ᠢᠮᠠᠭᠠᠨ ᠮᠢᠬᠠᠨ ᠤ ᠪᠦᠷᠢᠯᠳᠦᠭᠦᠨ ᠵᠢᠴᠢ ᠰᠢᠮ᠎ᠡ ᠲᠡᠵᠢᠭᠡᠯ
ᠨᠡᠶᠢᠲᠡᠯᠡᠭᠰᠡᠨ ᠴᠠᠭ᠄
2023/11/9
  ᠢᠮᠠᠭᠠᠨ ᠮᠢᠬ᠎ᠠ ᠪᠤᠯ ᠭᠦᠮᠦᠨ ᠲᠦᠷᠦᠯᠭᠢᠳᠡᠨ ᠤ ᠮᠢᠬᠠᠨ ᠢᠳᠡᠭᠡᠨ ᠤ ᠴᠢᠬᠤᠯᠠ ᠨᠢᠭᠡ ᠲᠦᠷᠦᠯ ᠪᠤᠯᠤᠨ᠎ᠠ᠃ ᠭᠦᠮᠦᠨ ᠲᠦᠷᠦᠯᠭᠢᠳᠡᠨ ᠠᠯᠢ ᠡᠷᠳᠡ ᠠᠡᠭ ᠠᠩᠨᠠᠯ ᠤᠨ ᠦᠶ᠎ᠠ ᠠᠴᠠ ᠡᠬᠢᠯᠡᠨ ᠢᠮᠠᠭᠠᠨ ᠮᠢᠬ᠎ᠠ ᠶᠢ ᠢᠳᠡᠵᠦ ᠦᠯ ᠬᠤᠭᠤᠯᠠ ᠪᠤᠯᠭᠠᠵᠦ ᠪᠠᠶᠢᠬᠰᠠᠨ ᠪᠦᠭᠡᠳ ᠢᠮᠠᠭ᠎ᠠ ᠶᠢ ᠭᠠᠷᠰᠢᠭᠤᠯᠵᠦ ᠭᠡᠷᠰᠢᠭᠦᠯᠦᠨ ᠦᠰᠭᠡᠨ ᠦᠷᠡᠵᠢᠭᠦᠯᠦᠭᠰᠡᠨ ᠠᠴᠠ ᠬᠤᠶᠢᠰᠢ ᠦᠷᠭᠦᠯᠵᠢ ᠶᠢᠨ ᠢᠳᠡᠭᠡᠨ ᠪᠤᠯᠭᠠᠵᠦ᠂ ᠢᠮᠠᠭᠠᠨ ᠮᠢᠬ᠎ᠠ ᠠᠴᠠ ᠡᠯᠪᠡᠭ ᠪᠠᠶᠠᠯᠢᠭ ᠰᠢᠮ᠎ᠠ ᠲᠡᠵᠢᠭᠡᠯ ᠭᠦᠷᠳᠡᠵᠦ᠂ ᠠᠵᠦ ᠲᠦᠷᠦᠵᠦ ᠠᠮᠢᠳᠤᠷᠠᠵᠦ ᠢᠷᠡᠭᠰᠡᠨ ᠤᠷᠳᠤ ᠤᠳᠠᠭᠠᠨ ᠲᠡᠦᠭᠡ ᠲᠠᠢ ᠪᠢᠯᠡ᠃    ᠢᠮᠠᠭᠠᠨ ᠮᠢᠬᠠᠨ ᠤ ᠦᠡᠭᠭᠡ ᠨᠢ ᠬᠤᠨᠢᠨ ᠮᠢᠬᠠᠨ ᠤ ᠦᠡᠭᠭᠡ ᠠᠴᠠ ᠪᠠᠭ᠎ᠠ ᠭᠦᠨ ᠤᠯᠠᠭᠠᠨ᠂ ᠦᠭᠡᠭᠦ ᠲᠤᠰᠤ ᠨᠢ ᠬᠤᠨᠢᠨ ᠤ ᠮᠢᠬᠠᠨ ᠠᠴᠠ ᠪᠠᠭ᠎ᠠ᠂ ᠤᠭᠤᠷᠠᠭ ᠨᠢ ᠬᠤᠨᠢᠨ ᠮᠢᠬᠠᠨ ᠠᠴᠠ ᠠᠷᠪᠢᠨ ᠪᠠᠶᠢᠳᠠᠭ᠃ ᠢᠮᠠᠭᠠᠨ ᠤ ᠦᠭᠡᠭᠦ ᠲᠤᠰᠤ ᠨᠢ ᠭᠤᠤᠯᠳᠠᠭᠤ ᠲᠤᠳᠤᠷ ᠡᠷᠭᠡᠳᠡᠨ ᠳᠤ ᠲᠦᠪᠯᠡᠷᠡᠵᠦ ᠪᠠᠶᠢᠳᠠᠭ ᠪᠦᠭᠡᠳ ᠭᠦᠷᠦᠪᠡᠯ ᠠᠮᠠᠷᠬᠠᠨ ᠴᠠᠷᠴᠠᠴᠢᠬᠠᠳᠠᠭ ᠪᠤᠯᠬᠤᠷ ᠮᠠᠯᠴᠢᠳ ︽ᠢᠮᠠᠭᠠᠨ ᠮᠢᠬ᠎ᠠ ᠬᠠᠯᠠᠭᠤᠨ ᠳᠠᠭᠠᠨ ᠲᠡᠭᠡᠷ᠎ᠠ᠂ ᠶᠠᠪᠤᠳᠠᠯ ᠤᠴᠢᠷ ᠲᠦᠷᠭᠡᠨ ᠳᠡᠭᠡᠨ ᠲᠡᠭᠡᠷ᠎ᠠ︾ ᠭᠡᠵᠦ ᠭᠡᠯᠡᠳᠡᠭ᠃ ᠢᠮᠠᠭᠠᠨ ᠮᠢᠬᠠᠨ ᠤ ᠰᠢᠷᠭᠡᠭ ᠨᠢ ᠨᠠᠷᠢᠨ᠂ ᠦᠭᠡᠭᠦᠨ ᠤ ᠲᠠᠷᠬᠠᠯᠳᠠ ᠨᠢ ᠵᠢᠭᠳᠡ᠂ ᠪᠤᠯᠴᠢᠩ ᠮᠢᠬᠠᠨ ᠤ ᠬᠢᠨᠢ ᠵᠠᠪᠰᠠᠷ ᠲᠤ ᠦᠭᠡᠭᠦᠨ ᠤ ᠬᠤᠷᠠᠮᠳᠤᠯ ᠦᠭᠡᠢ᠂ ᠬᠠᠷ᠎ᠠ ᠮᠢᠬ᠎ᠠ ᠪᠤᠯᠤᠨ ᠦᠭᠡᠭᠦ ᠲᠤᠰᠤᠨ ᠤ ᠬᠠᠷᠢᠴᠠᠯ ᠨᠢ ᠨᠡᠯᠢᠶᠡᠳ ᠲᠡᠩᠴᠡᠭᠦᠷᠢᠳᠠᠢ ᠪᠠᠶᠢᠳᠠᠭ᠃ ᠨᠠᠮᠤᠷ ᠤᠨ ᠰᠡᠭᠦᠯᠴᠢ ᠶᠢᠨ ᠨᠢᠳᠦᠯᠭ᠎ᠠ ᠶᠢᠨ ᠦᠶ᠎ᠠ ᠳᠤ ᠡᠩ ᠤᠨ ᠨᠠᠰᠦ ᠭᠦᠢᠴᠡᠭᠰᠡᠨ ᠰᠡᠷᠭᠡ ᠶᠢᠨ ᠠᠮᠢᠳᠦ ᠶᠢᠨ ᠵᠢᠩ ᠨᠢ ᠲᠤᠮᠳᠠᠴᠢ ᠪᠠᠷ 100.6 ᠵᠢᠩ ᠭᠦᠷᠴᠦ᠂ ᠬᠠᠮᠤᠭ ᠤᠨ ᠦᠨᠳᠦᠷ ᠨᠢ 120 ᠵᠢᠩ ᠭᠦᠷᠳᠡᠭ᠃ ᠨᠢᠳᠦᠯᠦᠬᠰᠠᠨ ᠤ ᠲᠠᠷᠠᠭ᠎ᠠ ᠭᠦᠨᠳᠦ ᠨᠢ ᠲᠤᠮᠳᠠᠴᠢ ᠪᠠᠷ 50 ᠵᠢᠩ ᠤᠷᠴᠢᠮ ᠭᠦᠷᠳᠡᠭ᠃ ᠢᠮᠠᠭ᠎ᠠ ᠪᠤᠯ ᠶᠡᠷᠦ ᠳᠡᠭᠡᠨ ᠲᠤᠳᠤᠷ ᠲᠠᠷᠭᠤ ᠠᠪᠬᠤ ᠪᠠᠷ ᠰᠠᠶᠢᠨ᠂ ᠢᠮᠠᠭᠠᠨ ᠤ ᠲᠤᠳᠤᠷ ᠦᠭᠡᠭᠦ ᠨᠢ ᠬᠤᠨᠢᠨ ᠤ ᠬᠢ ᠠᠴᠠ ᠦᠯᠡᠭᠦᠦ ᠪᠠᠶᠢᠳᠠᠭ ᠲᠤᠯᠠ ᠲᠠᠷᠭᠤ ᠰᠠᠶᠢᠳᠠᠢ ᠨᠠᠰᠦ ᠭᠦᠢᠴᠡᠭᠰᠡᠨ ᠪᠦᠳᠦᠭᠦᠨ ᠰᠡᠷᠭᠡ ᠶᠢᠨ ᠦᠭᠡᠭᠦ ᠨᠢ ᠬᠠᠮᠤᠭ ᠤᠨ ᠠᠷᠪᠢᠨ ᠳᠠᠭᠠᠨ 9 ᠵᠢᠩ᠂ ᠲᠠᠷᠭᠤ ᠭᠦᠴᠦ ᠪᠠᠷ ᠬᠠᠮᠤᠭ ᠤᠨ ᠮᠠᠭᠤ ᠨᠢ ᠴᠦ ᠭᠡᠰᠡᠨ 5 ᠵᠢᠩ ᠦᠭᠡᠭᠦ ᠭᠠᠷᠳᠠᠭ᠃ ᠠᠭᠤᠯᠠᠷᠬᠠᠬ ᠤᠷᠤᠨ ᠤ ᠢᠮᠠᠭᠠᠨ ᠤ ᠮᠢᠬ᠎ᠠ ᠨᠢ ᠰᠢᠩᠭᠡᠭ ᠦᠨᠤᠷ ᠦᠭᠡᠢ ᠪᠤᠶᠤ ᠰᠢᠩᠭᠡᠭ ᠦᠨᠤᠷ ᠪᠠᠶᠢᠬᠰᠠᠨ ᠴᠦ ᠪᠠᠭ᠎ᠠ᠂ ᠠᠮᠳᠠ ᠰᠢᠮᠳᠡ ᠪᠠᠷ ᠰᠠᠶᠢᠬᠠᠨ᠂ ᠰᠢᠩᠭᠡᠭᠡᠭᠦ ᠳᠤ ᠬᠢᠯᠪᠠᠷ᠂ ᠰᠢᠮ᠎ᠠ ᠲᠡᠵᠢᠭᠡᠯ ᠤᠨ ᠪᠦᠷᠢᠯᠳᠦᠭᠦᠨ ᠨᠢ ᠲᠤᠮᠳᠠ ᠲᠠᠷᠭᠤ ᠲᠠᠢ ᠦᠭᠡᠷ ᠤᠨ ᠮᠢᠬ᠎ᠠ ᠲᠠᠢ ᠤᠢᠢᠷᠠᠯᠴᠠᠭ᠎ᠠ ᠪᠠᠶᠢᠳᠠᠭ᠃ ᠢᠳᠡᠭᠡᠨ ᠤ ᠰᠤᠳᠤᠯᠤᠯ ᠤᠨ ᠲᠤᠭ᠎ᠠ ᠪᠠᠷᠢᠮᠳᠠ ᠳᠤ ᠮᠡᠳᠡᠭᠡᠯᠡᠭᠰᠡᠨ ᠦᠨᠡᠯᠡᠯᠳᠡ ᠠᠴᠠ ᠦᠵᠡᠭᠦ ᠳᠤ᠂ ᠢᠮᠠᠭᠠᠨ ᠮᠢᠬᠠᠨ ᠤ ᠤᠭᠤᠷᠠᠭ ᠤᠨ ᠠᠭᠤᠯᠤᠭᠳᠠᠴᠠ ᠨᠢ ᠭᠠᠭ᠋ᠠᠢ᠂ ᠦᠭᠡᠷ᠂ ᠬᠤᠨᠢᠨ ᠮᠢᠬᠠᠨ ᠤ ᠬᠢ ᠠᠴᠠ 20% ᠪᠠᠷ ᠦᠨᠳᠤᠷ ᠪᠠᠶᠢᠳᠠᠭ᠃   ᠢᠮᠠᠭᠠᠨ ᠮᠢᠬᠠᠨ ᠤ ᠪᠦᠷᠢᠯᠳᠦᠭᠦᠨ ᠳᠤ ᠤᠭᠤᠷᠠᠭ᠂ ᠦᠭᠡᠭᠦ ᠲᠤᠰᠤ ᠪᠠ ᠡᠯ᠎ᠠ ᠵᠦᠢᠯ ᠤᠨ ᠡᠷᠦᠳᠡᠰᠦ ᠪᠤᠳᠠᠰ ᠠᠭᠤᠯᠤᠬᠳᠠᠵᠦ ᠪᠠᠶᠢᠳᠠᠭ᠃ ᠢᠮᠠᠭᠠᠨ ᠮᠢᠬᠠᠨ ᠳᠠᠬᠢ ᠤᠭᠤᠷᠠᠭ ᠤᠨ ᠠᠭᠤᠯᠤᠬᠳᠠᠴᠠ ᠨᠢ 20.6%᠂ ᠦᠭᠡᠭᠦ ᠲᠤᠰᠤ ᠨᠢ 4.3%᠂ ᠡᠷᠦᠳᠡᠰᠦ ᠪᠤᠳᠠᠰ 1.25 ᠠᠭᠤᠯᠵᠦ ᠪᠠᠶᠢᠳᠠᠭ᠃ ᠢᠮᠠᠭᠠᠨ ᠮᠢᠬᠠᠨ ᠳᠠᠬᠢ ᠤᠭᠤᠷᠠᠭ ᠤᠨ ᠠᠭᠤᠯᠤᠬᠳᠠᠴᠠ ᠨᠢ ᠬᠤᠨᠢᠨ ᠮᠢᠬ᠎ᠠ᠂ ᠲᠤᠮᠳᠠ ᠵᠡᠷᠭᠡ ᠶᠢᠨ ᠦᠭᠡᠷ ᠤᠨ ᠮᠢᠬ᠎ᠠ ᠪᠤᠯᠤᠨ ᠲᠠᠷᠭᠤᠨ ᠭᠠᠭ᠋ᠠᠢ ᠶᠢᠨ ᠮᠢᠬᠠᠨ ᠳᠤ ᠠᠭᠤᠯᠤᠬᠳᠠᠬᠤ ᠤᠭᠤᠷᠠᠭ ᠠᠴᠠ ᠪᠦᠷ ᠶᠡᠭᠡ ᠪᠠᠶᠢᠵᠦ᠂ ᠠᠳᠤᠭᠤᠨ ᠤ ᠮᠢᠬᠠᠨ ᠤ ᠤᠭᠤᠷᠠᠭ ᠠᠴᠠ ᠪᠠᠭ᠎ᠠ ᠪᠤᠯᠪᠠᠴᠦ ᠠᠭᠤᠯᠬᠤ ᠦᠭᠡᠭᠦ ᠲᠤᠰᠤ ᠨᠢ ᠲᠡᠳᠡᠭᠡᠷ ᠠᠴᠠ ᠪᠦᠷ ᠪᠠᠭ᠎ᠠ᠂ ᠡᠷᠦᠳᠡᠰᠦ ᠪᠤᠳᠠᠰ ᠨᠢ ᠲᠡᠳᠡᠭᠡᠷ ᠠᠴᠠ ᠪᠦᠷ ᠶᠡᠭᠡ ᠪᠠᠶᠢᠳᠠᠭ ᠲᠤᠯᠠ ᠭᠦᠮᠦᠨ ᠤ ᠪᠡᠶ᠎ᠠ ᠶᠢᠨ ᠡᠷᠡᠭᠦᠯ ᠮᠡᠨᠳᠦ ᠳᠤ ᠠᠰᠢᠬᠳᠠᠢ ᠮᠢᠬᠠᠨ ᠢᠳᠡᠭᠡᠨ ᠪᠤᠯᠤᠨ᠎ᠠ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号