ᠬᠦᠨᠪᠤᠯᠠᠭ ᠰᠤᠮᠤᠨ ᠤ ᠮᠦᠷᠬᠦᠴᠡᠭ ᠭᠠᠴᠠᠭᠠᠨ ᠤ ᠬᠤᠶᠢᠨ᠎ᠠ 3000 ᠮᠧᠲᠷ ᠤᠨ ᠵᠠᠶᠢᠳᠠᠢ ᠬᠠᠭᠠᠰ ᠬᠦᠳᠦᠯ | ᠳᠤ ᠪᠠᠶᠢᠷᠢᠯᠠᠵᠤ ᠪᠤᠢ᠃ 1935 ᠤᠨ ᠳᠤ ᠶᠠᠫᠤᠨ ᠴᠡᠷᠢᠭ ᠪᠤᠤᠴᠠᠩ ᠢ ᠡᠵᠡᠯᠡᠭᠰᠡᠨ ᠤ ᠲᠠᠷᠠᠭ᠎ᠠ ᠠᠳᠡ ᠬᠠᠮᠢᠭ᠎ᠠ | ᠬᠠᠮᠢᠭᠠᠰᠢ ᠪᠠᠨ 300 ᠮᠧᠲᠷ ᠤᠨ ᠲᠡᠭᠰᠢ ᠲᠦᠷᠪᠡᠯᠵᠢᠨ ᠰᠢᠪᠠᠷ ᠬᠤᠷᠤᠭ᠎ᠠ ᠪᠠᠶᠢᠭᠤᠯᠵᠤ᠂ ᠴᠡᠷᠢᠭ ᠤᠨ ᠠᠭᠳᠠ | ᠮᠠᠯᠵᠢᠬᠤ ᠲᠠᠯᠠᠪᠠᠢ ᠪᠤᠯᠭᠠᠵᠠᠢ᠂ ᠭᠡᠷᠡᠮ ᠤᠨ ᠦᠨᠳᠦᠷ ᠨᠢ ᠨᠡᠶᠢᠳᠡᠮ 5 ᠮᠧᠲᠷ ᠂ 3 ᠡᠬᠦᠳᠡ ᠲᠠᠢ᠂ ᠡᠮᠦᠨ᠎ᠡ | ᠡᠬᠦᠳᠡᠨ ᠤ ᠵᠡᠬᠦᠨ ᠲᠠᠯ᠎ᠠ ᠳᠤ ᠳ᠋ᠢᠶᠠᠮᠧᠲᠷ ᠨᠢ 32 ᠮᠧᠲᠷ ᠤᠨ ᠲᠤᠭᠤᠷᠢᠭ ᠬᠡᠯᠪᠡᠷᠢ ᠲᠠᠢ ᠠᠳᠤᠭᠤ ᠬᠤᠷᠢᠬᠤ | ᠬᠤᠷᠤᠭ᠎ᠠ 3 ᠰᠠᠭᠤᠷᠢ ᠪᠠᠶᠢᠪᠠ᠃ ᠪᠠᠭᠤᠷᠢ ᠶᠢᠨ ᠵᠡᠬᠦᠨ ᠬᠤᠶᠢᠳᠤ ᠭᠡᠰᠡᠭ ᠲᠤ 54 ᠮᠧᠲᠷ ᠤᠷᠳᠤ᠂ 10 | ᠮᠧᠲᠷ ᠦᠷᠭᠡᠨ ᠲᠤᠭᠤᠰᠬᠠᠨ ᠪᠠᠶᠢᠰᠢᠩ ᠭᠤᠷᠪᠠᠨ ᠮᠦᠷ ᠪᠠᠶᠢᠭᠰᠠᠨ ᠨᠢ ᠠᠮᠤ ᠪᠤᠳᠠᠭ᠎ᠠ ᠪᠠ ᠲᠡᠵᠢᠬᠡᠯ ᠪᠤᠷᠳᠤᠭ᠎ᠠ | ᠬᠠᠳᠠᠭᠠᠯᠠᠬᠤ ᠬᠦᠮᠦᠷᠭᠡ ᠪᠠᠶᠢᠵᠤ᠂ ᠪᠠᠷᠠᠭᠤᠨ ᠬᠤᠶᠢᠳᠤ ᠭᠡᠰᠡᠭ ᠲᠤ ᠪᠠᠶᠢᠭ᠎ᠠ ᠠᠳᠠᠯᠢ ᠪᠤᠰᠤ ᠲᠠᠯᠠᠪᠠᠢ ᠪᠦᠬᠦᠢ 7 | ᠰᠠᠭᠤᠷᠢ ᠪᠠᠶᠢᠰᠢᠩ ᠨᠢ ᠶᠠᠫᠤᠨ ᠴᠡᠷᠢᠭ ᠤᠨ ᠤᠷᠤᠨ ᠰᠠᠭᠤᠴᠠ ᠪᠠᠶᠢᠯ᠎ᠠ ᠭᠡᠳᠡᠭ᠃ ᠲᠤᠮᠳᠠ ᠭᠡᠰᠡᠭ ᠲᠤ ᠪᠠᠰᠠ | ᠨᠢᠬᠡ ᠲᠤᠳᠤᠷᠠᠬᠢ ᠶᠢ ᠨᠢ ᠽᠧᠮᠧᠨ᠋ᠲ ᠪᠠᠷ ᠰᠢᠪᠠᠭᠰᠠᠨ ᠠᠭᠤᠯᠠᠨ ᠠᠭᠤᠢ ᠲᠠᠢ ᠂ ᠡᠨᠡ ᠨᠢ ᠶᠠᠫᠤᠨ ᠴᠡᠷᠢᠭ ᠤᠨ | ᠫᠤᠤ ᠵᠡᠪᠰᠡᠭ ᠤᠨ ᠬᠦᠮᠦᠷᠭᠡ ᠪᠠᠶᠢᠵᠠᠢ᠃ |