ᠪᠠᠮᠪᠠᠢ ᠶᠢᠨ ᠪᠤᠯᠴᠢᠷᠬᠠᠢ ᠶᠢᠨ ᠡᠪᠡᠳᠴᠢᠨ ᠢ ᠬᠡᠷᠬᠢᠨ ᠰᠡᠷᠬᠡᠶᠢᠯᠡᠵᠤ ᠵᠠᠰᠠᠬᠤ ᠪᠤᠢ︖
ᠨᠡᠶᠢᠲᠡᠯᠡᠭᠰᠡᠨ ᠴᠠᠭ᠄
2024/2/5
 ᠪᠠᠮᠪᠠᠢ ᠶᠢᠨ ᠪᠤᠯᠴᠢᠷᠬᠠᠢ ᠶᠢᠨ ᠡᠪᠡᠳᠴᠢᠨ ᠢ ᠬᠡᠷᠬᠢᠨ ᠰᠡᠷᠬᠡᠶᠢᠯᠡᠵᠤ ᠵᠠᠰᠠᠬᠤ ᠪᠤᠢ︖                       — ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠤᠯᠠᠮᠵᠢᠯᠠᠯᠳᠤ ᠵᠠᠰᠠᠯ ᠤᠨ ᠰᠠᠯᠠᠭᠠᠨ ᠤ ᠡᠮᠴᠢ ᠽᠡᠪᠳᠡᠨᠳᠤᠷᠵᠢ ᠶᠢ ᠰᠤᠷᠪᠦᠯᠵᠢᠯᠠᠭᠠᠳ                                      ᠬᠠᠮ ᠵᠠᠭᠤᠴᠢᠯᠠᠭᠤᠷ ᠤᠨ ᠰᠤᠷᠪᠦᠯᠵᠢᠯᠠᠬᠴᠢ ᠳᠤᠩᠭᠠᠯᠠᠬ    ᠪᠠᠮᠪᠠᠢ ᠶᠢᠨ ᠪᠤᠯᠴᠢᠷᠬᠠᠢ ᠶᠢᠨ ᠡᠪᠡᠳᠴᠢᠨ ᠪᠤᠯ ᠪᠢᠳᠡᠨ ᠤ ᠡᠳᠤᠷ ᠳᠤᠳᠤᠮ ᠤᠨ ᠠᠮᠢᠳᠤᠷᠠᠯ ᠳᠤ ᠤᠯᠠᠨ ᠳᠤᠬᠢᠶᠠᠯᠳᠤᠳᠠᠭ ᠡᠪᠡᠳᠴᠢᠨ ᠪᠤᠯᠤᠨ᠎ᠠ᠃ ᠠᠳᠡ ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠤᠯᠠᠮᠵᠢᠯᠠᠯᠳᠤ ᠵᠠᠰᠠᠯ ᠤᠨ ᠰᠠᠯᠠᠭᠠᠨ ᠤ ᠡᠮᠴᠢ ᠽᠡᠪᠳᠡᠨᠳᠤᠷᠵᠢ ᠠᠴᠠ ᠪᠠᠮᠪᠠᠢ ᠶᠢᠨ ᠪᠤᠯᠴᠢᠷᠬᠠᠢ ᠶᠢᠨ ᠡᠪᠡᠳᠴᠢᠨ ᠤ ᠤᠨᠴᠠᠯᠢᠬ᠂ ᠮᠤᠩᠭᠤᠯ ᠡᠮᠨᠡᠯᠭᠡ ᠳᠡᠭᠡᠷᠡᠬᠢ ᠡᠮᠨᠡᠬᠦ ᠠᠷᠭ᠎ᠠ ᠵᠢᠴᠢ ᠰᠡᠷᠭᠡᠶᠢᠯᠡᠬᠦ ᠠᠷᠭ᠎ᠠ ᠮᠠᠶ᠋ᠢᠬ ᠤᠨ ᠳᠤᠬᠠᠢ ᠰᠤᠷᠪᠤᠯᠵᠢᠯᠠᠵᠤ ᠶᠠᠷᠢᠯᠴᠠᠬᠰᠠᠨ ᠢᠶᠠᠨ ᠬᠤᠪᠢᠶᠠᠯᠴᠠᠶ᠎ᠠ᠃    ᠰᠤᠷᠪᠦᠯᠵᠢᠯᠠᠬᠴᠢ᠄ ᠳᠠ ᠰᠠᠶᠢᠨ ᠪᠠᠶᠢᠨ᠎ᠠ ᠤᠤ᠂ ᠪᠠᠮᠪᠠᠢ ᠶᠢᠨ ᠪᠤᠯᠴᠢᠷᠬᠠᠢ ᠶᠢᠨ ᠡᠪᠡᠳᠴᠢᠨ ᠭᠡᠵᠤ ᠶᠠᠮᠠᠷ ᠰᠢᠤ ᠤᠨᠴᠠᠯᠢᠬ ᠰᠢᠨᠵᠢ ᠲᠠᠢ ᠡᠪᠡᠳᠴᠢᠨ ᠪᠠᠶᠢᠳᠠᠬ ᠪᠤᠢ︖    ᠽᠡᠪᠳᠡᠨᠳᠤᠷᠵᠢ ᠡᠮᠴᠢ᠄ ᠵᠠ ᠳᠠᠨᠠᠷ ᠰᠠᠶᠢᠨ ᠪᠠᠶᠢᠵᠠᠭᠠᠨ᠎ᠠ ᠤᠤ᠂ ᠪᠠᠮᠪᠠᠢ ᠶᠢᠨ ᠪᠤᠯᠴᠢᠷᠬᠠᠢ ᠭᠡᠪᠡᠯ ᠳᠠᠨᠠᠷ ᠯᠠᠪ ᠰᠤᠨᠤᠰᠴᠤ ᠪᠠᠶᠢᠬᠰᠠᠨ ᠪᠠᠶᠢᠬ᠎ᠠ᠂ ᠳᠡᠷᠡ ᠨᠢ ᠬᠦᠵᠤᠬᠦᠨ ᠤ ᠳᠤᠤᠷᠠᠳᠤ ᠭᠡᠰᠡᠭ ᠲᠤ ᠪᠠᠶᠢᠬᠤ ᠡᠷᠪᠡᠬᠡᠢ ᠬᠡᠯᠪᠡᠷᠢᠳᠤ ᠪᠤᠯᠴᠢᠷᠬᠠᠢ ᠶᠢ ᠵᠢᠭᠠᠵᠤ ᠪᠠᠶᠢᠳᠠᠭ᠃ ᠪᠠᠮᠪᠠᠢ ᠶᠢᠨ ᠪᠤᠯᠴᠢᠷᠬᠠᠢ ᠨᠢ ᠬᠦᠮᠦᠨ ᠤ ᠳᠤᠳᠤᠭᠠᠳᠤ ᠱᠦᠬᠦᠷᠡᠯ ᠤᠨ ᠠᠵᠢᠯᠯᠠᠭ᠋ ᠎ᠠ ᠶᠢ ᠳᠡᠩᠴᠡᠭᠦᠷᠢᠰᠢᠭᠦᠯᠳᠡᠭ ᠪᠠᠶᠢᠵᠤ᠂ ᠬᠦᠮᠦᠨ ᠤ ᠪᠡᠶ᠎ᠠ ᠶᠢᠨ ᠳᠤᠯᠠᠭᠠᠨ ᠪᠠ ᠰᠢᠩᠭᠡᠭᠡᠯᠳᠡ ᠲᠠᠢ ᠨᠢᠬᠳᠠ ᠬᠠᠷᠢᠴᠠᠭ᠎ᠠ ᠲᠠᠢ ᠪᠠᠶᠢᠳᠠᠬ᠃ ᠪᠠᠮᠪᠠᠢ ᠶᠢᠨ ᠪᠤᠯᠴᠢᠷᠬᠠᠢ ᠶᠢᠨ ᠡᠪᠡᠳᠴᠢᠨ ᠭᠡᠳᠡᠭ ᠨᠢ ᠳᠠᠷᠤᠢ ᠡᠨᠡᠬᠦ ᠪᠤᠯᠴᠢᠷᠬᠠᠢ ᠶᠢᠨ ᠠᠵᠢᠯᠯᠠᠭ᠎ᠠ ᠨᠢ ᠭᠡᠳᠦᠷᠡᠭᠰᠡᠨ᠂ ᠳᠤᠷᠦ᠋ᠢᠳᠠᠬᠤ᠂ ᠡᠰᠡᠪᠡᠯ ᠪᠤᠯᠴᠢᠷᠬᠠᠢ ᠳᠤ ᠵᠠᠩᠭᠢᠷᠠᠯ ᠡᠬᠦᠰᠦᠭᠰᠡᠨ ᠠᠴᠠ ᠶᠡᠷᠤᠳᠡ ᠶᠢᠨ ᠠᠵᠢᠯᠯᠠᠭ᠎ᠠ ᠶᠢ ᠨᠦᠯᠦᠬᠡᠯᠡᠬᠦ ᠪᠤᠯᠤᠬᠰᠠᠨ ᠢ ᠬᠡᠯᠡᠵᠤ ᠪᠠᠶᠢᠨ᠎ᠠ᠃ ᠶᠡᠷᠤ ᠨᠢ ᠮᠠᠨ ᠤ ᠮᠤᠩᠭᠤᠯ ᠡᠮᠨᠡᠯᠭᠡ ᠳᠤ ᠪᠠᠮᠪᠠᠢ ᠶᠢᠨ ᠪᠤᠯᠴᠢᠷᠬᠠᠢ ᠶᠢᠨ ᠡᠪᠡᠳᠴᠢᠨ ᠢ ᠶᠡᠭᠡ ᠲᠦᠯᠦᠪ ᠲᠦᠷᠪᠡᠨ ᠲᠦᠷᠦᠯ ᠠᠩᠭᠢᠯᠠᠳᠠᠬ᠃ ᠳᠠᠷᠤᠢ ᠤᠷᠰᠢᠬᠳᠤ ᠪᠠᠭ᠋ᠤᠤ᠂ ᠴᠠᠶᠢᠪᠦᠷ ᠪᠠᠳᠬᠠᠨ᠂ ᠪᠠᠮᠪᠠᠢ ᠶᠢᠨ ᠪᠤᠯᠴᠢᠷᠬᠠᠢ ᠶᠢᠨ ᠵᠠᠩᠭᠢᠷᠠᠭ᠎ᠠ᠂ ᠬᠠᠰᠢᠮᠠᠲ᠋ᠦ᠋ ᠪᠠᠭ᠋ᠤᠤ ᠭᠡᠵᠤ ᠬᠤᠪᠢᠶᠠᠳᠠᠭ᠃    ᠰᠤᠷᠪᠦᠯᠵᠢᠯᠠᠬᠴᠢ᠄ ᠡᠳᠡᠭᠡᠷ ᠲᠦᠷᠪᠡᠨ ᠪᠠᠶᠢᠳᠠᠯ ᠳᠠᠬᠢ ᠡᠪᠡᠳᠴᠢᠨ ᠡᠬᠦᠰᠦᠯᠳᠡ ᠶᠢᠨ ᠤᠨᠴᠠᠯᠢᠬ ᠨᠢ ᠶᠠᠮᠠᠷ ᠪᠠᠶᠢᠳᠠᠬ ᠪᠤᠢ︖    ᠽᠡᠪᠳᠡᠨᠳᠤᠷᠵᠢ ᠡᠮᠴᠢ᠄ ᠤᠷᠰᠢᠬᠳᠤ ᠪᠠᠭ᠋ᠤᠤ ᠭᠡᠳᠡᠭ ᠪᠤᠯ ᠪᠠᠮᠪᠠᠢ ᠶᠢᠨ ᠪᠤᠯᠴᠢᠷᠬᠠᠢ ᠶᠢᠨ ᠠᠵᠢᠯᠯᠠᠭ᠎ᠠ ᠭᠡᠳᠤᠷᠡᠭᠰᠡᠨ ᠢ ᠬᠡᠯᠡᠵᠤ ᠪᠠᠶᠢᠨ᠎ᠠ᠃ ᠬᠡᠷᠪᠡ ᠡᠨᠡᠬᠦ ᠪᠠᠶᠢᠳᠠᠯ ᠳᠤ ᠳᠤᠯᠭᠠᠷᠠᠪᠠᠯ ᠵᠢᠷᠤᠬᠡ ᠴᠡᠴᠡᠷᠡᠬᠦ᠂ ᠪᠡᠶ᠎ᠠ ᠳᠤᠷᠠᠬᠤ᠂ ᠬᠠᠯᠠᠭᠤᠨ ᠠᠴᠠ ᠠᠶᠤᠬᠤ᠂ ᠶᠡᠭᠡ ᠤᠮᠳᠠᠭᠠᠰᠬᠤ᠂ ᠶᠡᠭᠡ ᠬᠠᠯᠠᠬᠤ ᠵᠡᠷᠭᠡ ᠪᠠᠶᠢᠳᠠᠯ ᠲᠠᠢ ᠪᠤᠯᠳᠠᠭ᠃ ᠴᠠᠶᠢᠪᠦᠷ ᠪᠠᠳᠬᠠᠨ ᠢ ᠪᠠᠰᠠ ᠪᠠᠭᠤᠷᠠᠢ ᠪᠠᠭ᠋ᠤᠤ᠂ ᠨᠢᠭᠤᠬᠳᠠᠬᠰᠠᠨ ᠬᠠᠯᠠᠭᠤᠨ ᠭᠡᠵᠤ ᠬᠡᠯᠡᠳᠡᠭ᠂ ᠡᠨᠡ ᠨᠢ ᠪᠠᠮᠪᠠᠢ ᠶᠢᠨ ᠪᠤᠯᠴᠢᠷᠬᠠᠢ ᠶᠢᠨ ᠠᠵᠢᠯᠯᠠᠭ᠎ᠠ ᠳᠤᠷᠤᠬᠰᠢᠯᠠᠬᠰᠠᠨ ᠢ ᠬᠡᠯᠡᠵᠤ ᠪᠠᠶᠢᠨ᠎ᠠ᠃ ᠡᠨᠡ ᠪᠠᠶᠢᠳᠠᠯ ᠡᠬᠦᠰᠪᠡᠯ ᠬᠦᠮᠦᠨ ᠤ ᠪᠡᠶ᠎ᠠ ᠬᠦᠬᠡᠬᠡᠵᠤ ᠳᠠᠷᠭᠤᠯᠠᠨ᠎ᠠ᠂ ᠬᠦᠢᠳᠡᠨ ᠠᠴᠠ ᠠᠶᠤᠬᠤ᠂ ᠴᠡᠭᠡᠵᠢᠯᠡᠬᠦ ᠴᠢᠳᠠᠪᠦᠷᠢ ᠮᠠᠭᠤᠳᠠᠬᠤ᠂ ᠰᠢᠩᠭᠡᠭᠡᠯᠳᠡ ᠮᠠᠭᠤᠳᠠᠬᠤ ᠵᠡᠷᠬᠡ ᠢᠯᠡᠷᠡᠯ ᠲᠠᠢ ᠪᠠᠶᠢᠳᠠᠬ᠃ ᠪᠠᠮᠪᠠᠢ ᠶᠢᠨ ᠪᠤᠯᠴᠢᠷᠬᠠᠢ ᠶᠢᠨ ᠵᠠᠩᠭᠢᠷᠠᠭ᠎ᠠ ᠳᠠᠷᠤᠢ ᠵᠠᠷᠢᠮ ᠬᠦᠮᠦᠨ ᠨᠢ ᠪᠠᠰᠠ ᠬᠦᠵᠦᠬᠦᠨ ᠤ ᠠᠰᠢᠬ᠂ ᠬᠦᠵᠦᠬᠦᠨ ᠤ ᠪᠡᠳᠡᠬᠢ ᠭᠡᠳᠡᠭ᠃ ᠡᠨᠡ ᠨᠢ ᠪᠤᠯ ᠪᠤᠯᠴᠢᠷᠬᠠᠢ ᠳᠤ ᠵᠠᠩᠭᠢᠷᠠᠯ ᠡᠬᠦᠰᠬᠦ ᠶᠢ ᠬᠡᠯᠡᠵᠤ ᠪᠠᠶᠢᠨ᠎ᠠ᠃ ᠤᠳᠤᠬᠢ ᠪᠠᠶᠢᠳᠠᠯ ᠳᠤ ᠪᠠᠮᠪᠠᠢ ᠶᠢᠨ ᠪᠤᠯᠴᠢᠷᠬᠠᠢ ᠶᠢᠨ ᠵᠠᠩᠭᠢᠷᠠᠯ ᠲᠠᠢ ᠬᠦᠮᠦᠰ ᠳᠤᠩ ᠤᠯᠠᠨ ᠪᠠᠶᠢᠳᠠᠬ᠃ ᠪᠠᠮᠪᠠᠢ ᠶᠢᠨ ᠪᠤᠯᠴᠢᠷᠬᠠᠢ ᠶᠢᠨ ᠵᠠᠩᠭᠢᠷᠠᠯ ᠡᠩ ᠤᠨ ᠪᠠᠶᠢᠳᠠᠯ ᠳᠤ ᠬᠦᠮᠦᠨ ᠤ ᠪᠡᠶ᠎ᠠ ᠳᠤ ᠶᠠᠮᠠᠷᠴᠤ ᠢᠯᠡᠷᠡᠯ ᠦᠬᠡᠢ᠂ ᠳᠤᠮᠤᠷᠠᠵᠤ ᠵᠤᠬᠢᠬᠤ ᠬᠡᠮᠵᠢᠶᠠᠨ ᠳᠤ ᠬᠦᠷᠪᠡᠯ ᠰᠠᠶ᠋ᠢ ᠮᠡᠳᠡᠭᠳᠡᠳᠡᠭ ᠪᠠᠶᠢᠨ᠎ᠠ᠃ ᠳᠡᠭᠡᠪᠡᠯ ᠬᠠᠰᠢᠮᠠᠲ᠋ᠦ᠋ ᠪᠠᠭ᠋ᠤᠤ ᠲᠠᠢ ᠪᠤᠯᠪᠠᠯ ᠬᠦᠮᠤᠨ ᠤ ᠨᠢᠳᠤ ᠨᠢᠭᠤᠷ ᠬᠠᠪᠤᠳᠴᠤ᠂ ᠦᠶ᠎ᠠ ᠬᠡᠰᠢᠬᠦᠤ ᠡᠪᠡᠳᠤᠨ᠎ᠠ᠃ ᠳᠡᠭᠡᠬᠦ ᠪᠠᠷ ᠡᠳᠡᠭᠡᠷ ᠪᠠᠶᠢᠳᠠᠯ ᠢᠯᠡᠷᠡᠪᠡᠯ ᠪᠢᠳᠡ ᠡᠷᠳᠡ ᠰᠢᠬ ᠡᠮᠨᠡᠯᠭᠡ ᠳᠤ ᠬᠦᠷᠴᠤ ᠪᠠᠶᠢᠴᠠᠭᠠᠯᠭᠠᠵᠤ ᠳᠤᠳᠤᠯᠠᠭᠤᠯᠬᠤ ᠴᠢᠬᠤᠯᠠᠳᠠᠢ᠃    ᠰᠤᠷᠪᠦᠯᠵᠢᠯᠠᠬᠴᠢ᠄ ᠪᠠᠮᠪᠠᠢ ᠶᠢᠨ ᠪᠤᠯᠴᠢᠷᠬᠠᠢ ᠶᠢᠨ ᠡᠪᠡᠳᠴᠢᠨ ᠤ ᠡᠬᠦᠰᠬᠦ ᠰᠢᠯᠳᠠᠭᠠᠨ ᠨᠢ ᠶᠠᠭᠤ ᠪᠤᠢ︖   ᠽᠡᠪᠳᠡᠨᠳᠤᠷᠵᠢ ᠡᠮᠴᠢ᠄ ᠪᠠᠮᠪᠠᠢ ᠶᠢᠨ ᠪᠤᠯᠴᠢᠷᠬᠠᠢ ᠶᠢᠨ ᠡᠪᠡᠳᠴᠢᠨ ᠡᠬᠦᠰᠬᠦ ᠨᠢ ᠤᠯᠠᠨ ᠳᠠᠯ᠎ᠠ ᠠᠴᠠ ᠰᠢᠯᠳᠠᠭᠠᠯᠠᠬᠳᠠᠨ᠎ᠠ᠃ ᠪᠤᠳᠠᠳᠡᠢ ᠪᠠᠷ ᠶᠠᠷᠢᠪᠠᠯ᠂ ᠦᠷᠪᠢᠰᠤᠯ ᠡᠬᠦᠰᠦᠭᠰᠡᠨ ᠠᠴᠠ ᠪᠤᠯᠤᠬᠰᠠᠠ᠂ ᠡᠯ ᠎ᠠ ᠳᠠᠯ᠎ᠠ ᠶᠢᠨ ᠳᠠᠷᠤᠯᠳᠠ ᠶᠡᠭᠡᠰᠦᠭᠰᠡᠨ᠂ ᠤᠷᠳᠤ ᠬᠤᠭᠤᠴᠠᠭ᠎ᠠ ᠪᠠᠷ ᠳᠤᠬᠳᠠᠬᠰᠠᠨ ᠴᠠᠬ ᠲᠤ ᠪᠠᠨ ᠤᠨᠳᠠᠵᠤ ᠠᠮᠠᠷᠠᠬᠰᠠᠨ ᠦᠬᠡᠢ᠂ ᠰᠡᠳᠬᠢᠯ ᠰᠠᠨᠠᠭ᠎ᠠ ᠵᠤᠪᠠᠭᠤᠷᠢ ᠲᠠᠢ ᠪᠠᠶᠢᠬᠤ᠂ ᠰᠢᠮ᠎ᠠ ᠳᠡᠵᠢᠬᠡᠯ ᠳᠤᠳᠠᠬᠳᠠᠬᠰᠠᠨ ᠪᠠᠰᠠ ᠤᠳᠤᠮᠰᠢᠯ ᠤᠨ ᠴᠢᠨᠠᠷ ᠲᠠᠢ ᠬᠡᠬᠦ ᠮᠡᠳᠤ ᠤᠯᠠᠨ ᠵᠦᠢᠯ ᠲᠠᠢ ᠬᠤᠯᠪᠤᠬᠳᠠᠳᠠᠬ᠃ ᠪᠠᠰᠠ ᠨᠢᠬᠡ ᠨᠢ ᠤᠷᠰᠢᠬᠳᠤ ᠪᠠᠭ᠋ᠤᠤ ᠨᠢ ᠢᠤᠳ᠋ ᠲᠠᠢ ᠤᠨᠴᠠ ᠬᠤᠯᠪᠤᠭ᠎ᠠ ᠲᠠᠢ ᠪᠠᠶᠢᠳᠠᠬ᠃ ᠬᠦᠮᠦᠨ ᠤ ᠪᠡᠶᠡᠨ ᠳᠠᠬᠢ ᠢᠤᠳ᠋ ᠤᠨ ᠬᠡᠮᠵᠢᠶ᠎ᠠ ᠶᠡᠬᠡᠳᠦᠭᠰᠡᠨ ᠠᠴᠠ ᠪᠠᠮᠪᠠᠢ ᠶᠢᠨ ᠪᠤᠯᠴᠢᠷᠬᠠᠢ ᠶᠢᠨ ᠳᠠᠷᠤᠭᠠᠰᠤ ᠬᠦᠨᠳᠤᠷᠡᠵᠤ ᠤᠷᠰᠢᠬᠳᠤ ᠪᠠᠭ᠋ᠤᠤ ᠪᠤᠯᠳᠠᠭ᠃ ᠡᠶᠢᠮᠤ ᠠᠴᠠ ᠪᠢᠳᠡ ᠶᠡᠷᠤᠳᠡ ᠶᠢᠨ ᠴᠠᠬ ᠲᠤ ᠪᠠᠨ ᠢᠤᠳ᠋ ᠤᠨ ᠬᠡᠷᠡᠭᠯᠡᠭᠡ ᠶᠢ ᠵᠤᠬᠢᠴᠠᠭᠤᠯᠬᠤ ᠬᠡᠷᠡᠭᠳᠡᠢ᠃    ᠰᠤᠷᠪᠦᠯᠵᠢᠯᠠᠬᠴᠢ᠄ ᠤᠢᠢᠷ᠎ᠠ ᠶᠢᠨ ᠵᠢᠯ ᠠᠴᠠ ᠪᠠᠮᠪᠠᠢ ᠶᠢᠨ ᠪᠤᠯᠴᠢᠷᠬᠠᠢ ᠶᠢᠨ ᠡᠪᠡᠳᠴᠢᠨ ᠤ ᠡᠬᠦᠰᠤᠯᠳᠡ ᠶᠠᠭᠠᠬᠢᠭᠠᠳ ᠤᠯᠠᠮ ᠦᠷᠭᠡᠨ ᠪᠤᠯᠤᠬᠰᠠᠨ ᠭᠡᠵᠤ ᠦᠵᠡᠵᠤ ᠪᠠᠶᠢᠨ᠎ᠠ ᠪᠤᠢ︖    ᠽᠡᠪᠳᠡᠨᠳᠤᠷᠵᠢ ᠡᠮᠴᠢ᠄ ᠪᠠᠮᠪᠠᠢ ᠶᠢᠨ ᠪᠤᠯᠴᠢᠷᠬᠠᠢ ᠶᠢᠨ ᠡᠪᠡᠳᠴᠢᠨ ᠨᠢ ᠤᠤᠯ ᠠᠴᠠ ᠪᠠᠨ ᠪᠠᠶᠢᠬᠰᠠᠨ ᠡᠪᠡᠳᠴᠢᠨ ᠪᠤᠯᠤᠨ᠎ᠠ᠂ ᠤᠢᠢᠷ᠎ᠠ ᠶᠢᠨ ᠵᠢᠯ ᠠᠴᠠ ᠪᠤᠯᠵᠤ ᠶᠠᠭᠠᠬᠢᠭᠠᠳ ᠤᠯᠠᠳᠠᠬᠰᠨᠨ ᠪᠤᠢ ᠭᠡᠪᠡᠯ ᠬᠦᠮᠦᠰ ᠤᠨ ᠢᠳᠡᠭᠡᠨ ᠤᠮᠳᠠᠭᠠᠨ ᠤ ᠳᠠᠳᠬᠠᠯ ᠤᠨ ᠬᠤᠪᠢᠷᠠᠯᠳᠠ᠂ ᠠᠵᠢᠯ ᠠᠮᠢᠳᠤᠷᠠᠯ ᠤᠨ ᠳᠠᠷᠤᠭᠠᠰᠤ ᠵᠡᠭᠡᠳᠴᠤ᠂ ᠤᠨᠳᠠᠵᠤ ᠠᠮᠠᠷᠠᠬᠤ ᠪᠠᠨ ᠰᠠᠶᠢᠨ ᠳᠤᠬᠢᠷᠠᠭᠤᠯᠵᠤ ᠴᠢᠳᠠᠬᠰᠠᠨ ᠦᠬᠡᠢ᠂ ᠬᠦᠮᠦᠰ ᠤᠨ ᠬᠤᠭᠤᠷᠤᠨᠳᠤᠬᠢ ᠬᠠᠷᠢᠯᠴᠠᠭ᠎ᠠ ᠦᠷᠭᠡᠵᠢᠵᠤ ᠳᠠᠷᠤᠭᠠᠰᠤ ᠶᠡᠬᠡᠳᠦᠭᠰᠡᠨ ᠲᠠᠢ ᠬᠤᠯᠪᠤᠭ᠎ᠠ ᠲᠠᠢ ᠭᠡᠵᠤ ᠦᠵᠡᠵᠤ ᠪᠠᠶᠢᠨ᠎ᠠ᠃ ᠡᠬᠦᠨ ᠤ ᠳᠤᠮᠳᠠ ᠪᠠᠮᠪᠠᠢ ᠶᠢᠨ ᠪᠤᠯᠴᠢᠷᠬᠠᠢ ᠶᠢᠨ ᠵᠠᠩᠭᠢᠷᠠᠭ᠎ᠠ ᠬᠡᠪᠡᠯ ᠤᠳᠤ ᠪᠠᠷᠤᠭ 100 ᠬᠦᠮᠦᠨ ᠤ ᠳᠤᠳᠤᠷ᠎ᠠ 30 ᠬᠦᠮᠦᠨ ᠨᠢ ᠡᠶᠢᠮᠤ ᠪᠠᠶᠢᠳᠠᠯ ᠤᠷᠤᠰᠢᠳᠠᠭ᠂ ᠡᠬᠦᠨ ᠤ ᠪᠠᠰᠠ ᠨᠢᠬᠡ ᠰᠢᠯᠳᠠᠭᠠᠨ ᠨᠢ ᠡᠮᠴᠢᠯᠡᠭᠡᠨ ᠤ ᠮᠠᠰᠢᠨ ᠲᠦᠬᠦᠭᠡᠷᠤᠮᠵᠢ ᠰᠠᠶᠢᠵᠢᠷᠠᠵᠤ᠂ ᠬᠦᠮᠦᠰ ᠤᠨ ᠪᠡᠶ᠎ᠠ ᠮᠠᠬᠠᠪᠤᠳ ᠤᠨ ᠡᠷᠡᠬᠦᠯ ᠴᠢᠬᠢᠷᠠᠭ ᠢᠶᠠᠨ ᠠᠩᠬᠠᠷᠬᠤ ᠦᠵᠡᠯᠳᠡ ᠳᠠᠨᠢᠯᠳᠠ ᠤᠯᠠᠮ ᠠᠴᠠ ᠤᠯᠠᠮ ᠰᠠᠶᠢᠵᠢᠷᠠᠬᠰᠠᠨ ᠠᠴᠠ ᠪᠡᠶ᠎ᠠ ᠶᠢᠨ ᠪᠠᠶᠢᠴᠠᠭᠠᠯᠳᠠ ᠶᠢ ᠬᠦᠨᠳᠤᠳᠬᠡᠵᠤ᠂ ᠡᠬᠦᠨ ᠤ ᠤᠯᠠᠮ ᠠᠴᠠ ᠪᠠᠭ᠎ᠠ ᠬᠡᠮᠵᠢᠶᠡᠨ ᠤ ᠬᠢ ᠴᠤ ᠳᠤᠳᠤᠯᠠᠵᠤ ᠳᠡᠶᠢᠯᠬᠦ ᠬᠢᠷᠢ ᠬᠡᠮᠵᠢᠶ᠎ᠠ ᠳᠤ ᠬᠦᠷᠦᠭᠰᠡᠨ ᠠᠴᠠ ᠬᠦᠮᠦᠰ ᠦᠪᠡᠷ ᠤᠨ ᠪᠡᠶ᠎ᠠ ᠶᠢᠨ ᠪᠠᠶᠢᠳᠠᠯ ᠢᠶᠠᠨ ᠰᠡᠷᠡᠵᠤ ᠮᠡᠳᠡᠵᠤ ᠪᠤᠯᠬᠤ ᠪᠠᠶᠢᠬᠰᠠᠨ ᠳᠤ ᠤᠷᠤᠰᠢᠨ᠎ᠠ ᠭᠡᠵᠤ ᠦᠵᠡᠵᠤ ᠪᠠᠶᠢᠨ᠎ᠠ᠃    ᠰᠤᠷᠪᠦᠯᠵᠢᠯᠠᠬᠴᠢ᠄ ᠳᠡᠭᠡᠪᠡᠯ ᠶᠡᠷᠤᠳᠡ ᠶᠢᠨ ᠠᠮᠢᠳᠤᠷᠠᠯ ᠳᠤ ᠪᠢᠳᠡ ᠪᠠᠮᠪᠠᠢ ᠶᠢᠨ ᠪᠤᠯᠴᠢᠷᠬᠠᠢ ᠶᠢᠨ ᠡᠪᠡᠳᠴᠢᠨ ᠠᠴᠠ ᠶᠠᠭᠠᠬᠢᠵᠤ ᠰᠡᠷᠭᠡᠶᠢᠯᠡᠬᠦ ᠪᠤᠢ︖    ᠽᠡᠪᠳᠡᠨᠳᠤᠷᠵᠢ ᠡᠮᠴᠢ᠄ ᠪᠠᠮᠪᠠᠢ ᠶᠢᠨ ᠪᠤᠯᠴᠢᠷᠬᠠᠢ ᠶᠢᠨ ᠡᠪᠡᠳᠴᠢᠨ ᠢ ᠰᠡᠷᠭᠡᠶᠢᠯᠡᠬᠦ ᠳᠤ ᠪᠢᠳᠡ ᠶᠡᠷᠤᠳᠡ ᠶᠢᠨ ᠴᠠᠭ ᠲᠤ ᠪᠠᠨ ᠢᠳᠡᠭᠡᠨ ᠤᠮᠳᠠᠭᠠᠨ ᠢᠶᠠᠨ ᠳᠤᠬᠢᠷᠠᠭᠤᠯᠬᠤ ᠠᠴᠠ ᠡᠬᠢᠯᠡᠬᠦ ᠬᠡᠷᠡᠭᠳᠡᠢ᠃ ᠨᠡᠩ ᠴᠤ ᠲᠦᠷᠪᠡᠨ ᠨᠠᠰᠤᠨ ᠠᠴᠠ ᠳᠤᠷᠤᠬᠰᠢᠬᠢ ᠬᠡᠤᠬᠡᠳ ᠢᠤᠳᠢᠳᠤ ᠳᠠᠪᠤᠰᠤ ᠬᠡᠷᠡᠭᠯᠡᠵᠤ ᠡᠬᠦᠨ ᠠᠴᠠ ᠪᠤᠰᠤᠳ ᠬᠦᠮᠤᠰ ᠪᠦᠷ ᠢᠤᠳ᠋ ᠠᠭᠤᠯᠤᠬᠳᠠᠬᠤ ᠦᠬᠡᠢ ᠳᠠᠪᠤᠰᠤ ᠬᠡᠷᠡᠭᠯᠡᠬᠦ ᠶᠢ ᠰᠠᠨᠠᠭᠠᠴᠢᠯᠠᠵᠤ ᠪᠠᠶᠢᠨ᠎ᠠ᠃ ᠤᠴᠢᠷ ᠨᠢ ᠤᠳᠤᠬᠢ ᠪᠢᠳᠡᠨ ᠤ ᠠᠮᠢᠳᠤᠷᠠᠯ ᠳᠤ ᠢᠳᠡᠵᠤ ᠪᠠᠶᠢᠭ᠎ᠠ ᠢᠳᠡᠭᠡᠨ ᠤ ᠲᠦᠷᠦᠯ ᠤᠯᠠᠨ ᠪᠤᠯᠬᠤ ᠶᠢ ᠳᠠᠭᠠᠯᠳᠤᠨ ᠡᠳᠡᠭᠡᠷ ᠢᠳᠡᠬᠡᠨ ᠳᠤ ᠠᠭᠤᠯᠤᠬᠳᠠᠵᠤ ᠪᠠᠶᠢᠭ᠎ᠠ ᠢᠤᠳ᠋ ᠨᠢ ᠨᠢᠬᠡᠨᠳᠡ ᠪᠢᠳᠡᠨ ᠤ ᠬᠡᠷᠡᠭᠴᠡᠭᠡ ᠶᠢ ᠬᠠᠨᠭ᠍ᠭᠠᠵᠤ ᠴᠢᠳᠠᠬᠰᠠᠨ ᠪᠤᠯᠬᠤᠷ ᠦᠷᠬᠦᠯᠵᠢᠯᠡᠨ ᠢᠤᠳᠢᠳᠤ ᠳᠠᠪᠤᠰᠤ ᠬᠡᠷᠡᠭᠯᠡᠬᠦ ᠴᠢᠬᠤᠯᠠ ᠦᠬᠡᠢ ᠭᠡᠵᠤ ᠦᠵᠡᠵᠤ ᠪᠠᠶᠢᠨ᠎ᠠ᠃ ᠡᠬᠦᠨ ᠤ ᠳᠠᠭᠠᠤ ᠳᠤ ᠪᠠᠰᠠ ᠤᠨᠳᠠᠵᠤ ᠠᠮᠠᠷᠠᠬᠤ ᠪᠠᠨ ᠳᠤᠬᠢᠷᠠᠭᠤᠯᠤᠨ᠎ᠠ᠃ ᠠᠭᠤᠷ ᠤᠴᠠᠭᠠᠷ ᠢᠶᠠᠨ ᠳᠠᠷᠤᠨ᠎ᠠ᠃ ᠶᠠᠮᠠᠷᠴᠤ ᠤᠴᠢᠷ ᠶᠠᠪᠤᠳᠠᠯ ᠳᠤ ᠠᠭᠤᠳᠠᠮᠴᠢ ᠰᠡᠳᠬᠢᠯ ᠢᠶᠠᠷ ᠬᠠᠨᠳᠤᠬᠤ ᠨᠢ ᠪᠠᠮᠪᠠᠢ ᠶᠢᠨ ᠪᠤᠯᠴᠢᠷᠬᠠᠢ ᠶᠢᠨ ᠡᠪᠡᠳᠴᠢᠨ ᠡᠬᠦᠰᠬᠦ ᠠᠴᠠ ᠰᠡᠷᠭᠡᠶᠢᠯᠡᠬᠦ ᠬᠠᠮᠤᠭ ᠪᠦᠳᠤᠮᠵᠢᠳᠡᠢ ᠠᠷᠭ᠎ᠠ ᠪᠤᠯᠤᠨ᠎ᠠ᠃ ᠶᠠᠷᠢᠶᠠᠨ ᠦᠬᠡᠢ ᠪᠠᠮᠪᠠᠢ ᠶᠢᠨ ᠪᠤᠯᠴᠢᠷᠬᠠᠢ ᠶᠢᠨ ᠡᠪᠡᠳᠴᠢᠨ ᠨᠢ ᠤᠷᠤᠨ ᠨᠤᠳᠤᠭ ᠤᠨ ᠴᠢᠨᠠᠷᠳᠡᠢ ᠪᠠ ᠲᠦᠷᠦᠯᠬᠢ ᠤᠳᠤᠮᠰᠢᠯ ᠤᠨ ᠴᠢᠨᠠᠷᠳᠡᠢ ᠭᠡᠵᠤ ᠪᠠᠶᠢᠳᠠᠬ ᠪᠤᠯᠪᠠᠴᠤ ᠦᠪᠡᠷ ᠤᠨ ᠪᠡᠶ᠎ᠠ ᠪᠠᠨ ᠳᠤᠬᠢᠷᠠᠭᠤᠯᠵᠤ ᠴᠢᠳᠠᠪᠠᠯ ᠪᠢᠳᠡ ᠪᠦᠷ ᠡᠨᠡ ᠬᠦ ᠡᠪᠡᠳᠴᠢᠨ ᠤ ᠡᠬᠦᠰᠤᠯᠳᠡ ᠠᠴᠠ ᠰᠡᠷᠭᠡᠶᠢᠯᠡᠵᠤ ᠪᠤᠯᠤᠨ᠎ᠠ᠃    ᠰᠤᠷᠪᠦᠯᠵᠢᠯᠠᠬᠴᠢ᠄ ᠬᠡᠷᠪᠡ ᠡᠨᠡᠬᠦ ᠡᠪᠡᠳᠴᠢᠨ ᠳᠤ ᠨᠡᠷᠪᠡᠭᠳᠡᠪᠡᠯ ᠪᠢᠳᠡ ᠶᠠᠮᠠᠷ ᠡᠮᠴᠢᠯᠡᠭᠡ ᠶᠢ ᠬᠦᠷᠳᠡᠪᠡᠯ ᠳᠠᠭᠠᠷᠠᠨ᠎ᠠ ᠪᠤᠢ︖   ᠽᠡᠪᠳᠡᠨᠳᠤᠷᠵᠢ ᠡᠮᠴᠢ᠄ ᠡᠮᠴᠢᠯᠡᠭᠡ ᠬᠡᠪᠡᠯ ᠮᠤᠩᠭᠤᠯ ᠡᠮᠨᠡᠯᠭᠡ ᠪᠠ ᠡᠸᠦ᠋ᠷᠤᠫᠠ ᠡᠮᠨᠡᠯᠭᠡ ᠶᠢᠨ ᠡᠮᠴᠢᠯᠡᠬᠦ ᠠᠷᠭ᠎ᠠ ᠤᠨᠳᠤᠤ ᠪᠠᠶᠢᠳᠠᠭ᠃ ᠠᠳᠡ ᠪᠢ ᠮᠤᠩᠭᠤᠯ ᠡᠮᠴᠢᠯᠡᠭᠡ ᠳᠡᠭᠡᠷᠡᠬᠢ ᠪᠠᠮᠪᠠᠢ ᠶᠢᠨ ᠪᠤᠯᠴᠢᠷᠬᠠᠢ ᠶᠢᠨ ᠡᠪᠡᠳᠴᠢᠨ ᠤ ᠡᠮᠴᠢᠯᠡᠬᠦ ᠠᠷᠭ᠎ᠠ ᠶᠢ ᠶᠠᠷᠢᠵᠤ ᠦᠭᠭᠦᠶ᠎ᠠ᠃ ᠪᠠᠮᠪᠠᠢ ᠶᠢᠨ ᠪᠤᠯᠴᠢᠷᠬᠠᠢ ᠪᠤᠯ ᠬᠦᠮᠦᠨ ᠤ ᠪᠡᠶ᠎ᠠ ᠶᠢᠨ ᠰᠢᠩᠭᠡᠭᠡᠯᠳᠡ ᠪᠠ ᠪᠡᠶ᠎ᠠ ᠶᠢᠨ ᠳᠤᠯᠠᠭᠠᠨ ᠢ ᠳᠤᠬᠢᠷᠠᠭᠤᠯᠬᠤ ᠦᠢᠯᠡᠳᠤᠯ ᠬᠡᠷᠡᠭᠴᠡᠭᠡ ᠲᠠᠢ ᠪᠠᠶᠢᠳᠠᠭ᠃ ᠪᠠᠮᠪᠠᠢ ᠶᠢᠨ ᠪᠤᠯᠴᠢᠷᠬᠠᠢ ᠶᠢᠨ ᠡᠪᠡᠳᠴᠢᠨ ᠨᠢ ᠪᠠᠮᠪᠠᠢ ᠶᠢᠨ ᠪᠤᠯᠴᠢᠷᠬᠠᠢ ᠶᠢᠨ ᠠᠵᠢᠯᠯᠠᠭ᠎ᠠ ᠨᠡᠮᠡᠭᠳᠡᠬᠦ ᠪᠤᠶᠤ ᠳᠤᠷᠦ᠋ᠢᠳᠠᠬᠤ ᠠᠴᠠ ᠪᠤᠯᠵᠤ ᠡᠭᠦᠰᠳᠡᠭ᠃ ᠡᠶᠢᠮᠤ ᠠᠴᠠ ᠮᠤᠩᠭᠤᠯ ᠡᠮᠨᠡᠯᠭᠡ ᠳᠤ ᠪᠠᠮᠪᠠᠢ ᠶᠢᠨ ᠪᠤᠯᠴᠢᠷᠬᠠᠢ ᠶᠢᠨ ᠳᠠᠷᠤᠯᠳᠠ ᠶᠢ ᠪᠠᠭᠠᠰᠬᠠᠵᠤ᠂ ᠰᠢᠩᠭᠡᠬᠡᠯᠳᠡ ᠶᠢᠨ ᠭᠤᠤᠯ ᠡᠷᠭᠡᠳᠡᠨ ᠪᠤᠯᠬᠤ ᠬᠤᠳᠤᠭᠤᠳᠤ ᠶᠢ ᠡᠮᠨᠡᠬᠦ ᠪᠠᠷ ᠳᠠᠮᠵᠢᠨ ᠪᠠᠮᠪᠠᠢ ᠶᠢᠨ ᠪᠤᠯᠴᠢᠷᠬᠠᠢ ᠶᠢᠨ ᠠᠵᠢᠯᠯᠠᠭ᠎ᠠ ᠶᠢ ᠳᠡᠭᠰᠢᠯᠡᠳᠡᠭ᠃ ᠳᠠᠷᠤᠢ ᠬᠠᠯᠠᠭᠤᠨ ᠬᠦᠢᠳᠡᠨ ᠤ ᠤᠨᠤᠯ᠂ ᠠᠷᠭ᠎ᠠ ᠪᠢᠯᠢᠭ ᠤᠨ ᠤᠨᠤᠯ᠂ ᠰᠢᠷ᠎ᠠ ᠪᠠᠳᠬᠠᠠ ᠤ ᠤᠨᠤᠯ ᠢ ᠦᠨᠳᠤᠰᠤᠯᠡᠵᠤ ᠳᠤᠯᠤᠭᠠᠨ ᠳᠠᠮᠢᠷ ᠤᠨ ᠲᠦᠯᠵᠢᠯᠳᠡ ᠶᠢ ᠡᠷᠡᠬᠦᠯ ᠪᠤᠯᠭᠠᠵᠤ ᠡᠮᠴᠢᠯᠡᠳᠡᠭ᠃ ᠶᠠᠷᠢᠶᠠᠨ ᠦᠬᠡᠢ ᠪᠢᠳᠡᠨ ᠤ ᠪᠠᠶᠢᠴᠠᠭᠠᠯᠳᠠ ᠪᠦᠷ ᠡᠸᠦ᠋ᠷᠤᠫᠠ ᠡᠮᠨᠡᠯᠭᠡ ᠶᠢᠨ ᠮᠠᠰᠢᠨ ᠳᠤᠨᠤᠬᠯᠠᠯ ᠢ ᠬᠡᠷᠡᠭᠯᠡᠵᠤ ᠡᠪᠡᠳᠴᠢᠨ ᠤ ᠪᠠᠶᠢᠳᠠᠯ ᠢ ᠳᠤᠳᠤᠷᠬᠠᠢᠢᠯᠠᠬᠰᠠᠨ ᠤ ᠳᠠᠷᠠᠭ᠎ᠠ ᠮᠤᠩᠭᠤᠯ ᠡᠮ ᠢᠶᠠᠷ ᠤᠴᠢᠵᠤ ᠡᠮᠴᠢᠯᠡᠳᠡᠭ᠃ ᠤᠳᠤᠬᠢ ᠪᠠᠶᠢᠳᠠᠯ ᠳᠤ ᠮᠠᠨ ᠤ ᠡᠮᠨᠡᠯᠬᠡ ᠶᠢᠨ ᠬᠤᠷᠢᠶᠠᠨ ᠳᠠᠬᠢ ᠡᠮᠴᠢᠯᠡᠬᠡᠨ ᠤ ᠪᠠᠶᠢᠳᠠᠯ ᠠᠴᠠ ᠦᠵᠡᠪᠡᠯ ᠮᠤᠩᠭᠤᠯ ᠡᠮᠨᠡᠯᠭᠡ ᠪᠠᠷ ᠪᠠᠮᠪᠠᠢ ᠶᠢᠨ ᠪᠤᠯᠴᠢᠷᠬᠠᠢ ᠶᠢᠨ ᠡᠪᠡᠳᠴᠢᠨ ᠢ ᠡᠳᠡᠭᠡᠭᠡᠭᠰᠡᠨ ᠨᠤᠷᠮ᠎ᠠ 90% ᠳᠤ ᠬᠦᠷᠴᠤ ᠪᠠᠶᠢᠨ᠎ᠠ᠃ ᠶᠠᠷᠢᠶᠠᠨ ᠦᠬᠡᠢ ᠡᠳᠡᠬᠡᠷᠡᠬᠦ ᠶᠠᠪᠤᠴᠠ᠂ ᠡᠮᠨᠡᠬᠦ ᠠᠷᠭ᠎ᠠ ᠨᠢ ᠪᠦᠷ ᠡᠪᠡᠳᠴᠢᠳᠡᠨ ᠤ ᠳᠤᠰ ᠪᠡᠶ᠎ᠠ ᠶᠢᠨ ᠪᠠᠶᠢᠳᠠᠯ ᠠᠴᠠ ᠰᠢᠯᠳᠠᠭᠠᠯᠠᠬᠳᠠᠵᠤ ᠤᠨᠳᠤᠤ ᠪᠠᠶᠢᠳᠠᠬ᠃ ᠬᠦᠮᠦᠨ ᠤ ᠪᠡᠶ᠎ᠠ ᠶᠢᠨ ᠴᠢᠨᠠᠷ ᠴᠢᠨᠰᠠᠭ᠎ᠠ᠂ ᠨᠠᠰᠤ ᠵᠢᠯ ᠤᠨ ᠪᠠᠶᠢᠳᠠᠯ ᠢᠶᠠᠷ ᠪᠢᠳᠡ ᠪᠠᠰᠠ ᠬᠦᠳᠡᠯᠦᠩᠭᠦᠢ ᠪᠠᠷ᠂ ᠰᠡᠷᠭᠡᠭ ᠢᠶᠠᠷ ᠤᠴᠢᠵᠤ ᠡᠮᠴᠢᠯᠡᠭᠡ ᠪᠠᠨ ᠦᠷᠨᠢᠬᠦᠯᠬᠦ ᠬᠡᠷᠡᠭᠳᠡᠢ ᠬᠡᠵᠤ ᠪᠤᠳᠤᠵᠤ ᠪᠠᠶᠢᠨ᠎ᠠ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号