ᠠᠮᠤᠭᠤᠯᠠᠩᠳᠤ ᠲᠥᠷᠦ ᠶᠢᠨ ᠡᠵᠡᠨ ᠴᠢᠨᠢ ᠬᠡᠨ ᠬᠡᠳᠡᠭ ᠪᠤᠢ︖ | ᠠᠬᠤᠶᠢᠯᠠ ᠬᠤᠳᠠᠯᠠ ᠬᠤᠰᠢᠭᠤ ᠴᠢᠨᠢ ᠬᠡᠨ ᠬᠡᠳᠡᠭ ᠪᠤᠢ︖ | ᠠᠩᠬ᠎ᠠ ᠬᠠᠷᠢᠶᠠᠳᠤ ᠨᠤᠳᠤᠬ ᠴᠢᠨᠢ ᠬᠠᠮᠢᠭ᠎ᠠ ᠪᠠᠶᠢᠳᠠᠭ ᠪᠤᠢ︖ | ᠠᠬᠠᠮᠠᠳ ᠳᠡᠷᠢᠬᠦᠨ ᠤ ᠴᠢᠨᠢ ᠠᠯᠳᠠᠷ ᠬᠡᠨ ᠭᠡᠳᠡᠭ ᠪᠤᠢ︖ | ᠠᠶᠢᠯᠠᠳᠬᠠᠵᠤ ᠮᠡᠳᠡᠬᠦᠯᠬᠦ ᠦᠭᠡᠢ ᠶᠠᠭᠤᠨ ᠳᠤ ᠢᠷᠡᠪᠡ︖ | ᠠᠰᠠᠭᠤᠵᠤ ᠯᠠᠪᠯᠠᠬᠤ ᠦᠭᠡᠢ ᠶᠠᠭᠤᠨ ᠳᠤ ᠪᠠᠭᠤᠪᠠ︖ | ᠮᠠᠨ ᠤ ᠡᠨᠡ ᠭᠠᠵᠠᠷ ᠪᠤᠯᠪᠠᠰᠤ | ᠮᠠᠰᠢ ᠤᠩᠭᠤᠨ ᠳᠠᠷᠬᠠᠨ ᠭᠠᠵᠠᠷ ᠶᠤᠮ᠂ | ᠠᠷᠰᠯᠠᠨ ᠵᠠᠭᠠᠨ ᠬᠤᠶᠠᠷ ᠴᠦ ᠳᠤᠬᠯᠠᠳᠠᠬ ᠭᠠᠵᠠᠷ ᠶᠤᠮ᠂ | ᠠᠰᠠᠷ ᠳᠠᠬᠳᠤ ᠪᠠᠶᠢᠭᠤᠯᠵᠤ ᠴᠦ ᠪᠤᠯᠳᠠᠬ ᠭᠠᠵᠠᠷ ᠶᠤᠮ᠃ | ᠠᠶᠠᠨ ᠵᠠᠮ ᠤᠨ ᠮᠠᠶᠢᠬᠠᠨ ᠬᠥᠰᠭᠡ ᠲᠠᠢ | ᠠᠯᠤᠰ ᠬᠤᠯᠠ ᠶᠢᠨ ᠭᠠᠵᠠᠷ ᠢ ᠵᠤᠷᠢᠵᠤ᠂ | ᠠᠩ ᠬᠥᠷᠦᠭᠡ ᠬᠢᠬᠦ ᠪᠠᠷ ᠳᠠᠨᠠᠷ | ᠠᠬᠳᠠ ᠮᠤᠷᠢᠳ ᠢ ᠬᠦᠳᠦᠯᠵᠦ | ᠠᠳᠠᠨ ᠳᠡᠮᠡᠭᠡ ᠶᠢ ᠠᠴᠢᠶᠠᠯᠠᠨ | ᠠᠷᠭᠠᠢ ᠰᠠᠭᠠᠳᠠᠬ ᠢ ᠠᠬᠰᠤᠵᠤ ᠶᠠᠪᠤᠭ᠎ᠠ ᠤᠤ︖ | ᠤᠪᠤᠭ᠎ᠠ ᠪᠤᠯᠠᠬ ᠢ ᠳᠡᠬᠢᠬᠤ ᠬᠡᠵᠦ | ᠤᠩᠭᠤᠳ ᠰᠥᠯᠳᠠ ᠵᠠᠯᠠᠵᠤ ᠶᠠᠪᠤᠭ᠎ᠠ ᠤᠤ︖ | ᠤᠳᠤᠷ ᠬᠠᠶᠢᠳᠠᠭ ᠬᠢᠬᠦ ᠭᠡᠳ | ᠤᠯᠠᠨ ᠮᠠᠯ ᠬᠦᠳᠦᠯᠵᠦ ᠶᠠᠪᠤᠭ᠎ᠠ ᠤᠤ︖ | ᠠᠶᠢᠯ ᠤᠨ ᠭᠠᠳᠠᠨ᠎ᠠ ᠠᠷᠬᠠᠶᠢᠯᠴᠠᠵᠤ ᠵᠤᠬᠰᠤᠭ᠎ᠠ ᠳᠠᠨ ᠢ | ᠠᠰᠠᠭᠤᠵᠤ ᠯᠠᠪᠯᠠᠭᠠᠳ ᠳᠠᠭᠠᠭᠤᠯᠵᠤ ᠢᠷ᠎ᠡ ᠬᠡᠰᠡᠨ ᠪᠢᠯᠠ᠃ | ᠬᠥᠷᠭᠡᠨ ᠤ ᠭᠡᠯᠡᠮᠥᠷᠴᠢ ᠬᠠᠷᠢᠭᠤ ᠬᠡᠯᠡᠬᠦ ᠨᠢ᠄ | ᠠᠩᠬ᠎ᠠ ᠮᠠᠨ ᠤ ᠳᠡᠭᠡᠳᠦᠰ ᠢ ᠬᠡᠯᠡᠪᠡᠯ ᠪᠤᠬᠳᠠ ᠴᠢᠩᠬᠢᠰ ᠤᠨ ᠤᠬᠰᠠᠭ᠎ᠠ᠂ | ᠠᠶᠢᠮᠠᠭ ᠬᠠᠷᠢᠶᠠᠳᠤ ᠭᠠᠵᠠᠷ ᠢ ᠠᠰᠠᠭᠤᠪᠠᠯ ᠠᠷᠤ ᠰᠢᠯᠢ ᠶᠢᠨ ᠭᠤᠤᠯ᠂ | ᠠᠬᠠᠮᠠᠳ ᠳᠡᠷᠢᠬᠦᠨ ᠤ ᠠᠯᠳᠠᠷ ᠢ ᠬᠡᠯᠡᠪᠡᠯ ᠁ ᠭᠡᠳᠡᠭ᠂ | ᠠᠰᠢᠳᠠ ᠶᠢᠨ ᠨᠤᠲᠤᠬ ᠤᠰᠤ ᠶᠢ ᠠᠰᠠᠭᠤᠪᠠᠯ ᠁ ᠁ | ᠠᠰᠯᠠᠵᠤ ᠢᠷᠡᠭᠰᠡᠨ ᠬᠡᠷᠡᠭ ᠤᠴᠢᠷ ᠶᠠᠭᠤ ᠪᠤᠢ ᠭᠡᠬᠦᠯ᠎ᠡ᠂ | ᠠᠯᠳᠠᠨ ᠰᠦᠢ ᠨᠡᠬᠡᠮᠵᠢᠯᠡᠬᠦ ᠪᠠᠷ ᠪᠠᠷᠠᠭᠠᠳᠠᠵᠤ ᠢᠷᠡᠭᠰᠡᠨ ᠨᠢ ᠡᠨᠡ ᠪᠢᠯᠡ᠃ | ᠠᠮᠢᠳᠠᠨ ᠬᠦᠮᠦᠨ ᠢ ᠶᠡᠷᠦ ᠬᠠᠪᠢᠳᠠᠭᠤᠯᠳᠠᠬ ᠦᠭᠡᠢ᠂ | ᠤᠩᠭᠤᠨ ᠳᠠᠷᠬᠠᠨ ᠲᠡᠶᠢᠮᠦ ᠰᠥᠷᠡᠭᠡᠢ ᠭᠠᠵᠠᠷ ᠶᠤᠮ ᠪᠤᠯ | ᠠᠳᠠᠷ ᠭᠡᠭᠡᠷ᠎ᠡ ᠶᠢᠨ ᠪᠡᠯᠴᠢᠭᠡᠷ ᠡᠪᠡᠰᠦ ᠤᠷᠭᠤᠮᠠᠯ ᠨᠢ | ᠤᠳᠤ ᠤᠷᠢᠨ ᠰᠠᠯᠬᠢᠨ ᠳᠤ ᠭᠠᠩᠬᠤᠵᠤ ᠪᠠᠶᠢᠬᠤ ᠨᠢ ᠶᠠᠭᠠᠬᠢᠬᠰᠠᠨ ᠪᠤᠯ︖ | ᠠᠷᠰᠯᠠᠨ ᠵᠠᠭᠠᠨ ᠳᠤᠬᠯᠠᠳᠠᠬ ᠲᠡᠶᠢᠮᠦ ᠰᠥᠷᠡᠭᠡᠢ ᠭᠠᠵᠠᠷ ᠶᠤᠮ ᠪᠤᠯ | ᠠᠯᠳᠠᠨ ᠭᠠᠳᠠᠰᠤ ᠮᠥᠩᠬᠦᠨ ᠵᠠᠯ᠎ᠠ ᠴᠢᠨᠢ ᠬᠠᠮᠢᠭ᠎ᠠ ᠪᠠᠶᠢᠬᠤ ᠪᠤᠢ︖ | ᠠᠰᠠᠷ ᠳᠠᠬᠳᠤ ᠪᠠᠶᠢᠭᠤᠯᠬᠤ ᠲᠡᠶᠢᠮᠦ ᠵᠤᠬᠢᠰᠳᠠᠢ ᠭᠠᠵᠠᠷ ᠶᠤᠮ ᠪᠤᠯ | ᠠᠪᠤᠷᠭᠤ ᠮᠤᠳᠤ ᠪᠤᠷᠵᠢᠨ ᠴᠢᠯᠠᠭᠤ ᠴᠢᠨᠢ ᠬᠠᠮᠢᠭ᠎ᠠ ᠪᠠᠶᠢᠬᠤ ᠪᠤᠢ︖ | ᠤᠷᠤᠬ ᠮᠠᠨ ᠤ ᠢᠷᠡᠬᠦ ᠳᠤ ᠤᠬᠳᠤᠵᠤ ᠠᠪᠬᠤ ᠦᠭᠡᠢ ᠬᠠᠷᠢᠨ | ᠤᠷᠤᠬᠰᠢ ᠬᠤᠶᠢᠰᠢ ᠬᠥᠶᠦᠯᠳᠡᠨ ᠤᠰᠤ ᠠᠷᠭᠠᠯ ᠬᠡᠬᠦ ᠶᠠᠭᠤ ᠶᠤᠮ ᠪᠤᠢ︖ |