ᠬᠠᠭᠤᠴᠢ  ᠪᠠᠭᠤᠷᠢ — ᠬᠠᠰᠢᠶᠠᠳᠤ ᠳᠠᠬᠢ ᠮᠠᠨᠵᠤ ᠶᠢᠨ ᠬᠠᠭᠠᠨ ᠤ ᠠᠳᠤᠭᠤᠨ ᠬᠤᠷᠤᠭ᠎ᠠ
ᠨᠡᠶᠢᠲᠡᠯᠡᠭᠰᠡᠨ ᠴᠠᠭ᠄
2024/11/1
   ᠬᠠᠰᠢᠶᠠᠳᠤ ᠭᠠᠴᠠᠭᠠᠨ ᠤ ᠬᠤᠳᠠᠨ ᠲᠤᠮᠳᠠ ᠪᠠᠶᠢᠷᠢᠯᠠᠵᠤ ᠪᠠᠶᠢᠭ᠎ᠠ ᠲᠤᠰ ᠠᠳᠤᠭᠤᠨ ᠬᠤᠷᠤᠭ᠎ᠠ ᠶᠢ ᠡᠶᠡᠪᠡᠷ ᠵᠠᠰᠠᠭᠴᠢ ᠶᠢᠨ ᠵᠢᠷᠭᠤᠳᠤᠭᠠᠷ ᠤᠨ ᠠᠴᠠ ᠡᠩᠬᠡ  ᠠᠮᠤᠭᠤᠯᠠᠩ ᠤᠨ ᠬᠤᠷᠢᠨ ᠭᠤᠷᠪᠠᠳᠤᠭᠠᠷ ᠤᠨ ︵1644 — 1684︶   ᠤ ᠬᠤᠭᠤᠷᠤᠨᠳᠤ ᠪᠠᠶᠢᠭᠤᠯᠵᠤ᠂ ᠭᠤᠤᠯᠳᠠᠭᠤ  ᠲᠠᠶᠢᠹᠤᠰᠧ ᠵᠡᠬᠦᠨ ᠪᠠᠷᠠᠭᠤᠨ ᠭᠠᠷ  ᠰᠦᠷᠦᠭ ᠤᠨ ᠮᠠᠯᠴᠢᠨ ᠡᠷᠦᠬᠡ ᠠᠴᠠ ᠰᠠᠶᠢᠨ ᠠᠭᠳᠠ  ᠲᠠᠳᠠᠪᠤᠷᠢᠯᠠᠨ᠂ ᠲᠦᠪᠯᠡᠷᠡᠬᠦᠯᠦᠨ ᠮᠠᠯᠵᠢᠬᠤ ᠳᠤ ᠭᠡᠷᠡᠭᠯᠡᠵᠦ ᠪᠠᠶᠢᠵᠠᠢ᠃   ᠤᠳᠤ  ᠰᠠᠭᠤᠷᠢ ᠶᠢᠨ ᠦᠷᠭᠡᠨ ᠨᠢ 2 — 3 ᠮᠧᠲᠷ᠂  ᠦᠨᠳᠦᠷ ᠨᠢ 1 —2 ᠮᠧᠲᠷ ᠪᠦᠬᠦᠢ  6 ᠰᠠᠭᠤᠷᠢ ᠬᠤᠷᠤᠭᠠᠨ ᠤ ᠪᠠᠭᠤᠷᠢ  ᠬᠠᠷᠠᠭᠳᠠᠵᠤ ᠪᠤᠢ᠃  ᠠᠳᠤᠭᠤᠨ ᠬᠤᠷᠤᠭ᠎ᠠ ᠶᠢᠨ ᠶᠡᠷᠦᠩᠬᠡᠢ ᠲᠠᠯᠠᠪᠠᠢ ᠨᠢ 15700 ᠬᠠᠪᠳᠠᠭᠠᠢ ᠲᠦᠷᠪᠡᠯᠵᠢᠨ ᠮᠧᠲᠷ᠃   ᠡᠬᠦᠨ ᠳᠤ ᠵᠡᠬᠦᠨ ᠲᠠᠯ᠎ᠠ ᠶᠢᠨ 2 ᠬᠤᠷᠤᠭ᠎ᠠ ᠨᠢ  ᠨᠡᠶᠢᠯᠡᠭᠡᠳ ᠨᠢᠬᠡ  ᠲᠤᠮᠤ ᠬᠦᠷᠢᠶᠡᠨ ᠳᠤ ᠪᠠᠶᠢᠵᠤ᠂  ᠵᠡᠬᠦᠨᠰᠢ ᠪᠠᠷᠠᠭᠤᠨᠰᠢ ᠤᠷᠳᠤ ᠨᠢ 75 ᠮᠧᠲᠷ᠂ ᠡᠮᠦᠨᠡᠰᠢ ᠬᠤᠶᠢᠰᠢ ᠦᠷᠭᠡᠨ ᠨᠢ 30 ᠮᠧᠲᠷ᠂ ᠲᠠᠯᠠᠪᠠᠢ ᠨᠢ 4500 ᠬᠠᠪᠳᠠᠭᠠᠢ ᠲᠦᠷᠪᠡᠯᠵᠢᠨ ᠮᠧᠲᠷ᠃ ᠲᠡᠬᠦᠨ ᠠᠴᠠ ᠪᠠᠷᠠᠭᠤᠨᠰᠢ 15 ᠮᠧᠲᠷ ᠤᠨ ᠵᠠᠶᠢᠳᠠᠢ 4 ᠬᠤᠷᠤᠭ᠎ᠠ  ᠪᠠᠶᠢᠵᠤ᠂   ᠵᠡᠬᠦᠨᠰᠢ ᠪᠠᠷᠠᠭᠤᠨᠰᠢ ᠤᠷᠳᠤ ᠨᠢ 140 ᠮᠧᠲᠷ᠂ ᠡᠮᠦᠨᠡᠰᠢ ᠬᠤᠶᠢᠰᠢ ᠦᠷᠭᠡᠨ  ᠨᠢ 80 ᠮᠧᠲᠷ  ᠂ ᠲᠠᠯᠠᠪᠠᠢ ᠨᠢ 11200 ᠬᠠᠪᠳᠠᠭᠠᠢ ᠲᠦᠷᠪᠡᠯᠵᠢᠨ ᠮᠧᠲᠷ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号