᠬᠢᠵᠤ᠂ ᠡᠭᠦᠨ ᠤ ᠳᠣᠳᠣᠷᠠᠬᠢ ᠡᠷᠡᠭᠦᠯ ᠪᠣᠰᠣ ᠪᠠᠶᠢᠳᠠᠯ ᠢ ᠡᠷᠳᠡᠬᠡᠨ ᠪᠠᠶᠢᠴᠠᠭᠠᠨ ᠣᠯᠵᠦ᠂ ᠳᠤᠰᠬᠠᠢ ᠡᠮᠴᠢᠯᠡᠭᠡ ᠬᠢᠪᠡᠯ᠂ ᠰᠠ ᠡᠪᠡᠳᠴᠢᠨ ᠤ ᠡᠭᠦᠰᠦᠯᠳᠠ ᠶᠢ ᠶᠡᠭᠡ ᠬᠡᠮᠵᠢᠶ᠎ᠡ ᠪᠠᠷ ᠳᠣᠷᠣᠭᠰᠢᠯᠠᠭᠤᠯᠵᠦ ᠴᠢᠳᠠᠨ᠎ᠠ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号