ᠬᠠᠭᠤᠴᠢ  ᠪᠠᠭᠤᠷᠢ —  ᠮᠦᠷᠬᠦᠴᠡᠭ ᠲᠠᠬᠢ ᠴᠡᠷᠢᠭ ᠤᠨ ᠠᠭᠳᠠ ᠶᠢᠨ ᠲᠠᠯᠠᠪᠠᠢ
ᠨᠡᠶᠢᠲᠡᠯᠡᠭᠰᠡᠨ ᠴᠠᠭ᠄
2024/11/1
   ᠬᠦᠨᠪᠤᠯᠠᠭ ᠰᠤᠮᠤᠨ ᠤ ᠮᠦᠷᠬᠦᠴᠡᠭ ᠭᠠᠴᠠᠭᠠᠨ ᠤ ᠬᠤᠶᠢᠨ᠎ᠠ 3000 ᠮᠧᠲᠷ ᠤᠨ ᠵᠠᠶᠢᠳᠠᠢ ᠬᠠᠭᠠᠰ ᠬᠦᠳᠦᠯ  ᠳᠤ ᠪᠠᠶᠢᠷᠢᠯᠠᠵᠤ ᠪᠤᠢ᠃ 1935 ᠤᠨ ᠳᠤ ᠶᠠᠫᠤᠨ ᠴᠡᠷᠢᠭ ᠪᠤᠤᠴᠠᠩ ᠢ ᠡᠵᠡᠯᠡᠭᠰᠡᠨ ᠤ ᠲᠠᠷᠠᠭ᠎ᠠ ᠠᠳᠡ ᠬᠠᠮᠢᠭ᠎ᠠ ᠬᠠᠮᠢᠭᠠᠰᠢ ᠪᠠᠨ 300 ᠮᠧᠲᠷ ᠤᠨ ᠲᠡᠭᠰᠢ ᠲᠦᠷᠪᠡᠯᠵᠢᠨ ᠰᠢᠪᠠᠷ ᠬᠤᠷᠤᠭ᠎ᠠ  ᠪᠠᠶᠢᠭᠤᠯᠵᠤ᠂ ᠴᠡᠷᠢᠭ ᠤᠨ ᠠᠭᠳᠠ  ᠮᠠᠯᠵᠢᠬᠤ ᠲᠠᠯᠠᠪᠠᠢ ᠪᠤᠯᠭᠠᠵᠠᠢ᠂  ᠭᠡᠷᠡᠮ ᠤᠨ ᠦᠨᠳᠦᠷ ᠨᠢ ᠨᠡᠶᠢᠳᠡᠮ 5 ᠮᠧᠲᠷ  ᠂  3 ᠡᠬᠦᠳᠡ ᠲᠠᠢ᠂   ᠡᠮᠦᠨ᠎ᠡ  ᠡᠬᠦᠳᠡᠨ ᠤ ᠵᠡᠬᠦᠨ ᠲᠠᠯ᠎ᠠ ᠳᠤ ᠳ᠋ᠢᠶᠠᠮᠧᠲᠷ ᠨᠢ 32 ᠮᠧᠲᠷ ᠤᠨ ᠲᠤᠭᠤᠷᠢᠭ  ᠬᠡᠯᠪᠡᠷᠢ ᠲᠠᠢ ᠠᠳᠤᠭᠤ ᠬᠤᠷᠢᠬᠤ ᠬᠤᠷᠤᠭ᠎ᠠ 3 ᠰᠠᠭᠤᠷᠢ  ᠪᠠᠶᠢᠪᠠ᠃  ᠪᠠᠭᠤᠷᠢ ᠶᠢᠨ ᠵᠡᠬᠦᠨ ᠬᠤᠶᠢᠳᠤ ᠭᠡᠰᠡᠭ ᠲᠤ  54 ᠮᠧᠲᠷ ᠤᠷᠳᠤ᠂ 10 ᠮᠧᠲᠷ ᠦᠷᠭᠡᠨ ᠲᠤᠭᠤᠰᠬᠠᠨ ᠪᠠᠶᠢᠰᠢᠩ ᠭᠤᠷᠪᠠᠨ ᠮᠦᠷ ᠪᠠᠶᠢᠭᠰᠠᠨ ᠨᠢ ᠠᠮᠤ ᠪᠤᠳᠠᠭ᠎ᠠ ᠪᠠ ᠲᠡᠵᠢᠬᠡᠯ ᠪᠤᠷᠳᠤᠭ᠎ᠠ ᠬᠠᠳᠠᠭᠠᠯᠠᠬᠤ ᠬᠦᠮᠦᠷᠭᠡ  ᠪᠠᠶᠢᠵᠤ᠂ ᠪᠠᠷᠠᠭᠤᠨ ᠬᠤᠶᠢᠳᠤ ᠭᠡᠰᠡᠭ ᠲᠤ ᠪᠠᠶᠢᠭ᠎ᠠ  ᠠᠳᠠᠯᠢ ᠪᠤᠰᠤ ᠲᠠᠯᠠᠪᠠᠢ ᠪᠦᠬᠦᠢ 7 ᠰᠠᠭᠤᠷᠢ ᠪᠠᠶᠢᠰᠢᠩ ᠨᠢ ᠶᠠᠫᠤᠨ ᠴᠡᠷᠢᠭ ᠤᠨ ᠤᠷᠤᠨ ᠰᠠᠭᠤᠴᠠ ᠪᠠᠶᠢᠯ᠎ᠠ ᠭᠡᠳᠡᠭ᠃  ᠲᠤᠮᠳᠠ ᠭᠡᠰᠡᠭ ᠲᠤ ᠪᠠᠰᠠ ᠨᠢᠬᠡ ᠲᠤᠳᠤᠷᠠᠬᠢ ᠶᠢ ᠨᠢ  ᠽᠧᠮᠧᠨ᠋ᠲ ᠪᠠᠷ ᠰᠢᠪᠠᠭᠰᠠᠨ ᠠᠭᠤᠯᠠᠨ ᠠᠭᠤᠢ ᠲᠠᠢ  ᠂  ᠡᠨᠡ ᠨᠢ ᠶᠠᠫᠤᠨ ᠴᠡᠷᠢᠭ ᠤᠨ  ᠫᠤᠤ ᠵᠡᠪᠰᠡᠭ ᠤᠨ ᠬᠦᠮᠦᠷᠭᠡ ᠪᠠᠶᠢᠵᠠᠢ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号