ᠲᠠᠶᠢᠹᠤᠰᠧ ᠬᠤᠰᠢᠭᠤᠨ ᠤ ᠰᠢᠩ ᠹᠦ᠋ ᠰᠢᠶᠠᠩ ᠤᠨ ᠴᠦᠩ ᠭᠤᠸᠠᠩ ᠲᠤᠰᠬᠤᠨ ᠤ ᠪᠠᠷᠠᠭᠤᠨ ᠡᠮᠦᠨ᠎ᠡ 1000 | ᠮᠧᠲᠷ ᠤᠨ ᠵᠠᠶᠢᠳᠠᠢ ᠦᠨᠳᠦᠷᠯᠢᠭ ᠭᠠᠵᠠᠷ ᠲᠤ ᠪᠤᠢ᠃ ᠵᠡᠬᠦᠨ ᠪᠠᠷᠠᠭᠤᠨᠰᠢ 16.6 ᠮᠧᠲᠷ᠂ ᠡᠮᠦᠨᠡᠰᠢ ᠬᠤᠶᠢᠰᠢ | 18.3 ᠮᠧᠲᠷ᠂ ᠲᠠᠯᠠᠪᠠᠢ ᠨᠢ 303.78 ᠬᠠᠪᠳᠠᠭᠠᠢ ᠲᠦᠷᠪᠡᠯᠵᠢᠨ ᠮᠧᠲᠷ᠃ ᠤᠩᠭᠤᠨ ᠤ ᠡᠮᠦᠨ᠎ᠡ 1.55 | ᠮᠧᠲᠷ ᠦᠨᠳᠦᠷ ᠂ 0.5 ᠮᠧᠲᠷ ᠵᠤᠵᠠᠭᠠᠨ᠂ ᠲᠡᠭᠡᠳᠦ ᠭᠡᠰᠡᠭ ᠤᠨ ᠦᠷᠭᠡᠨ ᠨᠢ1.10 ᠮᠧᠲᠷ᠂ ᠲᠤᠤᠷᠠᠳᠤ | ᠭᠡᠰᠡᠭ ᠤᠨ ᠦᠷᠭᠡᠨ ᠨᠢ 1.2 ᠮᠧᠲᠷ ᠤᠨ ᠴᠢᠯᠠᠭᠤᠨ ᠱᠤᠭᠤᠮᠠᠯ ᠬᠦᠮᠦᠨ ᠪᠤᠢ᠃ ᠲᠤᠰ ᠱᠤᠭᠤᠮᠠᠯ ᠤᠨ ᠲᠦᠷᠢ | ᠨᠢ ᠰᠦᠩ ᠤᠯᠤᠰ ᠤᠨ ᠨᠤᠶᠠᠨ ᠤ ᠮᠠᠯᠠᠭᠠᠢ ᠡᠮᠦᠰᠴᠦ᠂ ᠬᠤᠶᠠᠷ ᠭᠠᠷ ᠲᠠᠭᠠᠨ ᠨᠤᠶᠠᠳ ᠲᠦᠰᠢᠮᠡᠳ ᠤᠨ | ᠭᠡᠷᠡᠭᠯᠡᠳᠡᠭ ᠲᠡᠮᠳᠡᠭᠯᠡᠯ ᠤᠨ ᠬᠠᠪᠳᠠᠰᠤ ︵笏) ᠠᠳᠬᠤᠭᠠᠳ᠂ ᠲᠤᠩ ᠠᠮᠢᠳᠤ ᠲᠦᠷᠰᠦᠯᠢᠭ ᠪᠦᠳᠦᠭᠡᠵᠡᠢ᠃ | ᠤᠩᠭᠤᠨ ᠤ ᠠᠮᠠᠰᠠᠷ ᠢ 1 ᠮᠧᠲᠷ ᠦᠷᠭᠡᠨ᠂ 2.5 ᠮᠧᠲᠷ ᠤᠷᠳᠤ ᠬᠤᠶᠠᠷ ᠭᠡᠰᠡᠭ ᠴᠢᠯᠠᠭᠤᠨ ᠬᠠᠪᠳᠠᠰᠤ ᠪᠠᠷ | ᠪᠦᠳᠡᠭᠡᠵᠦ ᠲᠠᠷᠤᠭᠰᠠᠨ ᠪᠠᠶᠢᠪᠠ᠃ ᠤᠩᠭᠤᠨ ᠢ ᠤᠯᠠᠨ ᠤᠳᠠᠭ᠎ᠠ ᠬᠤᠯᠠᠭᠠᠶᠢᠯᠠᠵᠤ ᠮᠠᠯᠳᠠᠭᠰᠠᠨ ᠠᠴᠠ ᠪᠤᠯᠵᠤ᠂ | ᠲᠤᠳᠤᠷᠠᠬᠢ ᠱᠠᠷᠢᠯ ᠨᠢ ᠪᠤᠳᠠᠷᠠᠨ ᠭᠡᠭᠡᠭᠳᠡᠵᠦ᠂ ᠵᠦᠪᠬᠡᠨ ᠪᠠᠭ᠎ᠠ ᠰᠠᠭ᠎ᠠ ᠱᠠᠭᠠᠵᠠᠩ ᠤᠨ ᠬᠠᠭᠠᠷᠬᠠᠢ ᠤᠯᠳᠠᠭᠰᠠᠨ | ᠪᠠᠶᠢᠨ᠎ᠠ᠃ |