ᠳᠦᠯ ᠤᠨ ᠤᠭᠤᠳᠠ ᠮᠢᠯᠢᠶᠠᠬᠤ ᠶᠤᠰᠤᠨ
ᠨᠡᠶᠢᠲᠡᠯᠡᠭᠰᠡᠨ ᠴᠠᠭ᠄
2024/12/2
   ᠳᠦᠯ ᠤᠨ ᠤᠭᠤᠳᠠ ᠭᠡᠵᠤ ᠬᠠᠪᠤᠷ ᠳᠦᠯ ᠳᠤᠰᠬᠤ ᠦᠶᠡᠰ ᠲᠤ ᠬᠤᠷᠠᠭ᠎ᠠ ᠢᠰᠢᠭᠡ ᠪᠠᠨ ᠬᠢᠳᠡᠭ ᠤᠭᠤᠳᠠ  ᠶᠢ ᠬᠡᠯᠡᠳᠡᠭ᠃ ᠬᠠᠪᠤᠷ ᠬᠤᠨᠢ ᠬᠤᠷᠠᠭᠠᠯᠠᠵᠤ ᠡᠬᠢᠯᠡᠬᠦ ᠳᠤ ᠬᠤᠨᠢᠴᠢᠨ ᠬᠤᠷᠠᠭᠠᠨ ᠤ ᠪᠠᠨ ᠤᠭᠤᠳᠠ ᠶᠢ ᠠᠪᠴᠤ ᠶᠠᠪᠤᠳᠠᠭ ᠶᠤᠮ᠃ ᠤᠯᠠᠨ ᠬᠤᠨᠢ ᠲᠠᠢ ᠠᠶᠢᠯ ᠬᠤᠶᠠᠷ ᠤᠭᠤᠳᠠ ᠬᠡᠷᠡᠭᠯᠡᠳᠡᠭ᠃ ᠢᠰᠡᠭᠡᠢ ᠪᠠᠷ ᠬᠢᠭᠰᠡᠨ ᠪᠤᠯᠬᠤᠷ ᠤᠭᠤᠳᠠ ᠨᠢ ᠬᠦᠩᠭᠡᠨ ᠵᠦᠭᠡᠯᠡᠨ ᠪᠠᠶᠢᠳᠠᠭ ᠮᠦᠷᠳᠡᠭᠡᠨ ᠨᠢᠯᠬ᠎ᠠ ᠬᠤᠷᠠᠭ᠎ᠠ ᠢᠰᠢᠭᠡ ᠬᠢᠬᠦ ᠳᠤ ᠬᠠᠮᠤᠭ ᠤᠨ ᠵᠤᠬᠢᠮᠵᠢ  ᠲᠠᠢ ᠶᠤᠮ᠃ ᠤᠭᠤᠳᠠ ᠳᠠᠭᠠᠨ ᠳᠡᠮᠡᠭᠡᠨ ᠤᠩᠭᠠᠰᠤ ᠪᠠᠷ ᠳᠡᠮᠤᠨ ᠤᠶᠤᠡᠡᠰᠡᠨ ᠤᠭᠤᠰᠤᠷ ᠬᠠᠳᠠᠳᠠᠭ᠃ ᠤᠭᠤᠳᠠ  ᠨᠢ ᠨᠤᠷᠤᠪᠡᠯ ᠬᠠᠳᠠᠭᠠᠳᠠᠭ᠃ ᠮᠠᠯᠴᠢᠳ ᠬᠠᠪᠤᠷ ᠳᠦᠷᠤᠬᠦᠤ ᠤᠳᠠᠭ᠎ᠠ ᠤᠭᠤᠳᠠ ᠡᠬᠦᠷᠬᠦ ᠡᠳᠤᠷ ᠤᠭᠤᠳᠠ ᠳᠠᠭᠠᠨ ᠰᠢᠬᠢᠷ ᠪᠤᠤᠪᠤ᠂ ᠦᠷᠤᠮ᠎ᠠ᠂ ᠬᠤᠷᠤᠳ᠂ ᠰᠢᠷ᠎ᠠ ᠳᠤᠰᠤ ᠵᠡᠷᠭᠡ ᠶᠢ ᠬᠢᠵᠤ ᠶᠠᠪᠤᠭᠤᠯᠳᠠᠭ ᠨᠢ ᠤᠤᠭᠠᠨ ᠳᠦᠯ ᠢᠶᠠᠨ ᠳᠤᠰᠴᠤ᠂ ︽ᠤᠭᠤᠳᠠ ᠪᠠᠨ ᠮᠢᠯᠢᠶᠠᠵᠤ︾ ᠪᠠᠶᠢᠭ᠎ᠠ ᠶᠠᠪᠤᠳᠠᠯ ᠪᠤᠯᠤᠨ᠎ᠠ᠃ ᠳᠦᠯ ᠤᠨ ᠬᠦᠭ ᠤᠨ ᠦᠶᠡᠰ ᠲᠤ ᠦᠳᠡ ᠶᠢᠨ ᠭᠤᠤᠯ ᠢᠶᠠᠷ ᠬᠤᠨᠢ ᠪᠠᠨ ᠳᠤᠰᠴᠤ ᠬᠤᠷᠠᠭ᠎ᠠ ᠶᠢ ᠨᠢ ᠠᠪᠴᠢᠷᠠᠳᠠᠭ᠃ ᠬᠤᠨᠢ ᠳᠤᠰᠬᠤ ᠳᠤ ᠭᠡᠤᠭᠡᠳ ᠪᠠᠭᠠᠴᠤᠳ ᠤᠴᠢᠨ᠎ᠠ᠃ ᠬᠡᠷᠪᠡ ᠬᠤᠶᠠᠷ ᠠᠴᠠ ᠳᠡᠭᠡᠭᠰᠢ ᠢᠬᠢᠷᠡᠯᠡᠭᠰᠡᠨ ᠳᠦᠯ ᠭᠠᠷᠪᠠᠯ ᠭᠡᠳᠤᠨ ᠭᠡᠤᠭᠡᠳ ᠢ ᠤᠷᠤᠯᠳᠤᠭᠤᠯᠤᠨ ᠬᠦᠶᠤᠯᠭᠡᠵᠤ ᠢᠬᠢᠷ᠎ᠡ ᠳᠦᠯ ᠢ ᠳᠤᠰᠤᠭᠤᠯᠤᠨ᠂ ᠲᠡᠷᠢᠬᠦᠨ᠂ ᠳᠡᠳ᠋ ᠢ ᠨᠢ ᠱᠠᠩᠨᠠᠳᠠᠭ᠃ ᠮᠠᠯ ᠳᠦᠯᠯᠡᠵᠤ ᠪᠠᠶᠢᠭ᠎ᠠ ᠦᠶᠡᠰ ᠲᠤ ᠭᠡᠤᠭᠡᠳ ᠱᠠᠭ᠎ᠠ ᠨᠠᠭᠠᠳᠬᠤ ᠶᠢ ᠶᠡᠭᠡ ᠴᠡᠭᠡᠷᠯᠡᠳᠡᠭ᠃ ᠱᠠᠭ᠎ᠠ ᠨᠠᠭᠠᠳᠪᠠᠯ ᠮᠠᠶᠢᠭ ᠳᠦᠯ ᠭᠠᠷᠤᠨ᠎ᠠ ᠭᠡᠵᠤ ᠬᠡᠯᠡᠳᠡᠭ ᠶᠤᠮ᠃ ᠮᠠᠯ ᠳᠦᠯᠯᠠᠵᠤ ᠪᠠᠶᠢᠭ᠎ᠠ ᠢᠳᠡ ᠦᠶᠡᠰ ᠳᠦᠯ ᠢᠶᠠᠨ ᠳᠤᠭᠠᠯᠠᠬᠤ ᠶᠢ ᠴᠡᠭᠡᠷᠯᠡᠨ᠎ᠡ᠃ ᠬᠤᠷᠠᠭ᠎ᠠ ᠢᠰᠢᠭᠡ ᠴᠢᠮᠬᠢᠬᠦ ᠪᠤᠶᠤ ᠢᠮᠨᠡᠬᠦ ᠦᠶᠡᠰ ᠰᠠᠶ᠋ᠢ ᠳᠤᠭᠠᠯᠠᠯᠳᠠ ᠬᠢᠳᠡᠭ᠃  
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号