ᠢᠳᠡᠭᠡᠨ ᠤᠮᠳᠠᠭᠠᠨ ᠢᠶᠠᠨ ᠵᠤᠬᠢᠰᠳᠡᠢ ᠡᠳ᠋ᠯᠡᠬᠦ ᠶᠢᠨ ᠤᠴᠢᠷ
ᠨᠡᠶᠢᠲᠡᠯᠡᠭᠰᠡᠨ ᠴᠠᠭ᠄
2023/11/9
  ᠤᠳᠠᠭ᠎ᠠ ᠪᠦᠷᠢ ᠶᠢᠨ ᠬᠤᠭᠤᠯᠠ ᠤᠮᠳᠠ ᠪᠠᠨ ᠳᠤᠯᠤᠭᠠᠨ ᠬᠤᠪᠢ ᠴᠠᠳᠳᠠᠯ᠎ᠠ ᠢᠳᠡᠪᠡᠰᠤ ᠡᠷᠡᠬᠦᠯ ᠡᠩᠭᠡ ᠡᠨᠡ ᠪᠡᠶ᠎ᠠ ᠶᠢ ᠡᠵᠡᠮᠳᠡᠨ᠎ᠠ ᠭᠡᠵᠤ ᠤᠯᠠᠨ ᠬᠦᠮᠦᠰ ᠤᠨ ᠳᠤᠮᠳᠠ ᠶᠠᠷᠢᠬᠳᠠᠳᠠᠬ᠃ ᠳᠡᠬᠡᠪᠡᠯ ᠡᠨᠡ ᠨᠢ ᠤᠷᠳᠤ ᠬᠤᠭᠤᠴᠠᠭ᠎ᠠ ᠪᠠᠷ ᠬᠡᠳᠤᠷᠬᠡᠢ ᠴᠠᠳᠳᠠᠯ ᠎ᠠ ᠢᠳᠡᠬᠦ ᠨᠢ ᠬᠦᠮᠤᠰ ᠤᠨ ᠡᠷᠡᠬᠦᠯ ᠮᠡᠨᠳᠤ ᠳᠤ ᠨᠦᠯᠦᠬᠡ ᠤᠴᠠᠷᠠᠭᠤᠯᠤᠨ᠎ᠠ ᠭᠡᠰᠡᠨ ᠦᠬᠡ ᠪᠤᠯᠤᠨ᠎ᠠ᠃ ᠳᠡᠭᠡᠪᠡᠯ ᠪᠢᠳᠡ ᠡᠬᠦᠨ ᠢ ᠳᠠᠭᠠᠯᠳᠤᠭᠤᠯᠤᠨ ᠪᠠᠰᠠ ᠨᠢᠭᠡ ᠵᠦᠢᠯ ᠢ ᠠᠩᠬᠠᠷᠬᠤ ᠴᠢᠬᠤᠯᠠᠳᠡᠢ ᠤᠴᠢᠷ ᠪᠤᠯ ᠳᠠᠷᠤᠢ ᠢᠳᠡᠭᠡᠨ ᠤᠮᠳᠠᠭᠠᠨ ᠢᠶᠠᠨ ᠬᠡᠮᠵᠢᠶ᠎ᠠ ᠲᠠᠢ ᠡᠳ᠋ᠯᠡᠵᠤ ᠬᠡᠷᠡᠭᠯᠡᠬᠦ ᠠᠴᠠ ᠭᠠᠳᠠᠨ᠎ᠠ ᠪᠠᠰᠠ ᠵᠤᠬᠢᠰᠳᠡᠢ ᠪᠠᠷ ᠰᠢᠮ᠎ᠠ ᠳᠡᠵᠢᠬᠡᠯ ᠢ ᠨᠢ ᠵᠤᠬᠢᠴᠠᠭᠤᠯᠵᠤ ᠡᠳ᠋ᠯᠡᠪᠡᠯ ᠬᠦᠮᠦᠨ ᠪᠦᠬᠦᠨ ᠤ ᠡᠷᠡᠬᠦᠯ ᠮᠡᠨᠳᠤ ᠳᠤ ᠨᠡᠩ ᠠᠰᠢᠬᠳᠡᠢ ᠪᠠᠶᠢᠬᠤ ᠪᠤᠯᠤᠮᠵᠢ ᠲᠠᠢ᠃   ᠢᠳᠡᠬᠡᠨ ᠤᠮᠳᠠᠭᠠᠨ ᠤ ᠰᠤᠶᠤᠯ ᠠᠴᠠ ᠠᠵᠢᠬᠯᠠᠪᠠᠯ᠂ ᠪᠢᠳᠡᠨ ᠤ ᠡᠳᠤᠷ ᠳᠤᠳᠤᠮ ᠤᠨ ᠡᠳ᠋ᠯᠡᠵᠤ ᠪᠠᠶᠢᠭ᠎ᠠ ᠢᠳᠡᠭᠡᠨ ᠤᠮᠳᠠᠭᠠᠨ ᠤ ᠰᠢᠮ᠎ᠠ ᠳᠡᠵᠢᠬᠡᠯ ᠤᠨ ᠪᠦᠷᠢᠯᠳᠤᠬᠦᠨ᠂ ᠬᠡᠮᠵᠢᠶ ᠎ᠠ ᠪᠦᠷ ᠠᠳᠠᠯᠢ ᠪᠤᠰᠤ ᠪᠠᠶᠢᠳᠠᠬ᠃ ᠬᠦᠮᠦᠨ ᠤ ᠪᠡᠶ᠎ᠠ ᠳᠤ ᠬᠡᠷᠡᠭᠰᠡᠬᠦ ᠰᠢᠮ᠎ᠠ ᠳᠡᠵᠢᠬᠡᠯ ᠤᠨ ᠬᠡᠷᠡᠭᠴᠡᠭᠡ ᠴᠤ ᠪᠤᠳᠠᠭᠠᠯᠢ ᠪᠡᠶ᠎ᠠ ᠶᠢᠨ ᠤᠨᠴᠠᠯᠢᠬ ᠰᠢᠨᠵᠢ ᠠᠴᠠ ᠪᠤᠯᠵᠤ ᠠᠳᠠᠯᠢ ᠪᠤᠰᠤ ᠪᠠᠶᠢᠳᠠᠬ ᠪᠤᠯᠬᠤᠷ ᠪᠢᠳᠡ ᠡᠳᠤᠷ ᠳᠤᠳᠤᠮ ᠤᠨ ᠢᠳᠡᠭᠡᠨ ᠤᠮᠳᠠᠭᠠᠨ ᠢᠶᠠᠨ ᠵᠤᠬᠢᠰᠳᠡᠢ ᠳᠤᠬᠢᠷᠠᠭᠤᠯᠪᠠᠯ ᠰᠠᠶ᠋ᠢ ᠡᠮ ᠤᠤᠭᠤᠵᠤ ᠳᠡᠩᠴᠡᠬᠦᠯᠦᠭᠰᠡᠨ ᠠᠴᠠ ᠨᠡᠩ ᠠᠮᠤᠷ ᠲᠦᠪᠰᠢᠨ ᠪᠠᠶᠢᠬᠤ ᠨᠢ ᠳᠠᠮᠵᠢᠬ ᠦᠬᠡᠢ᠃ ᠪᠢᠳᠡᠨ ᠤ ᠤᠷᠴᠢᠨ ᠳᠠᠬᠢ ᠤᠯᠠᠩᠭᠢ ᠬᠦᠮᠦᠰ ᠦᠪᠡᠷ ᠤᠨ ᠳᠤᠷᠠᠳᠡᠢ ᠢᠳᠡᠭᠡᠨ ᠢᠶᠠᠨ ᠤᠯᠠᠨ ᠢᠳᠡᠬᠦ᠂ ᠡᠰᠡᠭᠦᠯ᠎ᠠ ᠢᠳᠡᠵᠤ ᠳᠠᠳᠤᠬᠰᠠᠨ ᠬᠤᠭᠤᠯᠠ ᠤᠮᠳᠠ ᠪᠠᠨ ᠤᠯᠠᠨ ᠢᠳᠡᠵᠤ ᠪᠤᠰᠤᠳ ᠢᠳᠡᠭᠡᠨ ᠤᠮᠳᠠᠭᠠᠨ ᠢ ᠤᠮᠳᠤᠭᠠᠢᠢᠯᠠᠬᠤ ᠳᠡᠷᠡᠴᠢᠯᠡᠨ ᠨᠢᠬᠡ ᠴᠤ ᠢᠳᠡᠬᠦ ᠦᠬᠡᠢ ᠪᠠᠶᠢᠬᠤ ᠦᠵᠡᠭᠳᠡᠯ ᠤᠷᠤᠰᠢᠳᠠᠬ᠃ ᠦᠨᠡᠨᠳᠡᠬᠡᠨ ᠢᠳᠡᠭᠡᠨ ᠤᠮᠳᠠᠭᠠᠨ ᠢ ᠠᠯᠢ ᠵᠦᠢᠯ ᠢ ᠨᠢ ᠴᠤ ᠭᠡᠰᠡᠨ ᠪᠠᠭ᠎ᠠ ᠬᠡᠮᠵᠢᠶ᠎ᠠ ᠪᠠᠷ ᠡᠳ᠋ᠯᠡᠪᠡᠯ ᠰᠢᠮ᠎ᠠ ᠳᠡᠵᠢᠬᠡᠯ ᠬᠡᠮ ᠬᠤᠷᠤᠭ᠎ᠠ ᠪᠠᠨ ᠠᠯᠳᠠᠬᠤ ᠦᠬᠡᠢ ᠪᠠᠶᠢᠵᠤ ᠪᠡᠶ᠎ᠠ ᠶᠢᠨ ᠡᠷᠡᠬᠦᠯ ᠴᠢᠬᠢᠷᠠᠭ ᠢᠶᠠᠨ ᠪᠠᠳᠤᠯᠠᠵᠤ ᠴᠢᠳᠠᠳᠠᠬ᠃ ᠵᠢᠱᠢᠶᠡᠯᠡᠬᠦ ᠳᠤ ᠮᠠᠨ ᠤ ᠬᠦᠳᠡᠭᠡ ᠳᠤ ᠪᠤᠯ ᠦᠷᠬᠦᠯᠵᠢ ᠶᠢᠨ ᠴᠢᠨᠠᠷᠳᠡᠢ ᠬᠤᠨᠢ ᠦᠬᠡᠷ ᠤᠨ ᠮᠢᠬ᠎ᠠ ᠪᠠᠷ ᠭᠤᠤᠯᠳᠠᠭᠤᠯᠤᠬᠰᠠᠨ ᠭᠤᠯᠢᠷ ᠬᠤᠭᠤᠯᠠ᠂ ᠰᠦ ᠲᠠᠢ ᠴᠠᠢ᠂ ᠴᠠᠭᠠᠨ ᠢᠳᠡᠭᠡ ᠭᠡᠵᠤ ᠡᠳᠤᠷ ᠳᠤᠳᠤᠮ ᠳᠤ ᠪᠠᠨ ᠡᠳ᠋ᠯᠡᠳᠡᠭ᠂ ᠶᠠᠷᠢᠶᠠᠨ ᠦᠬᠡᠢ ᠡᠳᠡᠬᠡᠷ ᠨᠢ ᠪᠦᠷ ᠯᠡ ᠰᠢᠮ᠎ᠠ ᠳᠡᠵᠢᠬᠡᠯ ᠰᠠᠶᠢᠳᠡᠢ ᠬᠦᠮᠤᠰ ᠤᠨ ᠪᠡᠶᠡᠨ ᠳᠤ ᠳᠤᠳᠠᠬᠳᠠᠵᠤ ᠦᠯᠦ ᠪᠤᠯᠬᠤ ᠢᠳᠡᠭᠡᠨ ᠤᠮᠳᠠᠭᠠᠨ ᠪᠤᠯᠤᠨ᠎ᠠ᠃ ᠭᠡᠪᠡᠴᠤ ᠡᠳᠤᠷᠵᠢᠨ ᠡᠨᠡ ᠬᠡᠳᠤᠬᠡᠨ ᠵᠦᠢᠯ ᠢᠶᠠᠷ ᠯᠡ ᠬᠤᠭᠤᠯᠠᠯᠠᠵᠤ ᠪᠠᠶᠢᠪᠠᠯ ᠪᠤᠰᠤᠳ ᠵᠦᠢᠯ ᠤᠨ ᠢᠳᠡᠭᠡᠨ ᠤᠮᠳᠠᠭᠠᠨ ᠳᠤ ᠪᠠᠶᠢᠬᠤ ᠰᠢᠮ᠎ᠠ ᠳᠡᠵᠢᠬᠡᠯ ᠢ ᠨᠦᠬᠦᠪᠦᠷᠢᠯᠡᠵᠤ ᠳᠡᠶᠢᠯᠬᠦ ᠦᠬᠡᠢ ᠪᠤᠯᠵᠤ᠂ ᠬᠡᠳᠤ ᠮᠠᠷᠢᠶᠠᠯᠠᠬᠤ᠂ ᠡᠰᠡᠪᠡᠯ ᠬᠡᠳᠤ ᠳᠤᠷᠠᠬᠤ ᠪᠠᠶᠢᠳᠠᠯ ᠢᠯᠡᠷᠡᠬᠦ ᠨᠡᠩ ᠴᠢᠨᠠᠬᠰᠢᠯᠠᠪᠠᠯ ᠨᠢᠬᠡ ᠯᠡ ᠲᠦᠷᠦᠯ ᠤᠨ ᠰᠢᠮ᠎ᠠ ᠳᠡᠵᠢᠬᠡᠯ ᠶᠡᠬᠡᠤᠨᠴᠤ ᠪᠡᠶ᠎ᠠ ᠶᠢᠨ ᠡᠷᠡᠬᠦᠯ ᠴᠢᠬᠢᠷᠠᠬ ᠲᠤ ᠠᠰᠢᠬ ᠦᠬᠡᠢ ᠪᠠᠶᠢᠳᠠᠯ ᠢᠯᠡᠷᠡᠬᠦ ᠪᠤᠯᠤᠯᠴᠠᠭ᠎ᠠ ᠲᠠᠢ᠃ ᠶᠡᠷᠤ ᠨᠢ ᠢᠳᠡᠭᠡᠨ ᠤᠮᠳᠠᠭᠠᠨ ᠤ ᠰᠤᠳᠤᠯᠭᠠᠳᠠᠳ ᠠᠴᠠ ᠬᠡᠯᠡᠭᠰᠡᠨ ᠢᠶᠠᠷ ᠬᠦᠮᠦᠰ ᠤᠨ ᠬᠡᠳᠤ ᠮᠠᠷᠢᠶᠠᠯᠠᠬᠤ ᠡᠰᠡᠪᠡᠯ ᠳᠤᠷᠠᠬᠤ ᠨᠢ ᠬᠦᠮᠦᠰ ᠤᠨ ᠪᠡᠶ ᠎ᠠ ᠶᠢᠨ ᠬᠦᠳᠡᠯᠬᠡᠬᠡᠨ ᠤ ᠬᠡᠮᠵᠢᠶ᠎ᠠ ᠲᠠᠢ ᠬᠤᠯᠪᠤᠭ᠎ᠠ ᠲᠠᠢ ᠪᠠᠷ ᠪᠠᠷᠠᠬᠤ ᠦᠬᠡᠢ ᠪᠠᠰᠠ ᠪᠡᠶᠡᠨ ᠳᠠᠬᠢ ᠰᠢᠮ ᠎ᠠ ᠳᠡᠵᠢᠬᠡᠯ ᠳᠡᠩᠴᠡᠬᠦᠷᠢ ᠪᠠᠨ ᠠᠯᠳᠠᠬᠰᠠᠨ ᠠᠴᠠ ᠪᠤᠯᠤᠬᠰᠠᠨ ᠭᠡᠵᠤ ᠦᠵᠡᠳᠡᠭ᠃ ᠡᠶᠢᠮᠤ ᠠᠴᠠ ᠬᠤᠭᠤᠯᠠ ᠤᠮᠳᠠᠭᠠᠨ ᠤ ᠪᠠᠨ ᠲᠦᠷᠦᠯ ᠵᠦᠢᠯ ᠢ ᠤᠯᠠᠨ ᠪᠤᠯᠭᠠᠪᠠᠯ ᠪᠢᠳᠡᠨ ᠤ ᠪᠡᠶ᠎ᠠ ᠮᠠᠬᠠᠪᠤᠳ ᠤᠨ ᠡᠷᠡᠬᠦᠯ ᠴᠢᠬᠢᠷᠠᠬ ᠲᠤ ᠨᠡᠩ ᠠᠰᠢᠬᠳᠡᠢ ᠪᠤᠯᠬᠤ ᠪᠤᠯᠪᠠᠤ⁈ ᠶᠠᠷᠢᠶᠠᠨ ᠦᠬᠡᠢ ᠪᠢᠳᠡ ᠪᠠᠰᠠ ᠤᠯᠠᠷᠢᠯ᠂ ᠠᠭᠤᠷ ᠠᠮᠢᠰᠬᠤᠯ᠂ ᠴᠠᠬ ᠲᠤ ᠪᠠᠨ ᠵᠤᠬᠢᠴᠠᠭᠤᠯᠵᠤ ᠢᠳᠡᠬᠡᠨ ᠤᠮᠳᠠᠭᠠᠨ ᠢᠶᠠᠨ ᠳᠤᠬᠢᠷᠠᠭᠤᠯᠬᠤ ᠴᠢᠬᠤᠯᠠᠳᠡᠢ᠃ ᠳᠠᠷᠤᠢ᠂ ᠦᠷᠯᠦᠬᠡ ᠰᠢᠮ ᠎ᠠ ᠳᠡᠵᠢᠬᠡᠯ ᠪᠦᠷᠢᠨ ᠴᠠᠳᠳᠠᠯ᠎ᠠ ᠢᠳᠡᠵᠤ᠂ ᠦᠳᠡ ᠳᠤ ᠮᠢᠬ᠎ᠠ ᠳᠤᠰᠤ ᠲᠠᠢ ᠬᠤᠭᠤᠯᠠᠯᠠᠵᠤ᠂ ᠤᠷᠤᠢ ᠰᠢᠩᠭᠡᠨ ᠵᠦᠬᠡᠯᠡᠨ ᠢᠶᠠᠷ ᠬᠤᠭᠤᠯᠠᠯᠠᠬᠤ ᠬᠡᠬᠦ ᠮᠡᠳᠤ ᠪᠠᠷ ᠨᠢᠯᠬᠠᠰ᠂ ᠵᠠᠯᠠᠭᠤᠰ᠂ ᠨᠠᠰᠤᠳᠠᠨ᠂ ᠳᠡᠷᠡᠴᠢᠯᠡᠨ ᠠᠵᠢᠯ ᠤᠨ ᠬᠦᠨᠳᠤᠴᠡ᠂ ᠬᠡᠯᠪᠡᠷᠢ ᠪᠠᠨ ᠦᠨᠳᠤᠰᠤᠯᠡᠵᠤ ᠪᠦᠷ ᠯᠡ ᠳᠤᠬᠢᠷᠠᠭᠤᠯᠵᠤ ᠪᠤᠯᠤᠨ᠎ᠠ᠃ ᠠᠵᠢᠯ ᠬᠦᠨᠳᠤᠴᠡ ᠲᠠᠢ ᠦᠶ᠎ᠠ ᠳᠤ ᠢᠯᠡᠬᠦᠤ ᠰᠢᠮ ᠎ᠠ ᠳᠡᠵᠢᠬᠡᠯᠳᠤ ᠢᠳᠡᠬᠡᠨ ᠢ ᠢᠳᠡᠵᠤ᠂ ᠦᠷᠬᠦᠯᠵᠢ ᠠᠯᠪᠠᠨ ᠰᠢᠷᠡᠬᠡᠨ ᠳᠤ ᠰᠠᠭᠤᠳᠠᠬ ᠪᠤᠯ ᠬᠤᠳᠤᠭᠤᠳᠤ ᠬᠡᠳᠡᠰᠤᠨ ᠳᠤ ᠵᠦᠬᠡᠯᠡᠨ ᠢᠳᠡᠭᠡᠨ ᠡᠳ᠋ᠯᠡᠬᠦ ᠬᠡᠬᠦ ᠮᠡᠳᠤ ᠪᠠᠷ ᠪᠢᠳᠡ ᠦᠪᠡᠷ ᠤᠨ ᠪᠡᠶ᠎ᠠ ᠶᠢᠨ ᠪᠠᠶᠢᠳᠠᠯ ᠢᠶᠠᠨ ᠦᠨᠳᠤᠰᠤᠯᠡᠵᠤ ᠰᠠᠶᠢᠬᠠᠨ ᠵᠤᠬᠢᠴᠠᠭᠤᠯᠪᠠᠯ ᠪᠡᠶ᠎ᠠ ᠮᠠᠬᠠᠪᠤᠳ ᠤᠨ ᠭᠤᠸ᠎ᠠ ᠰᠠᠶᠢᠬᠠᠨ ᠢᠶᠠᠨ ᠪᠠᠳᠤᠯᠠᠵᠤ ᠴᠢᠳᠠᠬᠤ ᠪᠠᠷ ᠪᠠᠷᠠᠬᠤ ᠦᠬᠡᠢ ᠪᠠᠰᠠ ᠡᠷᠡᠬᠦᠯ ᠮᠡᠨᠳᠤ ᠪᠠᠨ ᠪᠠᠳᠤᠯᠠᠵᠤ ᠪᠤᠯᠬᠤ ᠪᠤᠯᠪᠠᠤ ᠬᠡᠵᠤ ᠪᠤᠳᠤᠵᠤ ᠪᠠᠶᠢᠨ᠎ᠠ᠃    ᠡᠶᠢᠮᠤ ᠠᠴᠠ ᠬᠦᠮᠦᠰ ᠡ᠂ ᠪᠢᠳᠡ ᠪᠦᠬᠦᠳᠡᠭᠡᠷ ᠢᠳᠡᠭᠡᠨ ᠤᠮᠳᠠᠭᠠᠨ ᠢᠶᠠᠨ ᠰᠢᠨᠵᠢᠯᠡᠬᠦ ᠤᠬᠠᠭᠠᠨᠴᠢ ᠪᠠᠷ ᠵᠦᠢ ᠵᠤᠬᠢᠰᠳᠡᠢ ᠪᠠᠷ ᠡᠳ᠋ᠯᠡᠵᠤ ᠪᠡᠶ᠎ᠠ ᠮᠠᠬᠠᠪᠤᠳ ᠤᠨ ᠡᠷᠡᠬᠦᠯ ᠴᠢᠬᠢᠷᠠᠬ ᠢᠶᠠᠨ ᠠᠩᠬᠠᠷᠤᠶ᠎ᠠ︕
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号