ᠤᠯᠠᠮᠵᠢᠯᠠᠯᠳᠤ  ᠬᠡᠦᠭᠡᠳ ᠤᠨ ᠲᠤᠭᠯᠠᠭᠠᠮ  — ᠡᠯᠢᠶ᠎ᠡ ᠰᠢᠬᠦᠷᠬᠦ
ᠨᠡᠶᠢᠲᠡᠯᠡᠭᠰᠡᠨ ᠴᠠᠭ᠄
2023/4/11
     ᠨᠢᠬᠡ ᠬᠡᠦᠭᠡᠳ ᠡᠯᠢᠶ᠎ᠡ ᠪᠤᠯᠵᠤ᠂ ᠪᠤᠰᠤᠳ ᠬᠡᠦᠭᠡᠳ ᠬᠤᠷᠠᠭ᠎ᠠ ᠢᠰᠢᠭᠡ ᠪᠤᠯᠵᠤ ᠲᠤᠭᠯᠠᠨ᠎ᠠ᠃ ᠬᠤᠷᠠᠭ᠎ᠠ ᠢᠰᠢᠭᠡ ᠪᠤᠯᠤᠭᠰᠠᠨ ᠭᠡᠦᠭᠡᠳ ᠨᠢᠬᠡ ᠶᠢ ᠪᠠᠨ ᠡᠮᠦᠨ᠎ᠡ ᠪᠠᠨ ᠭᠠᠷᠭᠠᠵᠤ ᠬᠠᠮᠠᠭᠠᠯᠠᠭᠴᠢ ᠪᠤᠯᠭᠠᠨ᠎ᠠ᠃ ᠲᠡᠭᠡᠭᠡᠳ ᠬᠤᠷᠮᠤᠢ ᠬᠤᠷᠮᠤᠢ ᠠᠴᠠ ᠪᠠᠨ ᠪᠠᠷᠢᠨ ᠴᠤᠪᠤᠷᠠᠯᠳᠤᠵᠤ ᠵᠤᠭᠰᠤᠭᠠᠳ ᠪᠡᠯᠡᠳᠭᠡᠭᠰᠡᠨ ᠤ ᠲᠠᠷᠠᠭ᠎ᠠ᠂  ᠡᠯᠢᠶ᠎ᠡ ᠰᠢᠬᠦᠷᠡᠯᠳᠡ ᠪᠠᠨ ᠡᠬᠢᠯᠡᠨ᠎ᠡ᠃ ᠡᠯᠢᠶ᠎ᠡ ᠪᠤᠯᠤᠭᠰᠠᠨ ᠬᠡᠦᠭᠡᠳ ᠵᠡᠬᠦᠨᠰᠢ ᠪᠠᠷᠠᠭᠤᠨᠰᠢ ᠲᠤᠭᠤᠷᠢᠵᠤ ᠪᠤᠯᠳᠠᠭᠰᠠᠭᠠᠷ ᠪᠠᠶᠢᠭᠠᠳ ᠴᠤᠪᠤᠭ᠎ᠠ ᠶᠢ ᠰᠠᠮᠠᠭᠤᠷᠠᠭᠤᠯᠵᠤ᠂ ᠬᠠᠮᠤᠭ ᠡᠴᠦᠰ ᠤᠨ ᠬᠡᠦᠭᠡᠳ ᠢ ᠪᠠᠷᠢᠵᠤ ᠠᠪᠬᠤ ᠪᠠᠷ  ᠴᠢᠷᠮᠠᠶᠢᠨ᠂ ᠬᠠᠮᠠᠭᠠᠯᠠᠭᠴᠢ ᠪᠤᠯᠤᠭᠰᠠᠨ ᠬᠡᠦᠭᠡᠳ ᠡᠯᠢᠶ᠎ᠡ ᠶᠢ ᠬᠠᠰᠢᠵᠤ ᠪᠤᠰᠤᠳ ᠲᠠᠭᠠᠨ ᠤᠶᠢᠷᠠᠳᠤᠭᠤᠯᠬᠤ ᠦᠬᠡᠢ ᠪᠠᠷ ᠴᠢᠷᠮᠠᠶᠢᠨ᠎ᠠ᠃  ᠴᠤᠪᠤᠭᠠᠨ ᠤ ᠬᠡᠦᠬᠡᠳ ᠤᠳ ᠬᠠᠮᠠᠭᠠᠯᠠᠭᠴᠢ ᠶᠢ ᠲᠠᠭᠠᠨ ᠲᠤᠳᠠᠭᠠᠵᠤ ᠵᠠᠶᠢᠯᠠᠬᠤ ᠳᠠᠭᠠᠨ ︽ᠡᠯᠢᠶ᠎ᠡ ᠡᠯᠢᠶ᠎ᠡ ᠢᠷᠡᠪᠡᠯ ᠡᠷᠡᠦ ᠶᠢ ᠴᠢᠨᠢ ᠠᠪᠤᠶ᠎ᠠ᠂ ᠲᠠᠬᠢᠨ ᠲᠠᠬᠢᠨ ᠢᠷᠡᠪᠡᠯ ᠲᠠᠯᠠᠪᠴᠢ ᠶᠢ ᠴᠢᠨᠢ ᠠᠪᠤᠶ᠎ᠠ︾ ᠭᠡᠮᠡᠨ ᠬᠠᠰᠬᠢᠷᠤᠯᠳᠤᠨ᠎ᠠ᠃ ᠡᠯᠢᠶ᠎ᠡ ᠠᠷᠭᠠᠯᠠᠨ ᠪᠠᠶᠢᠵᠤ ᠴᠤᠪᠤᠭᠠᠨ ᠲᠤᠳᠤᠷ᠎ᠠ ᠠᠴᠠ ᠨᠢᠬᠡ ᠬᠡᠦᠭᠡᠳ ᠰᠢᠬᠦᠷᠡᠭᠡᠳ ᠪᠠᠷᠢᠪᠠᠯ᠂  ᠪᠠᠷᠢᠭᠳᠠᠭᠰᠠᠨ ᠬᠡᠦᠭᠡᠳ ᠲᠠᠬᠢᠨ ᠡᠯᠢᠶ᠎ᠡ ᠪᠤᠯᠵᠤ ᠦᠷᠬᠦᠯᠵᠢᠯᠡᠨ ᠲᠤᠭᠯᠠᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号